ᠪᠠᠭᠰᠢ ᠮᠢᠨᠢ ᠮᠠᠨ ᠳᠤ ᠳᠠᠭᠤᠤ ᠵᠢᠭᠠᠯ᠎ᠠ – ᠭᠦᠷᠵᠠᠪ Багш минь манд дуу заалаа – Гүржав
ᠪᠠᠭᠰᠢ ᠮᠢᠨᠢ ᠮᠠᠨ ᠳᠤ ᠳᠠᠭᠤᠤ ᠵᠢᠭᠠᠯ᠎ᠠ
ᠭᠦᠷᠵᠠᠪ
ᠪᠠᠭᠰᠢ ᠮᠢᠨᠢ ᠮᠠᠨ ᠳᠤ ᠳᠠᠭᠤᠤ ᠵᠢᠭᠠᠯ᠎ᠠ
ᠪᠠᠶᠠᠯᠢᠬ ᠰᠣᠲᠣᠨ ᠬᠡᠯᠡ ᠰᠡᠤᠠᠬᠢᠴᠡ ᠲᠡᠢ
ᠪᠠᠬᠠᠷᠠᠮ᠎ᠠ ᠰᠠᠶ᠋ᠢᠬᠠᠨ ᠠᠭᠤᠯᠬ᠋᠎ᠠ ᠰᠡᠲᠦᠪ ᠲᠡᠢ
ᠪᠠᠲᠠᠭ ᠪᠦᠷᠢ ᠨᠢ ᠤᠴᠢᠷ ᠶᠣᠰᠣ ᠲᠠᠢ
ᠪᠠᠷᠢᠨ ᠳᠠᠭᠤᠯᠠᠬᠤ ᠳᠤ ᠡᠪ ᠵᠦᠢ ᠲᠡᠢ
ᠪᠠᠭᠲᠠᠭᠠᠮᠵᠢ ᠠᠭᠤᠵᠢᠮ ᠳᠠᠭᠤᠤ ᠵᠢᠭᠠᠯ᠎ᠠ
ᠪᠠᠭᠠᠲᠤᠷᠴᠤᠳ ᠠ᠋ᠴᠠ ᠰᠤᠷᠤᠯᠴᠠᠶ᠎ᠠ ᠭᠡᠵᠦ ᠵᠢᠭᠠᠯ᠎ᠠ
ᠪᠠᠬ᠋᠎ᠠ ᠨᠥᠬᠥᠳ ᠶ᠋ᠢᠡᠨ ᠬᠠᠪᠰᠤᠷᠤᠶ᠎ᠠ ᠭᠡᠵᠦ ᠵᠢᠭᠠᠯ᠎ᠠ
ᠪᠠᠷᠲᠠᠬ᠋ᠠ ᠪᠡᠷᠬᠡ ᠶ᠋ᠢ ᠳᠠᠪᠠᠶ᠎ᠠ ᠭᠡᠵᠦ ᠵᠢᠭᠠᠯ᠎ᠠ
ᠪᠠᠶ᠋ᠢᠭᠤᠯᠬᠤ ᠵᠦᠢᠯᠡᠰ ᠲᠡᠭᠡᠨ ᠵᠢᠤᠠᠬᠦᠶᠡ ᠭᠡᠵᠦ ᠵᠢᠭᠠᠯ᠎ᠠ
ᠪᠠᠰᠠ ᠲᠡᠭᠡᠭᠡᠳ 《 ᠬᠠᠪᠤᠷ 》 ᠭᠡᠵᠦ ᠵᠢᠭᠠᠯ᠎ᠠ
ᠪᠠᠤᠠᠮ᠎ᠠ ᠴᠡᠴᠡᠭ ᠳᠡᠯᠭᠡᠷᠡᠨ᠎ᠡ ᠭᠡᠵᠦ ᠵᠢᠭᠠᠯ᠎ᠠ
ᠪᠠᠶᠠᠨ ᠬᠤᠷ᠎ᠠ ᠱᠠᠭᠢᠨ᠎ᠠ ᠭᠡᠵᠦ ᠵᠢᠭᠠᠯ᠎ᠠ
ᠪᠢᠯᠵᠤᠤᠬᠠᠢ ᠰᠢᠪᠠᠭᠤ ᠵᠢᠷᠭᠢᠨ᠎ᠡ ᠭᠡᠵᠦ ᠵᠢᠭᠠᠯ᠎ᠠ ᠁
ᠪᠠᠭᠰᠢ ᠮᠢᠨᠢ ᠮᠠᠨ ᠳᠤ ᠳᠠᠭᠤᠤ ᠵᠢᠭᠠᠯ᠎ᠠ
ᠨᠡᠶ᠋ᠢᠭᠡᠮ ᠵᠢᠷᠤᠮ ᠰᠠᠶ᠋ᠢᠨ ᠭᠡᠵᠦ ᠵᠢᠭᠠᠯ᠎ᠠ
ᠨᠡᠶ᠋ᠢᠲᠡ ᠳᠠᠶᠠᠭᠠᠷ ᠲᠠᠪᠰᠢᠨ᠎ᠠ ᠭᠡᠵᠦ ᠵᠢᠭᠠᠯ᠎ᠠ
ᠨᠢᠬᠲᠠᠷᠠᠯ ᠪᠦᠯᠬᠦᠮᠲᠡᠯ ᠪᠣᠯ ᠬᠦᠴᠦᠨ ᠭᠡᠵᠦ ᠵᠢᠭᠠᠯ᠎ᠠ
ᠨᠢᠲᠤᠷᠬ᠋ᠠ ᠡᠷᠭᠢᠭᠦᠯᠪᠡᠯ ᠪᠤᠲᠠᠷᠠᠨ᠎ᠠ ᠭᠡᠵᠦ ᠵᠢᠭᠠᠯ᠎ᠠ
ᠨᠢᠮᠪᠠᠢ ᠰᠤᠷᠤᠯᠴᠠᠪᠠᠯ ᠲᠠᠪᠰᠢᠲᠠᠭ ᠭᠡᠵᠦ ᠵᠢᠭᠠᠯ᠎ᠠ
ᠴᠢᠮᠪᠠᠢ ᠰᠡᠤᠠᠬᠢᠪᠡᠯ ᠴᠢᠬᠢᠷᠠᠭᠵᠢᠲᠠᠭ ᠭᠡᠵᠦ ᠵᠢᠭᠠᠯ᠎ᠠ
ᠨᠢᠰᠦ ᠪᠡᠨ ᠱᠦᠭᠦᠷᠡᠭᠦᠯᠪᠡᠯ ᠰᠢᠪᠰᠢᠭ ᠭᠡᠵᠦ ᠵᠢᠭᠠᠯ᠎ᠠ ᠁
ᠠᠬᠠᠰ ᠵᠠᠬᠠᠰ ᠶ᠋ᠢᠠᠨ ᠬᠦᠨᠲᠦᠯᠡᠶᠡ ᠭᠡᠵᠦ ᠵᠢᠭᠠᠯ᠎ᠠ
ᠠᠮᠤ ᠪᠤᠲᠠᠬ᠋᠎ᠠ ᠪᠠᠨ ᠠᠷᠪᠢᠯᠠᠶᠠ ᠭᠡᠵᠦ ᠵᠢᠭᠠᠯ᠎ᠠ
ᠠᠰᠢᠬᠲᠤ ᠠᠮᠢᠲᠠᠨ ᠊ᠢ ᠬᠠᠮᠠᠭᠠᠯᠠᠶ᠎ᠠ ᠭᠡᠵᠦ ᠵᠢᠭᠠᠯ᠎ᠠ
ᠠᠩᠬᠢ ᠶ᠋ᠢᠨ ᠲᠤᠭ ᠶ᠋ᠢᠠᠨ ᠮᠠᠨᠲᠤᠭᠤᠯᠤᠶᠠ ᠭᠡᠵᠦ ᠵᠢᠭᠠᠯ᠎ᠠ
ᠪᠠᠭᠰᠢ ᠮᠢᠨᠢ ᠮᠠᠨ ᠳᠤ ᠳᠠᠭᠤᠤ ᠵᠢᠭᠠᠯ᠎ᠠ
ᠪᠠᠶᠠᠰᠤᠯ ᠵᠢᠷᠭᠠᠯ ᠊ᠢ ᠮᠠᠨ ᠳᠤ ᠠᠪᠴᠢᠷᠠᠯ᠎ᠠ
ᠪᠠᠶᠠᠷ ᠴᠡᠩᠭᠡᠯ ᠊ᠢ ᠪᠢᠲᠡᠨ ᠳᠤ ᠣᠯᠭᠣᠯᠠ ᠂
ᠪᠠᠶ᠋ᠢᠲᠠᠭ ᠶᠠᠲᠠᠷᠠᠬ᠋ᠠ ᠮᠢᠨᠢ ᠲᠠᠶ᠋ᠢᠯᠤᠭᠲᠠᠵᠤ ᠠᠷᠢᠯᠤᠯ᠎ᠠ
ᠪᠠᠬᠠᠲᠠᠢ ᠰᠤᠷᠤᠯᠴᠠᠬᠤ ᠵᠣᠷᠢᠬ ᠮᠢᠨᠢ ᠣᠷᠭᠢᠯᠤᠯᠠ ᠁
ᠢᠷᠡᠯᠲᠡ – ᠬᠡᠤᠭᠡᠳ ᠨᠠᠰᠤ ᠰᠠᠶ᠋ᠢᠬᠠᠨ
ᠭᠦᠷᠵᠠᠪ ᠵᠣᠬᠢᠶᠠᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠪᠠᠶᠠᠷᠴᠡᠴᠡᠭ
ᠦᠰᠦᠭ ᠬᠢᠨᠠᠭᠴᠢ ᠄ ᠪᠠᠶᠠᠷᠴᠡᠴᠡᠭ
2023 ᠣᠨ ᠪ 3 ᠰᠠᠷ᠎ᠠ ᠶ᠋ᠢᠨ 2 ᠪ ᠡᠲᠦᠷ
