ᠣᠨ ᠴᠠᠭ ᠦ᠋ᠨ ᠰᠠᠯᠬᠢᠨ – ᠭ ᠂ ᠴᠢᠩᠪᠠᠭᠠᠲᠤᠷ Он цагийн салхин – Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠣᠨ ᠴᠠᠭ ᠦ᠋ᠨ ᠰᠠᠯᠬᠢᠨ – ᠭ ᠂ ᠴᠢᠩᠪᠠᠭᠠᠲᠤᠷ Он цагийн салхин – Г ᠂ Чинбаатар

ᠣᠨ ᠴᠠᠭ ᠦ᠋ᠨ ᠰᠠᠯᠬᠢᠨ – ᠭ ᠂ ᠴᠢᠩᠪᠠᠭᠠᠲᠤᠷ Он цагийн салхин – Г ᠂ Чинбаатар

2023-03-05

261

ᠣᠨ ᠴᠠᠭ ᠦ᠋ᠨ ᠰᠠᠯᠬᠢᠨ


                  ᠭ ᠂ ᠴᠢᠩᠪᠠᠭᠠᠲᠤᠷ

  ᠬᠡᠷᠪᠡ ᠣᠨ ᠰᠠᠷ᠎ᠠ ᠎ᠶ᠋ᠢ ᠠᠷᠭᠠᠮᠵᠢᠵᠤ ᠪᠣᠯᠳᠠᠭ ᠪᠣᠯ
  ᠬᠡᠨᠵᠡᠭᠡᠨ ᠲᠡᠷᠡ ᠬᠠᠪᠤᠷ ᠎ ᠊ᠢ ᠳᠡᠷᠭᠡᠳᠡ ᠪᠡᠨ ᠪᠠᠶ᠋ᠢᠯᠭᠠᠬᠤ ᠰᠠᠨ
  ᠬᠡᠷᠪᠡ ᠣᠨ  ᠰᠠᠷ᠎ᠠ ᠎ᠶ᠋ᠢ  ᠠᠯᠲᠠᠴᠢᠬᠠᠭᠰᠠᠨ ᠴᠤ᠌
  ᠬᠡᠵᠢᠶᠡᠳᠡ ᠲᠡᠷᠡ ᠬᠠᠪᠤᠷ ᠎ ᠊ᠢ ᠰᠡᠳᠬᠢᠯ ᠳ᠋ᠡᠭᠡᠨ  ᠮᠥᠩᠬᠡᠯᠡᠬᠦ ᠰᠡᠨ
  ᠤᠷᠤᠭᠤᠯ ᠶ᠋ᠢᠠᠷ ᠶ᠋ᠢᠠᠨ ᠠᠭᠤᠰᠤᠭᠰᠠᠨ ᠬᠣᠶᠠᠷ ᠊ᠢ
  ᠤᠳᠠᠭᠠᠨ ᠵᠣᠭᠰᠣᠭᠠᠭᠰᠠᠨ ᠭᠤᠳᠤᠮᠵᠢ ᠁
  ᠠᠭᠤᠯᠵᠠᠬᠤ ᠪᠠᠷ ᠶᠠᠭᠠᠷᠠᠭᠰᠠᠨ ᠬᠣᠶᠠᠷ ᠊ᠢ
  ᠤᠴᠠᠭᠠᠷ ᠬᠦᠷᠭᠡᠭᠰᠡᠨ  ᠴᠠᠭ ᠁
  ᠪᠣᠷᠣᠭᠠᠨ ᠲᠠᠢ ᠨᠢᠭᠡᠨ ᠡᠳᠦᠷ
  ᠬᠤᠷᠢᠮ ᠶ᠋ᠢᠠᠨ ᠬᠢᠭᠰᠡᠨ  ᠬᠡᠶ᠋ᠢᠷᠬᠡᠯ ᠁
  ᠪᠤᠴᠠᠭᠠᠳ ᠭᠡᠨᠡᠳᠲᠡ ᠬᠠᠷᠠᠬᠤ ᠎ᠳ᠋ᠤ᠌
  ᠭᠤᠴᠢ ᠶ᠋ᠢᠨ ᠥᠨᠳᠥᠷ ᠳᠠᠪᠠᠭ᠎ᠠ ᠁
  ᠶᠠᠭᠠᠬᠢᠭᠰᠠᠨ ᠲᠦᠷᠭᠡᠨ ᠤᠷᠤᠰᠬᠤ ᠴᠠᠭ ᠮᠥᠴᠡ ᠪᠣᠢ
  ᠶᠠᠭ ᠯᠠ ᠰᠠᠯᠬᠢᠨ ᠰᠢᠭ᠋ ᠁
  ᠶᠠᠭᠠᠬᠢᠭᠰᠠᠨ ᠰᠦᠷᠡᠬᠡᠢ ᠰᠠᠨᠠᠭᠳᠠᠬᠤ ᠣᠨ ᠰᠠᠷ᠎ᠠ ᠪᠣᠢ
  ᠶᠠᠭ ᠯᠠ ᠰᠠᠶᠢᠬᠠᠨ ᠰᠢᠭ᠋ ᠁
    
                 2006.10.1 ᠰᠥᠨᠢ ᠶ᠋ᠢᠨ ᠨᠢᠭᠡ ᠴᠠᠭ ᠬᠣᠷᠢ ᠎ᠳ᠋ᠤ᠌
 
          ᠦᠰᠦᠭ ᠠᠮᠢᠯᠠᠭᠤᠯᠤᠭᠴᠢ ᠄  ᠿᠦᠩ ᠰᠢ
                ᠬᠢᠨᠠᠭᠴᠢ ᠄ ᠪᠠᠯᠵᠢ ᠪᠠᠭᠰᠢ