ᠪᠢ ᠮᠣᠩᠭᠣᠯ ᠪᠢᠴᠢᠭ ᠢᠶᠠᠨ ᠰᠤᠷᠤᠨ᠎ᠠБи монгол бичгээ сурна ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠢ ᠮᠣᠩᠭᠣᠯ ᠪᠢᠴᠢᠭ ᠢᠶᠠᠨ ᠰᠤᠷᠤᠨ᠎ᠠБи монгол бичгээ сурна

ᠪᠢ ᠮᠣᠩᠭᠣᠯ ᠪᠢᠴᠢᠭ ᠢᠶᠠᠨ ᠰᠤᠷᠤᠨ᠎ᠠБи монгол бичгээ сурна

2023-03-04

304

   ᠯ · ᠣᠲᠣᠨ
ᠪᠢ ᠮᠣᠩᠭᠣᠯ ᠪᠢᠴᠢᠭ ᠶ᠋ᠢᠡᠨ ᠰᠤᠷᠤᠨ᠎ᠠ
ᠪᠡᠶ᠎ᠡ ᠲᠡᠢ ᠮᠢᠨᠢ ᠠᠲᠠᠯᠢ ᠵᠣᠭᠰᠣᠬ᠋᠎ᠠ
ᠮᠣᠩᠭᠣᠯ ᠪᠢᠴᠢᠭ ᠶ᠋ᠢᠡᠨ ᠰᠤᠷᠤᠨ᠎ᠠ
ᠪᠢᠷ ᠲᠡᠢ ᠮᠢᠨᠢ ᠠᠲᠠᠯᠢ ᠪᠣᠰᠤᠬ᠋᠎ᠠ
ᠮᠥᠩᠬᠡ ᠰᠣᠶᠣᠯ ᠶ᠋ᠢᠠᠨ ᠰᠤᠷᠤᠨ᠎ᠠ
ᠤᠩᠰᠢᠭᠠᠳ ᠰᠠᠭᠤᠬᠤ ᠳᠦ ᠣᠶᠤᠨ ᠨᠡᠭᠡᠭᠡᠭᠲᠡᠬᠦ
ᠪᠢᠯᠢᠭ ᠦᠨ ᠣᠲᠣ ᠲᠠᠢ ᠮᠣᠩᠭᠣᠯ ᠪᠢᠴᠢᠭ ᠶ᠋ᠢᠡᠨ ᠰᠤᠷᠤᠨ᠎ᠠ
ᠤᠶᠠᠩᠭᠠᠯᠠᠭᠠᠳ ᠢᠷᠡᠬᠦ ᠳᠦ ᠰᠡᠤᠠᠬᠢᠯ ᠳᠣᠭᠳᠣᠯᠬᠤ
ᠨᠠᠢᠷᠠᠭ ᠦᠨ ᠭᠠᠯ ᠲᠠᠢ ᠮᠣᠩᠭᠣᠯ ᠪᠢᠴᠢᠭ ᠶ᠋ᠢᠡᠨ ᠰᠤᠷᠤᠨ᠎ᠠ ᠃
ᠪᠢ ᠮᠣᠩᠭᠣᠯ ᠪᠢᠴᠢᠭ ᠶ᠋ᠢᠡᠨ ᠰᠤᠷᠤᠨ᠎ᠠ
ᠬᠢᠷᠥᠭᠡᠨ ᠢᠷ ᠰᠢᠭ᠌ ᠠᠴᠤᠭ ᠊ᠢ ᠨᠢ ᠪᠢᠯᠡᠭᠦᠲᠡᠵᠦ
ᠮᠣᠩᠭᠣᠯ ᠪᠢᠴᠢᠭ ᠶ᠋ᠢᠡᠨ ᠰᠤᠷᠤᠨ᠎ᠠ
ᠬᠥᠯ ᠪᠣᠰᠤᠬ᠋᠎ᠠ ᠰᠦᠷ ᠲᠦ ᠨᠢ ᠰᠥᠭᠥᠤᠠᠴᠦ
ᠮᠣᠩᠭᠣᠯ ᠪᠢᠴᠢᠭ ᠶ᠋ᠢᠡᠨ ᠰᠤᠷᠤᠨ᠎ᠠ
ᠡᠷ᠎ᠡ ᠬᠦᠰᠡᠯ ᠊ᠢ ᠴᠢᠩᠭᠠᠯᠠᠲᠠᠭ
ᠡᠭᠴᠡ ᠵᠣᠭᠰᠣᠬ᠋᠎ᠠ ᠳᠦᠷᠢ ᠶ᠋ᠢ ᠰᠢᠲᠦᠵᠦ ᠰᠤᠷᠤᠨ᠎ᠠ ᠃
ᠪᠢ ᠮᠣᠩᠭᠣᠯ ᠪᠢᠴᠢᠭ ᠶ᠋ᠢᠡᠨ ᠰᠤᠷᠤᠨ᠎ᠠ
ᠮᠣᠩᠭᠣᠯ ᠶ᠋ᠢᠠᠷ ᠰᠤᠷᠤᠭᠠᠳ ᠥᠭᠡᠲᠡᠯᠡᠬᠦ ᠦᠭᠡᠢ ᠭᠡᠰᠡᠨ
ᠮᠤᠩᠬᠠᠭ ᠶᠠᠷᠢᠶᠠᠨ ᠪ ᠪᠤᠷᠤᠭᠤ ᠶ᠋ᠢ ᠭᠡᠷᠡᠴᠢᠯᠡᠨ ᠰᠤᠷᠤᠨ᠎ᠠ
ᠮᠣᠷᠢ ᠪᠠᠨ ᠭᠡᠭᠡᠪᠡᠴᠦ ᠬᠡᠯᠡ ᠪᠡᠨ ᠭᠡᠭᠡᠬᠦ ᠦᠭᠡᠢ ᠭᠡᠰᠡᠨ
ᠮᠥᠩᠬᠡ ᠰᠠᠨᠠᠭᠠᠨ ᠪ ᠵᠣᠷᠢᠬ ᠲᠤ ᠰᠢᠲᠦᠨ ᠰᠤᠷᠤᠨ᠎ᠠ
ᠬᠡᠯᠡ ᠪᠡᠨ ᠭᠣᠯᠣᠭᠰᠠᠨ ᠬᠡᠴᠡᠭᠦᠦ ᠬᠥᠮᠦᠰ  ᠦᠨ
ᠠᠷᠬ᠋᠎ᠠ ᠶ᠋ᠢ ᠪᠠᠷᠠᠭᠤᠯᠤᠨ ᠰᠤᠷᠤᠨ᠎ᠠ
ᠬᠡᠯᠡ ᠦᠭᠡᠢ ᠬᠣᠴᠣᠷᠤᠭᠰᠠᠨ ᠰᠠᠭᠠᠷᠮᠠᠭ ᠬᠥᠮᠦᠰ  ᠦᠨ
ᠠᠲᠠᠬ᠋᠎ᠠ ᠶ᠋ᠢ ᠬᠦᠷᠭᠡᠨ ᠰᠤᠷᠤᠨ᠎ᠠ ᠃
ᠪᠢ ᠮᠣᠩᠭᠣᠯ ᠪᠢᠴᠢᠭ ᠶ᠋ᠢᠡᠨ ᠰᠤᠷᠤᠨ᠎ᠠ
ᠮᠥᠩᠬᠡ ᠲᠩᠷᠢ ᠶ᠋ᠢᠨ ᠰᠢᠲᠦᠭᠡᠨᠲᠦ
ᠪᠣᠰᠤᠬ᠋᠎ᠠ ᠦᠰᠦᠭ ᠶ᠋ᠢᠡᠨ ᠰᠤᠷᠤᠨ᠎ᠠ
ᠮᠣᠷᠠᠯ ᠶᠣᠰᠣᠨ ᠪ ᠨᠢᠭᠤᠴᠠᠲᠤ
ᠪᠣᠯᠪᠠᠰᠤᠨ ᠰᠣᠶᠣᠯ ᠶ᠋ᠢᠠᠨ ᠰᠤᠷᠤᠨ᠎ᠠ
ᠡᠨᠡ ᠬᠡᠯᠡ ᠪᠡᠨ ᠰᠤᠷᠪᠠᠯ ᠡᠪᠲᠡᠷᠡᠬᠦ ᠦᠭᠡᠢ ᠭᠡᠲᠡᠭ ᠊ᠢ
ᠲᠠᠨᠢᠭᠤᠯᠤᠨ ᠪᠠᠢᠵᠤ ᠰᠤᠷᠤᠨ᠎ᠠ
ᠡᠨᠡ ᠬᠡᠯᠡ ᠪᠡᠨ ᠠᠯᠲᠠᠪᠠᠯ ᠡᠪᠯᠡᠷᠡᠬᠦ ᠦᠭᠡᠢ ᠭᠡᠲᠡᠭ ᠊ᠢ
ᠤᠬᠠᠭᠠᠷᠠᠭᠤᠯᠤᠨ ᠪᠠᠢᠵᠤ ᠰᠤᠷᠤᠨ᠎ᠠ
ᠰᠠᠢᠬᠠᠨ ᠪᠦᠬᠦᠨ ᠊ᠢ ᠮᠡᠲᠡᠷᠡᠨ ᠪᠠᠢᠵᠤ ᠰᠤᠷᠤᠨ᠎ᠠ
ᠰᠠᠭᠠᠳ ᠪᠦᠬᠦᠨ ᠊ᠢ ᠢᠯᠠᠨ ᠪᠠᠢᠵᠤ ᠰᠤᠷᠤᠨ᠎ᠠ
ᠰᠠᠨᠠᠭᠠᠨ ᠪ ᠬᠬᠢᠷ ᠶ᠋ᠢᠡᠨ ᠤᠬᠢᠶᠠᠵᠤ ᠪᠠᠢᠭᠠᠳ ᠰᠤᠷᠤᠨ᠎ᠠ
ᠰᠠᠷᠠ ᠲᠠᠢ ᠲᠠᠯ᠎ᠠ ᠪᠠᠨ ᠳᠠᠭᠤᠯᠠᠵᠤ ᠪᠠᠢᠭᠠᠳ ᠰᠤᠷᠤᠨ᠎ᠠ
ᠪᠢ ᠮᠣᠩᠭᠣᠯ ᠪᠢᠴᠢᠭ ᠶ᠋ᠢᠡᠨ ᠰᠤᠷᠤᠨ᠎ᠠ ᠃

   ᠦᠰᠦᠭ ᠠᠮᠢᠯᠠᠭᠤᠯᠤᠭᠴᠢ ᠄ ᠠᠢ ᠵᠢᠶᠦ᠋ᠨ

ᠢᠷᠡᠯᠲᠡ ᠄ ᠠᠯᠪᠠᠨ ᠵᠢᠷᠤᠮ  ᠦᠨ ᠰᠤᠷᠭᠠᠨ ᠬᠥᠮᠦᠵᠢᠯ  ᠦᠨ ᠬᠢᠴᠢᠶᠡᠯ  ᠦᠨ ᠪᠠᠷᠢᠮᠵᠢᠶ᠎ᠠ ᠶ᠋ᠢᠨ ᠰᠤᠷᠬᠤ ᠪᠢᠴᠢᠭ
ᠬᠡᠯᠡ ᠪᠢᠴᠢᠭ ( ᠵᠢᠷᠭᠤᠲᠤᠭᠠᠷ ᠣᠨ ᠪ ᠳᠡᠭᠡᠳᠦ )
ᠥᠪᠥᠷ ᠮᠣᠩᠭᠣᠯ  ᠦᠨ ᠰᠤᠷᠭᠠᠨ ᠬᠥᠮᠦᠵᠢᠯ  ᠦᠨ ᠬᠡᠪᠯᠡᠯ  ᠦᠨ ᠬᠣᠷᠢᠶ᠎ᠠ ᠃
2010
ᠣᠨ ᠪ 5 ᠎ᠳ᠋ᠤᠭᠠᠷ ᠰᠠᠷ᠎ᠠ  ᠳᠦ ᠠᠩᠬ᠎ᠠ ᠤᠲᠠᠬ᠋᠎ᠠ ᠬᠡᠪᠯᠡᠪᠡ ᠃