ᠲᠣᠬᠤᠨᠲᠡᠮᠦᠷ ᠤᠬᠠᠭᠠᠨᠲᠤ ᠬᠠᠭᠠᠨ - ᠬᠦᠴᠢᠬᠡᠨ (ᠡᠮᠦᠨᠡᠬᠢ ᠦᠭᠡ ) Тохонтөмөр ухаант хаан - Хүчхэн( өмнөх үг) ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠬᠤᠨᠲᠡᠮᠦᠷ ᠤᠬᠠᠭᠠᠨᠲᠤ ᠬᠠᠭᠠᠨ - ᠬᠦᠴᠢᠬᠡᠨ (ᠡᠮᠦᠨᠡᠬᠢ ᠦᠭᠡ ) Тохонтөмөр ухаант хаан - Хүчхэн( өмнөх үг)

ᠲᠣᠬᠤᠨᠲᠡᠮᠦᠷ ᠤᠬᠠᠭᠠᠨᠲᠤ ᠬᠠᠭᠠᠨ - ᠬᠦᠴᠢᠬᠡᠨ (ᠡᠮᠦᠨᠡᠬᠢ ᠦᠭᠡ ) Тохонтөмөр ухаант хаан - Хүчхэн( өмнөх үг)

ᠠᠩᠭᠢᠯᠠᠯ:ᠲᠡᠦᠬᠡ ᠰᠣᠶᠣᠯ
2023-03-04

326

ᠲᠣᠬᠤᠨᠲᠡᠮᠦᠷ ᠤᠬᠠᠭᠠᠨᠲᠤ ᠬᠠᠭᠠᠨ


                                  ᠡᠮᠦᠨᠡᠬᠢ ᠦᠭᠡ

     ᠲᠣᠬᠤᠨᠲᠡᠮᠦᠷ ᠤᠬᠠᠭᠠᠨᠲᠤ ᠬᠠᠭᠠᠨ ᠪᠣᠯ ᠪᠦᠬᠦᠶ᠋ᠢᠯᠡ ᠲᠣᠮᠲᠠᠲᠦ ᠭᠦᠷᠦᠨ ᠊ᠢ ᠨᠣᠶᠠᠯᠠᠵᠤ ᠪᠠᠶ᠋ᠢᠬᠰᠠᠨ ᠲᠠᠶ᠋ᠢᠶᠤᠸᠠᠨ ᠤᠯᠤᠰ ᠦ᠋ᠨ ᠬᠠᠮᠤᠭ ᠡᠴᠦᠰ ᠦ᠋ᠨ ᠬᠠᠭᠠᠨ ᠮᠦᠨ ᠃ ᠲᠡᠭᠦᠨ ᠪ ᠨᠢᠭᠡ ᠨᠠᠰᠤ ᠪᠣᠯ ᠡᠨᠲᠡᠯ ᠶᠠᠪᠤᠲᠠᠯ ᠶ᠋ᠢᠠᠷ ᠳᠦᠭᠦᠷᠦᠭᠰᠡᠨ ᠭᠠᠶ᠋ᠢᠬᠠᠮᠰᠢᠬᠲᠤ ᠨᠢᠭᠡ ᠨᠠᠰᠤ ᠶᠣᠮ ᠃ ᠬᠠᠷᠠᠬᠠᠨ ᠪᠠᠬ᠋᠎ᠠ ᠠ᠋ᠴᠠ ᠡᠴᠢᠭᠡ ᠡᠬᠡ ᠡᠴᠡ ᠪᠠᠨ ᠬᠠᠭᠠᠴᠠᠨ ᠥᠨᠥᠴᠢᠨ ᠥᠷᠥᠭᠡᠰᠦᠨ ᠥᠰᠴᠦ ᠂ ᠤᠲᠤᠮ ᠤᠭᠰᠠᠭᠠᠨ ᠪ  ᠬᠡᠷᠡᠭ ᠲᠦ ᠬᠣᠯᠪᠣᠭᠲᠠᠭᠠᠳ ᠠᠯᠤᠰ ᠭᠠᠵᠠᠷ  ᠴᠦᠯᠡᠭᠳᠡᠪᠡ ᠃ ᠠᠷᠪᠠᠨ ᠭᠤᠷᠪᠠᠨ ᠨᠠᠰᠤᠲᠠᠢ ᠳ᠋ᠤᠨᠢ ᠶᠠᠮᠠᠷ  ᠴᠤ᠌ ᠦᠵᠡᠯ ᠰᠠᠨᠠᠭᠠᠨ ᠪ ᠪᠡᠯᠡᠤᠠᠬᠡᠯ ᠦᠭᠡᠢ ᠪᠠᠶ᠋ᠢᠲᠠᠯ ᠳᠣᠣᠷ᠎ᠠ ᠂ ᠲᠣᠭᠲᠡᠮᠦᠷ ᠵᠠᠶᠠᠭᠠᠲᠤ ᠬᠠᠭᠠᠨ ᠪ ᠭᠡᠷᠢᠶᠡᠰ ᠵᠠᠷᠯᠢᠬ ᠶ᠋ᠢᠠᠷ ᠪᠤᠲᠠᠰᠢᠷᠢ ᠬᠠᠲᠤᠨ ᠪᠣᠯᠤᠨ ᠡᠷᠬᠡᠲᠦ ᠰᠠᠶ᠋ᠢᠳ ᠡᠯᠲᠡᠮᠦᠷ ᠨᠠᠷ ᠭᠤᠸᠠᠩᠰᠢ ᠶ᠋ᠢᠨ ᠵᠢᠩ ᠵᠢᠶᠠᠩ ( ᠣᠲᠣ ᠶ᠋ᠢᠨ ᠭᠦᠢᠯᠢᠨ ) ᠡᠴᠡ ᠲᠣᠬᠤᠨᠲᠡᠮᠦᠷ  ᠊ᠢ ᠲᠣᠰᠴᠤ ᠠᠪᠴᠢᠷᠠᠭᠠᠳ ᠶᠡᠬᠡ ᠬᠠᠭᠠᠨ ᠪ ᠣᠷᠤ  ᠳᠤ ᠰᠠᠭᠤᠯᠭᠠᠪᠠ ᠃
    ᠲᠤᠬᠠᠢ ᠶ᠋ᠢᠨ ᠦᠶ᠎ᠡ ᠳᠤ ᠵᠠᠰᠠᠭ ᠲᠥᠷᠥ ᠶ᠋ᠢᠨ ᠶᠡᠬᠡ  ᠬᠡᠷᠡᠭ ᠊ᠢ ᠴᠦᠮ ᠡᠯᠲᠠᠮᠦᠷ ᠭᠠᠭᠴᠠᠭᠠᠷ ᠡᠷᠬᠡ ᠮᠡᠲᠡᠨ ᠰᠢᠳᠬᠡᠳᠡᠭ ᠪᠣᠯᠬᠣᠷ ᠲᠣᠬᠤᠨᠲᠡᠮᠦᠷ ᠵᠦᠪᠬᠡᠨ ᠬᠠᠵᠠᠭᠤ ᠳ᠋ᠤᠨᠢ ᠰᠠᠭᠤᠭᠠᠳ ᠲᠡᠭᠦᠨ ᠪ ᠬᠡᠯᠡᠬᠦ ᠶ᠋ᠢ ᠰᠣᠨᠤᠰᠴᠦ ᠪᠠᠶ᠋ᠢᠬᠰᠠᠨ ᠲᠡᠲᠦᠢ ᠶᠤᠮ ᠃ ᠭᠡᠪᠡᠴᠦ ᠬᠥᠮᠦᠨ ᠪ ᠣᠷᠴᠢᠯᠠᠩ ᠦ᠋ᠨ ᠬᠠᠯᠠ ᠵᠣᠪᠠᠯᠠᠩ ᠊ᠢ ᠡᠷᠲᠡ ᠡᠴᠡ ᠠᠮᠰᠠᠵᠤ ᠲᠤᠭᠤᠯᠤᠭᠰᠠᠨ ᠲᠣᠬᠤᠨᠲᠡᠮᠦᠷ ᠦᠶ᠎ᠡ ᠬᠤᠷᠠᠭ ᠦ᠋ᠨ ᠶ᠋ᠢᠠᠨ ᠬᠥᠮᠦᠰ ᠊ᠢ ᠪᠣᠲᠤᠪᠡᠯ ᠮᠠᠰᠢ ᠡᠷᠲᠡ ᠤᠬᠠᠭᠠᠨ ᠰᠠᠭᠤᠭᠰᠠᠨ ᠪᠠᠶ᠋ᠢᠨ᠎ᠠ ᠃ ᠲᠡᠷᠡ ᠂ ᠡᠯᠲᠡᠮᠦᠷ ᠦ᠋ᠨ  ᠦᠬᠦᠭᠰᠡᠨ ᠳᠠᠰᠢᠷᠠᠮ ᠊ᠢ ᠠᠰᠢᠬᠯᠠᠵᠤ ᠥᠪᠡᠷ ᠦ᠋ᠨ ᠡᠴᠢᠭᠡ ᠬᠣᠱ᠌ᠢᠯᠠ ᠬᠣᠲᠤᠭᠲᠦ ᠬᠠᠭᠠᠨ ᠪ ᠦᠶ᠎ᠡ ᠶ᠋ᠢᠨ ᠢᠲᠡᠭᠡᠯᠲᠦ ᠵᠠᠩᠵᠤᠨ ᠮᠡᠷᠭᠢᠳ ᠦ᠋ᠨ ᠪᠠᠶᠠᠨ ᠊ᠢ ᠪᠠᠷᠠᠭᠤᠨ ᠭᠠᠷᠤᠨ ᠴᠢᠩᠰᠠᠩ ᠡᠷᠭᠦᠮᠵᠢᠯᠡᠵᠦ ᠂ ᠮᠣᠩᠭᠣᠯ ᠬᠢᠪᠴᠠᠭ ᠠᠰᠣᠣᠨ  ᠬᠡᠰᠢᠭᠲᠡᠨ  ᠴᠡᠷᠢᠭ ᠊ᠢ ᠨᠠᠶ᠋ᠢᠲᠠᠯᠠᠨ ᠵᠠᠬᠢᠷᠤᠭᠤᠯᠪᠠ ᠃
    ᠪᠠᠶᠠᠨ ᠂ ᠵᠠᠰᠠᠭ  ᠴᠡᠷᠢᠭ ᠦ᠋ᠨ ᠭᠣᠣᠯ ᠡᠷᠬᠡ ᠶ᠋ᠢ ᠠᠤᠠᠬᠣᠭᠰᠠᠨ ᠪ ᠬᠣᠶ᠋ᠢᠨ᠎ᠠ ᠂ ᠡᠵᠡᠨ ᠬᠠᠭᠠᠨ ᠊ᠢ ᠨᠢᠲᠦᠨ  ᠳᠤ ᠪᠡᠨ ᠦᠯᠦ ᠬᠠᠪᠴᠢᠨ ᠲᠣᠷ᠎ᠠ ᠵᠣᠷᠢᠬ ᠶ᠋ᠢᠠᠷ ᠶ᠋ᠢᠠᠨ ᠠᠭᠠᠰᠢᠯᠠᠪᠠ ᠃ ᠢᠯᠠᠩᠭᠤᠶ᠎ᠠ ᠡᠯᠲᠡᠮᠦᠷ ᠦ᠋ᠨ ᠦᠯᠡᠳᠡᠭᠳᠡᠯ ᠨᠠᠮᠲᠠᠨ ᠲᠠᠩᠭᠢᠰ ᠨᠠᠷ ᠦ᠋ᠨ ᠡᠭᠦᠰᠭᠡᠭᠰᠡᠨ ᠲᠦᠷᠦ ᠶ᠋ᠢᠨ ᠬᠣᠪᠢᠰᠤᠯ ᠊ᠢ ᠳᠠᠷᠤᠩᠭᠤᠶ᠋ᠢᠯᠠᠭᠰᠠᠨ ᠪ ᠳᠠᠷᠠᠬ᠋᠎ᠠ ᠰᠦᠷ ᠬᠦᠴᠦᠨ ᠨᠢ ᠨᠡᠩᠲᠡ  ᠨᠡᠮᠡᠭᠳᠡᠭᠡᠳ ᠂ ᠵᠠᠰᠠᠭ ᠲᠥᠷᠥ ᠶ᠋ᠢ ᠶᠡᠬᠡᠲᠡ ᠳᠦᠢᠪᠡᠭᠡᠵᠦ ᠡᠬᠢᠯᠡᠪᠡ ᠃ ᠡᠶ᠋ᠢᠨ ‍ᠬᠦ ᠲᠤᠬᠠᠢ ᠶ᠋ᠢᠨ ᠦᠶᠡᠰ ᠲᠦᠷᠦ  ᠳᠤ ᠪᠠᠶᠠᠨ ᠴᠢᠩᠰᠠᠩ ᠊ᠢ ᠲᠠᠨᠢᠬᠤ ᠡᠴᠡ ᠪᠢᠰᠢ ᠂ ᠲᠣᠬᠤᠨᠲᠡᠮᠦᠷ ᠬᠠᠭᠠᠨ ᠊ᠢ ᠮᠡᠲᠡᠬᠦ ᠬᠥᠮᠦᠨ ᠴᠦᠬᠡᠨ ᠪᠣᠯᠤᠭᠰᠠᠨ ᠪᠠᠶ᠋ᠢᠲᠠᠯ ᠪᠤᠢ ᠪᠣᠯᠵᠠᠢ ᠃
    ᠲᠣᠬᠤᠨᠲᠡᠮᠦᠷ ᠬᠠᠭᠠᠨ ᠪᠡᠷ ᠪᠠᠶᠠᠨ ᠪ ᠭᠠᠭᠴᠠᠭᠠᠷ ᠡᠵᠡᠮᠰᠢᠵᠦ ᠬᠡᠷᠴᠡᠭᠡᠢ ᠠᠭᠠᠰᠢᠯᠠᠬᠤ ᠶ᠋ᠢ ᠮᠡᠲᠡᠪᠡᠴᠦ ᠲᠤᠬᠠᠢ ᠶ᠋ᠢᠨ ᠴᠠᠭ ᠲᠤ ᠶᠠᠭᠠᠬᠢᠬᠤ ᠶ᠋ᠢᠨ ᠠᠷᠬ᠋᠎ᠠ ᠦᠭᠡᠢ ᠪᠠᠶ᠋ᠢᠯ᠎ᠠ ᠃ ᠲᠡᠷᠡ ᠪᠡᠷ ᠲᠦᠷᠦ  ᠳᠤ ᠨᠢᠭᠡᠨ ᠴᠢᠭᠡᠴᠢ ᠲᠦᠰᠢᠮᠡᠯ ᠴᠡᠭᠡᠵᠢ ᠲᠦᠷᠢᠨ ᠭᠠᠷᠴᠤ ᠢᠷᠡᠬᠦ ᠶ᠋ᠢ ᠬᠦᠰᠡᠵᠦ ᠪᠠᠶ᠋ᠢᠲᠠᠯ᠎ᠠ ᠂ ᠦᠨᠡᠬᠡᠷ ᠪᠣᠲᠤᠭᠰᠡᠨ ᠶ᠋ᠢᠡᠷ ᠪᠣᠯᠪᠠ ᠃ ᠡᠨᠡ ᠨᠢ ᠦᠭᠡᠷ᠎ᠡ ᠬᠥᠮᠦᠨ ᠪᠢᠰᠢ ᠂ ᠪᠠᠶᠠᠨ ᠪ ᠡᠷᠭᠦᠮᠡᠯ ᠬᠥᠪᠡᠭᠦᠨ ᠲᠣᠭᠲᠤᠬ᠋᠎ᠠ ᠪᠣᠯᠤᠮᠤᠢ ᠃ ᠲᠣᠭᠲᠤᠬ᠋᠎ᠠ ᠶ᠋ᠢᠨ ᠡᠴᠢᠭᠡ ᠮᠠᠵᠢᠷᠲᠠᠢ ᠪᠣᠯ ᠪᠠᠶᠠᠨ ᠪ  ᠲᠥᠷᠥᠭᠰᠡᠨ ᠳᠡᠭᠦᠦ ᠮᠦᠨ ᠃ ᠪᠠᠶᠠᠨ ᠂ ᠲᠣᠭᠲᠤᠬ᠋᠎ᠠ ᠶ᠋ᠢ ᠪᠠᠬ᠋᠎ᠠ ᠠ᠋ᠴᠠ ᠲᠡᠵᠢᠭᠡᠵᠦ  ᠥᠰᠭᠡᠭᠰᠡᠨ ᠪᠦᠭᠡᠳ ᠲᠣᠭᠲᠤᠬ᠋᠎ᠠ ᠪᠠᠰᠠ ᠪᠠᠶᠠᠨ ᠊ᠢ ᠬᠠᠪᠰᠤᠷᠴᠤ ᠲᠠᠩᠭᠢᠰ ᠨᠠᠷ ᠦ᠋ᠨ ᠲᠦᠷᠦ ᠶ᠋ᠢᠨ ᠬᠣᠪᠢᠰᠤᠯ ᠊ᠢ ᠳᠠᠷᠤᠩᠭᠤᠶ᠋ᠢᠯᠠᠬᠤ  ᠳᠤ ᠭᠠᠪᠢᠶ᠎ᠠ ᠪᠠᠶ᠋ᠢᠭᠤᠯᠵᠤ ᠂ ᠲᠣᠬᠤᠨᠲᠡᠮᠦᠷ ᠪᠣᠯᠤᠨ ᠪᠠᠶᠠᠨ ᠪ ᠢᠲᠡᠭᠡᠯ ᠊ᠢ ᠤᠯᠤᠭᠰᠠᠨ ᠪᠢᠯᠡ ᠃ 
    ᠲᠣᠭᠲᠤᠬ᠋᠎ᠠ ᠂ ᠡᠯᠲᠡᠮᠦᠷ ᠦ᠋ᠨ ᠭᠡᠷ ᠲᠦᠷᠦᠯ ᠦ᠋ᠨ ᠬᠢᠨ ᠪ ᠲᠦᠷᠦ ᠶ᠋ᠢ ᠲᠦᠢᠪᠡᠭᠡᠵᠦ ᠲᠦᠮᠡᠨ ᠊ᠢ ᠭᠠᠰᠠᠯᠭᠠᠭᠰᠠᠨ ᠪᠠᠯᠠᠮᠠᠳ  ᠬᠡᠷᠡᠭ ᠡᠴᠡ ᠰᠤᠷᠭᠠᠮᠵᠢ ᠠᠪᠴᠤ ᠶᠡᠬᠡ ᠠᠪᠠᠬ᠋᠎ᠠ ᠪᠠᠶᠠᠨ ᠪ ᠭᠠᠭᠴᠠᠭᠠᠷ ᠡᠵᠡᠨ ᠮᠡᠲᠡᠨ ᠬᠡᠷᠴᠡᠭᠡᠶ᠋ᠢᠯᠡᠨ ᠠᠭᠠᠰᠢᠯᠠᠬᠤ  ᠳᠤ ᠲᠤᠷ᠎ᠠ  ᠦᠭᠡᠢᠴᠡᠳᠡᠭ ᠪᠠᠶ᠋ᠢᠵᠠᠢ ᠃ ᠲᠠᠶ᠋ᠢᠨ ‍ᠬᠦ ᠪᠠᠬ᠋᠎ᠠ ᠶ᠋ᠢᠨ ᠦᠶ᠎ᠡ ᠶ᠋ᠢᠨ  ᠪᠢᠴᠢᠭ ᠦ᠋ᠨ ᠪᠠᠭᠰᠢ ᠡᠦ ᡁᠢ ᠹᠠᠩ ᠠ᠋ᠴᠠ ᠰᠤᠷᠭᠠᠯ ᠵᠢᠭᠠᠪᠤᠷᠢ ᠠᠪᠴᠤ 《 ᠲᠦᠪ ᠶᠣᠰᠣᠨ ᠪ ᠲᠥᠯᠥᠭᠡ ᠲᠦᠷᠦᠯ ᠰᠠᠲᠤᠨ ᠶ᠋ᠢᠠᠨ ᠤᠭᠤᠷᠬᠤ 》 ᠬᠠᠲᠠᠭᠤ ᠵᠣᠷᠢᠬ ᠊ᠢ ᠪᠠᠷᠢᠵᠤ ᠂ ᠲᠣᠬᠤᠨᠲᠡᠮᠦᠷ ᠬᠠᠭᠠᠨ ᠪ ᠲᠡᠮᠵᠢᠯᠭᠡ ᠲᠣᠣᠷ᠎ᠡ ᠪᠠᠶᠠᠨ ᠪ ᠵᠡᠷᠭᠡ ᠲᠤᠰᠢᠶᠠᠯ ᠊ᠢ ᠬᠣᠰᠤᠵᠦ ᠨᠡᠶ᠋ᠢᠰᠯᠡᠯ ᠬᠣᠲᠠ ᠠ᠋ᠴᠠ ᠬᠦᠭᠡᠭᠡᠵᠦ ᠶᠠᠪᠤᠭᠤᠯᠪᠠ ᠃
    ᠲᠣᠬᠤᠨᠲᠡᠮᠦᠷ ᠬᠠᠭᠠᠨ ᠪᠠᠷ 《 ᠲᠦᠪ ᠶᠣᠰᠣᠨ ᠪ ᠲᠥᠯᠥᠭᠡ ᠲᠦᠷᠦᠯ ᠰᠠᠲᠤᠨ ᠶ᠋ᠢᠠᠨ ᠤᠭᠤᠷᠤᠭᠰᠠᠨ 》 ᠲᠣᠭᠲᠤᠬ᠋᠎ᠠ ᠶ᠋ᠢ ᠪᠠᠷᠠᠭᠤᠨ ᠭᠠᠷᠤᠨ ᠴᠢᠩᠰᠠᠩ ᠡᠷᠭᠦᠮᠵᠢᠯᠡᠵᠦ ᠂ᠮᠥᠴᠡᠯᠭᠡ ᠶ᠋ᠢᠨ ᠵᠢᠷᠤᠮ ᠶ᠋ᠢᠠᠷ ᠵᠢᠷᠤᠮ ᠊ᠢ ᠰᠡᠷᠭᠦᠭᠡᠨ ᠬᠡᠷᠡᠭᠵᠢᠭᠦᠯᠵᠦ᠂ ᠤᠯᠤᠰ ᠦ᠋ᠨ ᠬᠥᠪᠡᠭᠦᠳ ᠊ᠢ ᠬᠥᠮᠦᠵᠢᠭᠦᠯᠬᠦ ᠰᠤᠷᠭᠠᠭᠤᠯᠢ ᠪᠠᠶ᠋ᠢᠭᠤᠯᠤᠨ ᠡᠯ᠎ᠡ ᠦᠨᠳᠦᠰᠦᠲᠡᠨ ᠪ ᠬᠡᠦᠬᠡᠳ ᠳᠡᠭᠦᠦ ᠨᠠᠷ ᠊ᠢ ᠦᠷᠭᠡᠨ ᠶ᠋ᠢᠡᠷ ᠡᠯᠰᠡᠨ ᠬᠥᠮᠦᠵᠢᠭᠦᠯᠪᠡ᠃ ᠪᠠᠰᠠ  ᠳᠣᠲᠣᠷ᠎ᠠ ᠭᠠᠵᠠᠷ ᠲᠤ ᠠᠳᠤᠭᠤᠨ ᠪ ᠠᠷᠠᠯᠵᠢᠶ᠎ᠠ ᠬᠢᠬᠦ ᠎ᠶ᠋ᠢ ᠴᠢᠯᠥᠭᠡᠲᠡᠢ ᠪᠣᠯᠭᠠᠵᠤ᠂ ᠠᠷᠠᠳ ᠲᠦᠮᠡᠨ ᠪ ᠭᠠᠶ᠋ᠢᠯᠢ ᠭᠤᠪᠴᠢᠭᠤᠷ ᠊ᠢ ᠬᠥᠩᠭᠡᠯᠡᠨ ᠬᠡᠯᠲᠦᠷᠢᠭᠦᠯᠵᠦ ᠂ ᠠᠵᠤ ᠠᠬᠤᠢ ᠎ᠶ᠋ᠢ ᠬᠥᠭᠵᠢᠭᠦᠯᠦᠨ᠂ ᠠᠷᠠᠳ ᠦ᠋ᠨ ᠠᠮᠢᠳᠤᠷᠠᠯ ᠊ᠢ ᠰᠠᠶ᠋ᠢᠵᠢᠷᠠᠭᠤᠯᠪᠠ᠃
    ᠲᠣᠬᠣᠨᠲᠡᠮᠤᠷ ᠬᠠᠭᠠᠨ ᠪᠠᠰᠠ ᠭᠠᠪᠢᠶᠠᠲᠠᠨ ᠰᠠᠶ᠋ᠢᠳ ᠦ᠋ᠨ ᠦᠷ᠎ᠡ ᠬᠣᠶ᠋ᠢᠴᠢᠰ ᠊ᠢ ᠡᠷᠭᠦᠨ ᠬᠡᠷᠡᠭᠯᠡᠵᠦ ᠵᠠᠰᠠᠭ ᠲᠥᠷᠥ ᠎ᠪᠡᠨ ᠰᠢᠨᠡᠳᠬᠡᠬᠦ ᠪᠡᠷ ᠬᠦᠴᠦᠯᠡᠨ ᠴᠢᠷᠮᠠᠶ᠋ᠢᠪᠠ᠃ ᠡᠨᠳᠡ ᠣᠨᠴᠠᠭᠠᠶ᠋ᠢᠯᠠᠨ ᠳᠤᠷᠠᠳᠤᠭᠤᠰᠢᠲᠠᠢ ᠨᠢ ᠮᠤᠬᠤᠯᠠᠢ ᠶ᠋ᠢᠨ ᠨᠠᠢ᠍ᠮᠠᠳᠤᠭᠠᠷ ᠦᠶ᠎ᠡ ᠶ᠋ᠢᠨ ᠬᠣᠶ᠋ᠢᠴᠢᠰ ᠲᠣᠷᠵᠢᠪᠠᠯ ᠂  ᠪᠣᠭᠣᠷᠴᠤ ᠶ᠋ᠢᠨ ᠳᠥᠷᠪᠡᠳᠦᠭᠡᠷ ᠦᠶ᠎ᠡ ᠶ᠋ᠢᠨ ᠬᠣᠶ᠋ᠢᠴᠢᠰ ᠠᠷᠤᠭᠲᠤ ᠂  ᠬᠤᠪᠢᠯᠠᠢ ᠰᠡᠴᠡᠨ ᠬᠠᠭᠠᠨ ᠪ ᠦᠶ᠎ᠡ ᠶ᠋ᠢᠨ ᠢᠲᠡᠭᠡᠯᠲᠦ ᠰᠠᠶ᠋ᠢᠳ ᠪᠦᠭᠦᠮᠢ ᠶ᠋ᠢᠨ ᠬᠥᠪᠡᠭᠦᠨ  ᠨᠣᠤ ᠨᠣᠤ ᠂ ᠬᠠᠩᠯᠢᠨ ᠪ ᠲᠣᠭᠲᠤᠬ᠋᠎ᠠ ᠶ᠋ᠢᠨ ᠬᠥᠪᠡᠭᠦᠨ ᠲᠡᠮᠦᠷᠲᠠᠰᠢ ᠨᠠᠷ ᠲᠣᠬᠣᠨᠲᠡᠮᠤᠷ ᠬᠠᠭᠠᠨ ᠊ᠢ ᠪᠦᠬᠦ ᠬᠦᠴᠦᠨ ᠶ᠋ᠢᠡᠷ ᠲᠤᠰᠠᠯᠠᠨ ᠳᠡᠮᠵᠢᠵᠦ ᠮᠠᠰᠢ ᠶᠡᠬᠡ ᠵᠢᠳᠬᠦᠯ ᠦᠵᠡᠭᠦᠯᠦᠭᠰᠡᠨ ᠪᠥᠯᠥᠭᠡ ᠃
    ᠲᠣᠬᠣᠨᠲᠡᠮᠤᠷ ᠬᠠᠭᠠᠨ ᠡᠳᠡᠭᠡᠷ ᠬᠥᠮᠦᠰ ᠊ᠢ ᠦᠷᠭᠦᠯᠵᠢ ᠪᠦᠬᠦ ᠤᠯᠤᠰ ᠦ᠋ᠨ ᠡᠯ᠎ᠡ ᠭᠠᠵᠠᠷ ᠶ᠋ᠢᠡᠷ ᠶᠠᠪᠤᠭᠤᠯᠵᠤ ᠠᠷᠠᠳ ᠣᠯᠠᠨ ᠪ ᠬᠦᠴᠢᠷ ᠵᠣᠪᠠᠭᠤᠷᠢ ᠎ᠶ᠋ᠢ ᠣᠶ᠋ᠢᠯᠠᠭᠠᠨ ᠲᠡᠳᠡᠨ ᠎᠊ᠢ ᠲᠣᠬᠣᠨᠢᠭᠤᠯᠤᠨ ᠠᠮᠤᠷᠵᠢᠭᠤᠯᠬᠤ ᠂ ᠡᠷᠳᠡᠮᠲᠡᠨ ᠴᠢᠳᠠᠪᠤᠷᠢᠲᠠᠨ ᠊ᠢ ᠡᠷᠢᠵᠦ ᠰᠤᠷᠪᠤᠯᠵᠢᠯᠠᠨ ᠡᠷᠭᠦᠨ ᠬᠡᠷᠡᠭᠯᠡᠬᠦ ᠵᠢᠴᠢ ᠡᠯ᠎ᠡ ᠵᠧᠦ ᠰᠢᠶᠠᠨ ᠪ ᠨᠣᠶᠠᠳ ᠲᠦᠰᠢᠮᠡᠳ ᠦ᠋ᠨ ᠲᠤᠰᠢᠶᠠᠯ ᠳᠤ ᠪᠡᠨ ᠬᠢᠴᠢᠶᠡᠭᠰᠡᠨ ᠪᠠᠶ᠋ᠢᠳᠠᠯ ᠎᠊ᠢ ᠳᠡᠭᠡᠭᠰᠢ ᠠᠶ᠋ᠢᠯᠠᠳᠬᠠᠨ ᠮᠡᠳᠡᠭᠦᠯᠵᠦ ᠂ ᠱᠠᠩᠨᠠᠯ ᠲᠣᠷᠭᠠᠭᠤᠯᠢ ᠎ᠶ᠋ᠢ ᠴᠢᠩᠭᠠᠳᠬᠠᠨ᠂ ᠳᠡᠪᠰᠢᠭᠦᠯᠬᠦ ᠪᠠᠭᠤᠯᠭᠠᠬᠤ ᠶ᠋ᠢ ᠡᠷᠭᠦᠮᠵᠢᠯᠡᠵᠦ᠂  ᠳᠡᠭᠡᠷ᠎ᠡ ᠳᠣᠣᠷᠠᠬᠢ ᠶ᠋ᠢᠨ ᠮᠠᠭᠲᠠᠭᠠᠯ ᠰᠠᠶ᠋ᠢᠰᠢᠶᠠᠯ ᠎᠊ᠢ ᠣᠯᠵᠤ ᠪᠠᠶ᠋ᠢᠪᠠ ᠃
     ᠲᠣᠬᠣᠨᠲᠡᠮᠤᠷ ᠬᠠᠭᠠᠨ ᠰᠠᠶ᠋ᠢᠳ ᠲᠦᠰᠢᠮᠡᠳ ᠲᠡᠭᠡᠨ ᠦᠷᠭᠦᠯᠵᠢ  ᠄ 《 ᠲᠠ ᠨᠠᠷ ᠎ᠢ᠋ ᠬᠢᠭᠡᠳ ᠲᠤᠰ ᠭᠠᠵᠠᠷ ᠦ᠋ᠨ ᠠᠷᠠᠳ ᠢᠷᠭᠡᠳ ᠯᠤᠭᠡ ᠶ᠋ᠢᠨ ᠬᠠᠷᠢᠴᠠᠭ᠎ᠠ ᠪᠣᠯ ᠬᠣᠨᠢᠴᠢᠨ ᠪᠣᠯᠤᠨ ᠬᠣᠨᠢᠨ ᠰᠦᠷᠦᠭ ᠦ᠋ᠨ ᠬᠣᠭᠣᠷᠣᠨᠳᠣᠬᠢ ᠬᠠᠷᠢᠴᠠᠭ᠎ᠠ ᠪᠣᠯᠤᠮᠤᠢ᠃ ᠬᠣᠨᠢᠴᠢᠨ ᠬᠥᠮᠦᠨ ᠬᠣᠨᠢᠨ ᠪ ᠡᠭᠦᠷᠭᠡ ᠪᠣᠯ  ᠬᠣᠨᠢᠳ ᠶ᠋ᠢᠠᠨ ᠤᠰᠤᠯᠠᠵᠤ ᠴᠠᠳᠬᠠᠬᠤ ᠎ ᠳᠤ ᠪᠣᠢ᠃ ᠢᠩᠭᠢᠪᠡᠯ ᠬᠣᠨᠢ ᠰᠠᠶᠢ ᠲᠠᠷᠭᠤ ᠠᠪᠴᠤ ᠲᠦᠷᠭᠡᠨ ᠶ᠋ᠢᠡᠷ ᠦᠷᠡᠵᠢᠨ ᠥᠰᠳᠡᠭ᠃ ᠲᠠ ᠨᠠᠷ ᠬᠡᠷᠡᠭ ᠳᠡᠭᠡᠷ᠎ᠡ ᠪᠡᠨ ᠨᠠᠲᠠ ᠶ᠋ᠢ ᠣᠷᠣᠯᠠᠨ ᠠᠷᠠᠳ ᠢᠷᠭᠡᠳ ᠊ᠢ ᠨᠣᠶᠠᠯᠠᠵᠤ ᠠᠮᠤᠢ ᠃ ᠲᠠᠨᠤᠰ ᠦ᠋ᠨ ᠡᠭᠦᠷᠭᠡ ᠲᠤᠰᠢᠶᠠᠯ ᠪᠣᠯ ᠠᠷᠠᠳ ᠊ᠢ ᠥᠯᠦᠰᠬᠡᠵᠦ ᠳᠠᠭᠠᠷᠠᠭᠤᠯᠬᠤ ᠦᠭᠡᠢ ᠂ ᠭᠠᠵᠠᠷ ᠨᠤᠲᠤᠭ ᠠ᠋ᠴᠠ ᠨᠢ ᠰᠠᠯᠭᠠᠵᠤ ᠣᠷᠣᠨ ᠰᠠᠭᠤᠴᠠ ᠦᠭᠡᠢ ᠪᠣᠯᠭᠠᠵᠤ ᠦᠯᠦ ᠪᠣᠯᠤᠮᠤᠢ ᠂ ᠡᠶ᠋ᠢᠮᠦ ᠪᠠᠶ᠋ᠢᠪᠠᠯ ᠰᠠᠶᠢ ᠲᠤᠰᠢᠶᠠᠯ  ᠳᠤ ᠪᠠᠨ  ᠲᠡᠩᠴᠡᠭᠰᠡᠨ ᠨᠣᠶᠠᠳ  ᠪᠣᠯᠤᠮᠤᠢ 》 ᠬᠡᠮᠡᠵᠦᠬᠦᠢ ᠃ ᠲᠣᠬᠤᠨᠲᠡᠮᠦᠷ ᠬᠠᠭᠠᠨ ᠪᠠᠰᠠ 《 ᠬᠠᠷᠢᠶᠠᠲᠤ ᠭᠠᠵᠠᠷ ᠲᠣᠷ ᠠᠨᠤ ᠡᠷᠦᠬᠡ ᠠᠮᠠ ᠠᠷᠪᠢᠤᠠᠬᠤ ᠂ ᠲᠠᠷᠢᠶᠠᠨ ᠭᠠᠵᠠᠷ ᠊ᠢ ᠨᠡᠮᠡᠵᠦ  ᠬᠠᠭᠠᠯᠪᠤᠷᠢᠯᠠᠬᠤ ᠂ ᠵᠠᠭᠠᠯᠲᠤᠬᠤ ᠭᠡᠷᠡᠴᠢᠯᠡᠬᠦ  ᠬᠡᠷᠡᠭ ᠴᠥᠭᠡᠬᠡᠨ ᠂ ᠬᠤᠯᠠᠭᠠᠢ ᠬᠤᠲᠠᠯ ᠊ᠢ ᠤᠰᠠᠤᠠᠬᠠᠬᠤ ᠂ ᠠᠯᠪᠠ ᠵᠠᠷᠤᠯᠬ᠋᠎ᠠ  ᠶ᠋ᠢ ᠨᠡᠶ᠋ᠢᠴᠢᠯᠡᠬᠦ ᠂ ᠴᠠᠩ ᠫᠢᠩ ᠰᠠᠩ ᠬᠥᠮᠥᠷᠭᠡ ᠶ᠋ᠢ  ᠤᠷᠠᠴᠢᠬᠠᠨ ᠶ᠋ᠢᠠᠷ ᠶᠠᠪᠤᠭᠤᠯᠬᠤ 》 ᠵᠡᠷᠭᠡ ᠵᠢᠷᠭᠤᠭᠠᠨ ᠦᠢᠯᠡ ᠶ᠋ᠢ ᠪᠦᠷᠢᠤᠠᠬᠡᠨ  ᠭᠦᠢᠴᠡᠳᠬᠡᠭᠰᠡᠨ ᠶ᠋ᠢᠡᠷ  ᠰᠠᠶ᠋ᠢᠳ ᠲᠦᠰᠢᠮᠡᠳ ᠶ᠋ᠢᠡᠨ ᠳᠡᠪᠰᠢᠭᠦᠯᠬᠦ ᠪᠠᠭᠤᠷᠠᠭᠤᠯᠬᠤ ᠬᠠᠤᠯᠢ ᠪᠠᠷᠢᠮᠵᠢᠶ᠎ᠠ ᠪᠣᠯᠭᠠᠵᠤ ᠪᠠᠶ᠋ᠢᠪᠠ ᠃ ᠲᠡᠷᠡ ᠂ ᠣᠷᠲᠣᠨ ᠪ  ᠳᠣᠲᠣᠷᠠᠬᠢ ᠲᠦᠰᠢᠮᠡᠳ ᠊ᠢ ᠭᠠᠲᠠᠷ ᠮᠣᠵᠢ  ᠳᠤ ᠣᠴᠢᠭᠤᠯᠤᠨ ᠲᠤᠰᠢᠶᠠᠯ  ᠬᠠᠷᠢᠭᠤᠴᠠᠭᠤᠯᠬᠤ  ᠳᠤ ᠤᠷᠢᠲᠠ ᠪᠠᠷ ᠪᠡᠶ᠎ᠡ ᠪᠡᠷ ᠶ᠋ᠢᠠᠨ ᠠᠪᠴᠤ ᠠᠭᠤᠯᠵᠠᠭᠠᠳ ᠰᠤᠷᠭᠠᠯ ᠰᠣᠶᠣᠷᠬᠠᠯ᠎ ᠬᠠᠶ᠋ᠢᠷᠠᠯᠠᠬᠤ ᠂ ᠤᠯᠤᠰ ᠦ᠋ᠨ ᠦᠨᠲᠦᠰᠦᠨ ᠪᠣᠲᠣᠯᠬ᠋᠎ᠠ ᠴᠢᠭ᠌ᠯᠡᠯᠲᠡ ᠶ᠋ᠢ ᠬᠠᠭᠠᠨᠲᠤ ᠲᠥᠷᠥ ᠡᠴᠡ ᠨᠡᠶ᠋ᠢᠲᠡᠯᠡᠬᠦ ᠡᠴᠡ ᠡᠮᠦᠨ᠎ᠡ ᠠᠬᠠᠮᠠᠳ ᠴᠣᠯᠠᠲᠠᠨ ᠭᠠᠪᠢᠶᠠᠲᠠᠨ ᠰᠠᠶ᠋ᠢᠳ ᠦ᠋ᠨ ᠰᠠᠨᠠᠯ ᠵᠥᠪᠯᠡᠯᠭᠡ ᠶ᠋ᠢ ᠭᠦᠢᠴᠡᠳ ᠰᠣᠨᠣᠰᠬᠤ ᠳᠦᠷᠢᠮ ᠊ᠢ  ᠬᠡᠷᠡᠭᠵᠢᠭᠦᠯᠦᠭᠰᠡᠨ ᠶᠤᠮ ᠃ ᠡᠶ᠋ᠢᠨ ‍ᠬᠦ ᠲᠣᠬᠤᠨᠲᠡᠮᠦᠷ ᠬᠠᠭᠠᠨ  ᠪ ᠨᠣᠶᠠᠷᠬᠠᠯ᠎ ᠦ᠋ᠨ ᠡᠬᠢᠨ ᠪ ᠠᠷᠪᠠᠭᠠᠳ ᠵᠢᠯ ᠂    ᠣᠨᠴᠠᠭᠠᠶ᠋ᠢᠯᠠᠨ ᠲᠣᠭᠲᠣᠬ᠋᠎ᠠ ᠂ ᠲᠥᠪ  ᠪᠢᠴᠢᠭ ᠦ᠋ᠨ ᠮᠣᠵᠢ ᠶ᠋ᠢᠨ  ᠪᠠᠷᠠᠭᠤᠨ ᠭᠠᠷᠤᠨ ᠴᠢᠩᠰᠠᠩ  ᠡᠷᠭᠦᠮᠵᠢᠯᠡᠭᠳᠡᠭᠰᠡᠨ ᠬᠤᠭᠤᠴᠠᠭᠠᠨ  ᠳᠤ ᠤᠯᠤᠰ ᠦ᠋ᠨ ᠳᠣᠲᠣᠷᠠᠬᠢ ᠪᠠᠶ᠋ᠢᠲᠠᠯ ᠨᠡᠯᠢᠶᠡᠳ ᠠᠮᠤᠷ ᠲᠣᠭᠲᠠᠭᠤᠨ ᠪᠠᠶ᠋ᠢᠵᠠᠢ ᠃
    ᠲᠣᠬᠤᠨᠲᠡᠮᠦᠷ ᠬᠠᠭᠠᠨ ᠪᠠᠷ ᠡᠶ᠋ᠢᠨ ‍ᠬᠦ ᠲᠠᠶ᠋ᠢᠪᠤᠩ ᠲᠦᠪᠰᠢᠨ ᠪᠠᠶ᠋ᠢᠲᠠᠯ ᠊ᠢ ᠠᠰᠢᠬᠯᠠᠨ ᠭᠤᠷᠪᠠᠨ ᠶᠡᠬᠡ  ᠬᠡᠷᠡᠭ ᠊ᠢ ᠡᠷᠬᠢᠯᠡᠨ ᠭᠦᠢᠴᠡᠤᠠᠬᠡᠪᠡ ᠃ ᠨᠢᠭᠡ  ᠳᠤ ᠂ ᠲᠣᠭᠲᠠᠮᠤᠷ ᠵᠠᠶᠠᠭᠠᠲᠤ ᠬᠠᠭᠠᠨ ᠪ ᠦᠶ᠎ᠡ  ᠳᠤ ᠪᠠᠶ᠋ᠢᠭᠤᠯᠤᠭᠰᠠᠨ ᠺᠦᠢ ᠶᠠᠩ  ᠭᠧ ᠲᠠᠭᠲᠤ ᠶ᠋ᠢ ᠰᠢᠨᠡᠤᠠᠬᠡᠨ ᠵᠠᠰᠠᠵᠤ ᠰᠣᠶᠣᠯ ᠊ᠢ ᠳᠡᠯᠭᠡᠷᠡᠭᠦᠯᠬᠦ ᠲᠠᠭᠲᠤ ( ᠰᠢᠦᠸᠠᠨ ᠸᠸᠨ  ᠭᠧ) ᠬᠡᠮᠡᠨ ᠬᠠᠯᠠᠭᠠᠳ ᠂ ᠬᠠᠭᠠᠨ ᠪ ᠵᠠᠰᠠᠭ ᠲᠥᠷᠥ ᠶ᠋ᠢᠨ  ᠬᠡᠷᠡᠭ ᠊ᠢ ᠠᠰᠠᠭᠤᠵᠤ ᠯᠠᠪᠯᠠᠬᠤ ᠵᠢᠴᠢ ᠲᠡᠦᠬᠡ ᠰᠤᠲᠤᠷ ᠲᠠᠶ᠋ᠢᠯᠪᠤᠷᠢᠯᠠᠬᠤ ᠭᠠᠵᠠᠷ ᠪᠣᠯᠭᠠᠭᠰᠠᠨ ᠪᠥᠭᠡᠳ ᠲᠣᠬᠤᠨᠲᠡᠮᠦᠷ ᠬᠠᠭᠠᠨ ᠦᠷᠭᠦᠯᠵᠢ ᠡᠨᠲᠡ ᠢᠷᠡᠵᠦ ᠡᠷᠲᠡᠨ ᠡᠲᠦᠭᠡᠬᠢ ᠨᠡᠷᠡᠲᠦ ᠬᠥᠮᠦᠰ ᠦ᠋ᠨ  ᠪᠢᠴᠢᠭ ᠵᠢᠷᠤᠭ ᠊ᠢ ᠰᠣᠨᠢᠷᠬᠠᠨ ᠂ ᠲᠡᠦᠬᠡᠨ ᠳ᠋ᠡᠬᠢ ᠡᠵᠡᠨ ᠬᠠᠭᠠᠳ ᠦ᠋ᠨ ᠤᠨᠤᠵᠤ ᠠᠯᠲᠠᠭᠰᠠᠨ  ᠬᠡᠷᠡᠭ ᠊ᠢ ᠰᠠᠶ᠋ᠢᠳ ᠲᠦᠰᠢᠮᠡᠳ ᠯᠤᠭᠡ ᠪᠡᠨ ᠰᠢᠭᠦᠮᠵᠢᠯᠡᠨ ᠶᠠᠷᠢᠯᠴᠠᠲᠠᠭ ᠪᠠᠶ᠋ᠢᠪᠠ ᠃ ᠲᠡᠷᠡ ᠪᠠᠰᠠ ᠵᠠᠷᠯᠢᠬ ᠪᠠᠭᠤᠯᠭᠠᠵᠤ ᠲᠠᠩ ᠤᠯᠤᠰ ᠦ᠋ᠨ ᠦᠶ᠎ᠡ ᠶ᠋ᠢᠨ ᠴᠢᠬᠤᠯᠠ ᠲᠡᠦᠬᠡᠨ ᠲᠤᠯᠭᠤᠷ  ᠪᠢᠴᠢᠭ ᠪᠣᠯᠬᠤ 《 ᠵᠸᠨ ᠭᠤᠸᠠᠨ ᠪ ᠵᠠᠰᠠᠭ ᠦ᠋ᠨ ᠲᠣᠪᠴᠢᠶ᠎ᠠ 》 ᠶ᠋ᠢ ᠮᠣᠩᠭᠣᠯᠴᠢᠯᠠᠵᠤ ᠰᠠᠶ᠋ᠢᠳ ᠲᠦᠰᠢᠮᠡᠳ ᠦ᠋ᠨ ᠭᠠᠷ ᠠᠪᠤᠯᠬ᠋᠎ᠠ ᠪᠣᠯᠭᠠᠵᠠᠢ ᠃ ᠳᠠᠷᠠᠬ᠋᠎ᠠ ᠨᠢ ᠂ ᠰᠦᠩ ᠤᠯᠤᠰ ᠂ ᠯᠢᠶᠣᠣ ᠤᠯᠤᠰ ᠂ ᠠᠯᠲᠠᠨ ᠤᠯᠤᠰ ᠦ᠋ᠨ ᠲᠡᠦᠬᠡ ᠶ᠋ᠢ ᠵᠣᠬᠢᠶᠠᠨ ᠪᠠᠶ᠋ᠢᠭᠤᠯᠤᠨ ᠲᠤᠭᠤᠷᠪᠢᠨ ᠪᠢᠴᠢᠭᠦᠯᠵᠦ 《 ᠤᠷᠢᠲᠤᠬᠢ ᠦᠶ᠎ᠡ ᠶ᠋ᠢᠨ ᠰᠠᠶ᠋ᠢᠨ ᠊ᠢ ᠠᠨᠤ ᠳᠠᠭᠤᠷᠢᠶᠠᠵᠤ ᠂ ᠮᠠᠭᠤ ᠶ᠋ᠢ ᠠᠨᠤ ᠲᠡᠪᠴᠢᠯᠭᠡ ᠪᠣᠯᠭᠠᠰᠤᠭᠠᠢ 》 ᠬᠡᠮᠡᠨ ᠵᠠᠷᠯᠠᠪᠠ ᠃ ᠭᠤᠲᠠᠭᠠᠷ᠎ ᠲᠤ ᠂ 《 ᡁᠢ ᠶᠤᠸᠠᠨ ᠪ ᠰᠢᠨ᠎ᠡ ᠬᠠᠤᠯᠢ 》 ᠂ 《 ᠲᠠᠶ᠋ᠢᠶᠤᠸᠠᠨ ᠤᠯᠤᠰ ᠦ᠋ᠨ ᠨᠡᠪᠲᠡᠷᠬᠡᠢ ᠵᠠᠰᠠᠭ 》 ᠵᠡᠷᠭᠡ  ᠥᠩᠭᠡᠷᠡᠭᠰᠡᠨ ᠳᠤ  ᠲᠣᠭᠲᠠᠭᠠᠭᠰᠠᠨ ᠬᠠᠤᠯᠢ ᠳᠦᠷᠢᠮ ᠂ ᠵᠠᠰᠠᠭ ᠵᠠᠷᠯᠢᠬ ᠊ᠢ ᠡᠮᠬᠢᠤᠠᠬᠡᠨ ᠵᠠᠰᠠᠵᠤ 《 ᡁᠢ ᠵᠸᠩ ᠦ᠋ᠨ ᠬᠠᠤᠯᠢ ᠳᠦᠷᠢᠮ 》 ᠬᠡᠮᠡᠬᠦ ᠬᠠᠤᠯᠢ ᠴᠠᠭᠠᠵᠠ ᠶ᠋ᠢᠨ  ᠪᠢᠴᠢᠭ ᠊ᠢ ᠨᠠᠶ᠋ᠢᠷᠠᠭᠤᠯᠤᠨ ᠵᠣᠬᠢᠶᠠᠯᠭᠠᠵᠤ ᠳᠡᠯᠡᠬᠡᠢ ᠳ᠋ᠠᠬᠢᠨ᠎ᠠ ᠵᠠᠷᠯᠠᠵᠤᠬᠤᠢ ᠃ ᠲᠣᠬᠣᠨᠲᠡᠮᠦᠷ ᠬᠠᠭᠠᠨ ᠪ ᠰᠣᠶᠣᠯ ᠦ᠋ᠨ ᠲᠠᠯ᠎ᠠ ᠪᠠᠷ  ᠭᠦᠢᠴᠡᠳᠬᠡᠭᠰᠡᠨ ᠡᠲᠡᠭᠡᠷ ᠭᠠᠪᠢᠶ᠎ᠠ ᠵᠢᠤᠠᠭᠦᠯ ᠊ᠢ ᠲᠡᠦᠬᠡᠨ  ᠳᠤ ᠪᠦᠷ ᠵᠦᠪᠰᠢᠶᠡᠷᠡᠨ ᠦᠨᠡᠯᠡᠭᠰᠡᠨ ᠶᠤᠮ ᠃
    ᠲᠣᠬᠣᠨᠲᠡᠮᠦᠷ ᠬᠠᠭᠠᠨ ᠪᠣᠯ ᠣᠯᠠᠨ ᠲᠠᠯ᠎ᠠ ᠶ᠋ᠢᠨ ᠡᠷᠲᠡᠮ ᠮᠡᠲᠡᠯᠭᠡ ᠂ ᠠᠪᠢᠶᠠᠰ ᠪᠢᠯᠢᠭ ᠲᠡᠢ ᠬᠥᠮᠦᠨ ᠶᠤᠮ ᠃ ᠲᠡᠷᠡ ᠂ ᠬᠢᠲᠠᠳ ᠮᠣᠩᠭᠣᠯ  ᠦᠰᠦᠭ ᠪᠢᠴᠢᠭ ᠲᠦ ᠨᠡᠪᠲᠡᠷᠡᠵᠦ ᠰᠢᠯᠦᠭ ᠳᠠᠭᠤᠯᠠᠯ ᠰᠠᠶ᠋ᠢᠨ ᠵᠣᠬᠢᠶᠠᠲᠠᠭ ᠂ ᠤᠷᠠᠨ ᠪᠢᠴᠢᠯᠭᠡ  ᠳᠤ  ᠴᠤ᠌ ᠠᠪᠢᠶᠠᠰ ᠲᠠᠢ ᠂  ᠬᠥᠭᠵᠢᠮ ᠦ᠋ᠨ ᠠᠶ᠎ᠠ ᠂ ᠳᠠᠭᠤᠤ ᠵᠣᠬᠢᠶᠠᠬᠤ ᠪᠤᠶᠤ ᠬᠠᠶᠠ ᠪᠠᠰᠠ  ᠪᠥᠵᠢᠭ ᠵᠦᠴᠦᠭᠡ  ᠴᠤ᠌  ᠵᠣᠬᠢᠶᠠᠨ ᠣᠷᠲᠤᠨ ᠪ ᠳᠣᠲᠣᠷ᠎ᠠ ᠲᠣᠭᠯᠠᠲᠠᠭ ᠪᠠᠶ᠋ᠢᠵᠠᠢ ᠃ ᠡᠭᠦᠨ ᠡᠴᠡ ᠭᠠᠲᠠᠨ᠎ᠠ ᠲᠡᠷᠡ ᠪᠠᠰᠠ ᠪᠠᠷᠢᠯᠬ᠋᠎ᠠ ᠂  ᠣᠲᠣᠨ ᠣᠷᠣᠨ ᠪ ᠰᠢᠨᠵᠢᠯᠡᠯ ᠂ ᠵᠢᠷᠤᠵᠤ ᠲᠥᠯᠥᠪᠯᠡᠬᠦ ᠂ ᠵᠠᠰᠠᠯ ᠴᠢᠮᠡᠭᠯᠡᠯ  ᠳᠤ  ᠴᠤ᠌ ᠤᠷᠮ᠎ᠠ ᠪᠠᠬᠠᠲᠠᠢ ᠪᠥᠭᠡᠳ ᠠᠪᠢᠶᠠᠰ ᠪᠢᠯᠢᠭ ᠲᠡᠢ ᠬᠥᠮᠦᠨ ᠃ ᠲᠡᠭᠦᠨ ᠪ ᠵᠢᠷᠤᠵᠤ ᠲᠦᠯᠦᠪᠯᠡᠭᠡᠳ ᠮᠣᠲᠣᠴᠢᠨ ᠨᠠᠷ ᠊ᠢ ᠵᠢᠭᠠᠵᠤ ᠵᠠᠬᠢᠵᠤ ᠪᠠᠶ᠋ᠢᠭᠠᠳ ᠦᠢᠯᠡᠲᠦᠭᠦᠯᠦᠭᠰᠡᠨ ᠯᠤᠤᠲᠤ ᠣᠩᠭᠣᠴᠠ ᠂ ᠮᠥᠴᠡ ᠶ᠋ᠢᠨ ᠬᠣᠪᠢᠩ ᠨᠢ ᠣᠲᠣ  ᠴᠤ᠌ ᠭᠡᠳ ᠬᠥᠮᠦᠰ ᠦ᠋ᠨ ᠠᠩᠬᠠᠷᠤᠯ ᠊ᠢ ᠲᠠᠲᠠᠭᠰᠠᠭᠠᠷ ᠪᠤᠢ ᠃ ᠡᠶ᠋ᠢᠮᠦ ᠡᠴᠡ ᠲᠡᠷᠡ ᠪᠠᠰᠠ ᠮᠣᠲᠣᠴᠢᠨ ᠂ ᠮᠸᠬᠠᠨᠢᠬᠴᠢ ᠪᠠᠶ᠋ᠢᠬᠰᠠᠨ ᠠᠵᠢ ᠃
     ᠲᠣᠬᠣᠨᠲᠡᠮᠦᠷ ᠬᠠᠭᠠᠨ ᠵᠠᠯᠠᠭᠤ ᠪᠠᠬ᠋᠎ᠠ ᠪᠠᠶ᠋ᠢᠬᠤ  ᠳᠤ ᠪᠠᠨ ᠰᠡᠴᠡᠨ ᠰᠡᠷᠭᠦᠯᠡᠩ ᠂ ᠰᠤᠷᠬᠤᠢ ᠳ᠋ᠤᠷ ᠪᠠᠬᠠᠲᠠᠢ ᠂ ᠬᠦᠰᠡᠯ ᠵᠣᠷᠢᠬ ᠶᠡᠬᠡᠲᠡᠢ ᠂ ᠡᠷᠲᠡᠮ ᠴᠢᠲᠠᠪᠤᠷᠢ ᠬᠣᠣᠰᠯᠠᠬᠰᠠᠨ ᠤᠬᠠᠭᠠᠨ ᠪᠣᠲᠣᠯᠬ᠋᠎ᠠ ᠲᠠᠢ ᠬᠥᠮᠦᠨ ᠪᠠᠶ᠋ᠢᠵᠠᠢ ᠃ ᠲᠡᠷᠡ ᠤᠯᠤᠰ ᠲᠥᠷᠥ ᠶ᠋ᠢᠨ  ᠬᠡᠷᠡᠭᠴᠡᠭᠡ ᠪᠡᠷ ᠶᠠᠮᠠᠷ  ᠴᠤ᠌  ᠦᠵᠡᠯ ᠰᠠᠨᠠᠭᠠᠨ ᠪ ᠪᠡᠯᠡᠤᠠᠬᠡᠯ ᠦᠭᠡᠢ ᠪᠠᠶ᠋ᠢᠲᠠᠯ᠎ᠠ ᠶᠡᠬᠡ ᠬᠠᠭᠠᠨ ᠪ ᠰᠠᠭᠤᠷᠢᠨ  ᠳᠤ  ᠳᠠᠪᠰᠢᠭ᠍ᠰᠠᠨ ᠴᠤ᠌ ᠂ ᠲᠥᠷᠥ ᠪᠠᠷᠢᠬᠰᠠᠨ ᠠᠩᠬᠠᠨ ᠪ ᠠᠷᠪᠠᠭᠠᠳ ᠵᠢᠯ ᠦ᠋ᠨ ᠬᠤᠭᠤᠴᠠᠭᠠᠨ  ᠳᠤ ᠠᠲᠠᠪᠠᠰᠢ ᠴᠢᠷᠮᠠᠶ᠋ᠢᠯᠲᠠ ᠲᠠᠢ ᠮᠡᠷᠭᠡᠨ ᠭᠡᠭᠡᠨ ᠬᠠᠭᠠᠨ ᠪᠠᠶ᠋ᠢᠬᠰᠠᠨ ᠨᠢ ᠭᠠᠷᠴᠠᠬ᠋᠎ᠠ ᠦᠭᠡᠢ ᠃ ᠰᠡᠭᠦᠯᠡᠷ ᠨᠢ ᠶᠠᠮᠠᠷ ᠨᠢᠭᠡᠨ ᠰᠢᠯᠲᠠᠭᠠᠨ ᠠ᠋ᠴᠠ ᠪᠣᠯᠵᠤ ᠤᠯᠠᠮ ᠶ᠋ᠢᠠᠷ ᠵᠠᠰᠠᠭ ᠦ᠋ᠨ  ᠬᠡᠷᠡᠭ  ᠲᠦ ᠬᠣᠶ᠋ᠢᠷᠭᠤᠰᠢᠨ ᠂ ᠤᠯᠤᠰ ᠲᠥᠷᠥ ᠡᠴᠡ ᠵᠠᠶ᠋ᠢᠲᠠᠭᠠᠳ ᠬᠠᠷᠠᠩᠭᠤᠢ ᠪᠤᠲᠤᠩᠭᠤᠢ ᠵᠠᠮ  ᠳᠤ ᠣᠷᠣᠵᠤ ᠂ ᠡᠴᠦᠰ ᠲᠦ ᠡᠪᠦᠭᠡ ᠳᠡᠭᠡᠳᠦᠰ ᠦ᠋ᠨ ᠶ᠋ᠢᠡᠨ ᠵᠣᠪᠠᠵᠤ ᠵᠦᠲᠡᠵᠦ ᠪᠠᠶ᠋ᠢᠭᠤᠯᠤᠭᠰᠠᠨ ᠂ ᠲᠠᠶ᠋ᠢᠶᠤᠸᠠᠨ ᠤᠯᠤᠰ ᠦ᠋ᠨ ᠬᠠᠭᠠᠨᠲᠤ ᠲᠥᠷᠥ ᠶ᠋ᠢᠨ ᠬᠠᠭᠠᠰ ᠊ᠢ ᠠᠯᠲᠠᠵᠤ ᠂ ᠨᠢᠭᠡ ᠨᠠᠰᠤᠨ ᠪ ᠭᠡᠮᠰᠢᠯ ᠪᠣᠯᠤᠭᠰᠠᠨ ᠪᠠᠶ᠋ᠢᠨ᠎ᠠ ᠃ ᠡᠨᠡ ‍ᠬᠦ ᠭᠡᠮᠰᠢᠯ ᠦ᠋ᠨ ᠦᠨᠲᠦᠰᠦ ᠨᠢ ᠴᠣᠬᠣᠮ ᠬᠠᠮᠢᠬ᠋᠎ᠠ ᠪᠠᠶ᠋ᠢᠬᠤ ᠪᠤᠢ? ᠬᠣᠵᠢᠮ ᠦ᠋ᠨ ᠬᠥᠮᠦᠰ ᠲᠦ ᠦᠯᠡᠲᠡᠭᠡᠭᠰᠡᠨ ᠲᠡᠦᠬᠡᠨ ᠰᠤᠷᠭᠠᠮᠵᠢ ᠡᠷᠭᠢᠴᠡᠭᠦᠯᠦᠯ ᠨᠢ ᠴᠣᠬᠣᠮ ᠶᠠᠭᠤ ᠪᠣᠯᠬᠤ ᠪᠤᠢ?
    ᠲᠡᠦᠬᠡᠨ ᠡᠷᠲᠡᠮᠲᠡᠳ ᠠᠯᠢ ᠬᠡᠲᠦᠶ᠋ᠢᠨ ᠡᠨᠡ ᠲᠤᠬᠠᠢ ᠨᠠᠷᠢᠨ ᠥᠭᠦᠯᠡᠵᠦᠬᠦᠢ ᠃ ᠡᠨᠲᠡ ᠪᠢᠲᠡ 《 ᠵᠸᠨ ᠭᠤᠸᠠᠨ ᠪ ᠵᠠᠰᠠᠭ ᠦ᠋ᠨ ᠲᠣᠪᠴᠢᠶ᠎ᠠ 》 ᠳᠤ ᠲᠡᠮᠲᠡᠭᠯᠡᠭᠰᠡᠨ ᠨᠢᠭᠡ  ᠬᠡᠷᠡᠭ ᠶ᠋ᠢᠡᠷ ᠲᠣᠬᠣᠨᠲᠡᠮᠦᠷ ᠬᠠᠭᠠᠨ ᠪ ᠭᠡᠮᠰᠢᠯ ᠦ᠋ᠨ ᠦᠨᠲᠦᠰᠦ ᠶ᠋ᠢ ᠬᠠᠶ᠋ᠢᠵᠤ ᠂ ᠲᠡᠦᠬᠡᠨ ᠰᠤᠷᠭᠠᠮᠵᠢ ᠡᠷᠭᠢᠴᠡᠭᠦᠯᠦᠯ ᠪᠣᠯᠭᠠᠰᠤᠭᠠᠢ !


       ᠮᠠᠨ ᠪ ᠮᠡᠲᠡᠭᠡᠵᠢ ᠪᠡᠷ 《 ᠵᠸᠨ ᠭᠤᠸᠠᠨ ᠪ ᠵᠠᠰᠠᠭ ᠦ᠋ᠨ ᠲᠣᠪᠴᠢᠶ᠎ᠠ 》 ᠪᠣᠯ ᠲᠠᠩ ᠰᠢᠦᠸᠠᠨᠽᠦᠢ᠍ᠩ ᠬᠠᠭᠠᠨ ᠪ ᠰᠤᠲᠤᠷᠴᠢ ᠲᠦᠰᠢᠮᠡᠯ ᠡᠦ ᠵᠢᠩ (670 ~749 ᠣᠨ ) ᠦ᠋ᠨ ᠲᠤᠭᠤᠷᠪᠢᠬᠰᠠᠨ ᠤᠯᠤᠰ ᠲᠥᠷᠥ ᠶ᠋ᠢᠨ ᠴᠢᠨᠠᠷ ᠲᠠᠢ ᠲᠡᠦᠬᠡ ᠶ᠋ᠢᠨ ᠲᠣᠯᠭᠤᠷ ᠪᠢᠴᠢᠭ ᠮᠥᠨ ᠃ ᠲᠡᠭᠦᠨ  ᠳᠤ ᠵᠸᠨ ᠭᠤᠸᠠᠨ ᠪ ᠵᠠᠰᠠᠯᠲᠠ ᠶ᠋ᠢᠨ ᠲᠡᠦᠬᠡᠨ ᠲᠤᠷᠰᠢᠯᠬ᠋᠎ᠠ ᠶ᠋ᠢ ᠳ᠋ᠦ᠋ᠩᠨᠡᠵᠦ ᠪᠦᠬᠦ ᠲᠠᠯ᠎ᠠ ᠪᠠᠷ ᠰᠢᠰᠲ᠋ᠸᠮ ᠲᠡᠢ ᠲᠠᠨᠢᠯᠴᠠᠭᠤᠯᠤᠭᠰᠠᠨ ᠶᠤᠮ ᠃ ᠲᠤᠰ ᠨᠣᠮ ᠦ᠋ᠨ ᠭᠤᠷᠪᠠᠲᠤᠭᠠᠷ ᠪᠣᠲᠢ ᠶ᠋ᠢᠨ 《 ᠡᠵᠡᠨ ᠲᠦᠰᠢᠮᠡᠳ ᠦ᠋ᠨ ᠰᠡᠷᠡᠮᠵᠢ ᠴᠡᠭᠡᠷᠯᠡᠯ 》 ᠵᠢᠷᠭᠤᠲᠤᠭᠠᠷ ᠪᠦᠯᠦᠭ ᠲᠦ ᠄
     ᠵᠸᠨ ᠭᠣᠸᠠᠨ ᠪ ᠠᠷᠪᠠᠨ ᠳᠣᠯᠣᠳᠤᠭᠠᠷ ᠣᠨ (643 ᠣᠨ )  ᠳᠤ ᠲᠠᠩ ᠲᠠᠶ᠋ᠢᠽᠦᠢᠩ ᠯᠢ ᠱᠢ ᠮᠢᠨ ᠰᠢᠲᠠᠷ ᠲᠦᠰᠢᠮᠡᠳ ᠡᠴᠡ ᠠᠰᠠᠭᠤᠷᠤᠨ ᠄
    《 ᠡᠷᠲᠡ ᠡᠴᠡ ᠢᠨᠠᠭᠰᠢ ᠲᠥᠷᠥ ᠶ᠋ᠢ ᠲᠤᠯᠭᠤᠷ ᠪᠠᠶ᠋ᠢᠭᠤᠯᠤᠭᠰᠠᠨ ᠡᠵᠡᠨ ᠬᠠᠭᠠᠳ  ᠰᠠᠭᠤᠷᠢᠨ ᠶ᠋ᠢᠠᠨ ᠦᠷ᠎ᠡ ᠬᠣᠶ᠋ᠢᠴᠢᠰ ᠲᠤ ᠪᠠᠨ ᠤᠯᠠᠮᠵᠢᠯᠠᠭᠰᠠᠨ ᠪ ᠬᠣᠶ᠋ᠢᠨ᠎ᠠ ᠢᠮᠠᠭᠲᠠ ᠵᠣᠪᠠᠯᠠᠩ ᠡᠲᠦᠮᠦᠢ ᠃ ᠡᠭᠦᠨ ᠪ ᠰᠢᠯᠲᠠᠭᠠᠨ ᠠᠨᠤ ᠶᠠᠭᠤᠨ ᠪᠤᠢ?
     ᠰᠸ ᠺᠦᠩ ᠲᠦᠰᠢᠮᠡᠯ ᠹᠠᠩ ᠰᠢᠦᠸᠠᠨ ᠯᠢᠩ ᠥᠭᠦᠯᠡᠷᠦᠨ ᠄ 《 ᠪᠢᠴᠢᠬᠠᠨ ᠡᠵᠡᠨ ᠭᠦᠨ ᠣᠷᠲᠣᠨ ᠳ᠋ᠤᠷ ᠣᠷᠣᠰᠢᠨ ᠪᠠᠶᠠᠨ ᠡᠷᠬᠢᠮ ᠊ᠢ ᠡᠲᠯᠡᠵᠦ ᠬᠥᠮᠦᠨ ᠪ ᠣᠷᠴᠢᠯᠠᠩ ᠦ᠋ᠨ ᠶᠣᠰᠣ ᠤᠴᠢᠷ ᠊ᠢ ᠥᠯᠥ ᠤᠶ᠋ᠢᠯᠠᠭᠠᠨ ᠲᠥᠷᠥ ᠤᠯᠤᠰ ᠶ᠋ᠢᠠᠨ ᠠᠮᠤᠷᠵᠢᠭᠤᠯᠬᠤ ᠠᠷᠬ᠋᠎ᠠ ᠪᠣᠲᠣᠯᠬ᠋᠎ᠠ ᠶ᠋ᠢ ᠡᠰᠡ  ᠮᠡᠳᠡᠭᠰᠡᠨ ᠲᠤᠯᠠ ᠵᠠᠰᠠᠭ ᠪᠠᠷᠢᠬᠰᠠᠨ ᠪ ᠬᠣᠶ᠋ᠢᠨ᠎ᠠ ᠰᠠᠮᠠᠭᠤᠷᠠᠯ ᠵᠣᠪᠠᠯᠠᠩ ᠪᠣᠯᠵᠣᠬᠤᠢ 》 ᠃
     ᠳᠠᠩ ᠲᠠᠶ᠋ᠢᠽᠦᠢ᠍ᠩ ᠯᠢ ᠱᠢ ᠮᠢᠨ ᠥᠭᠦᠯᠡᠷᠦᠨ ᠄ 《 ᠠᠪᠤᠭᠠᠢ ᠪᠠᠷ ᠠᠯᠲᠠᠰᠢ ᠶ᠋ᠢ ᠡᠵᠡᠨ ᠳ᠋ᠤᠷ ᠲᠦᠯᠬᠢᠮᠦᠢ ‍ᠦᠦ? ᠮᠢᠨᠦ ᠦᠵᠡᠬᠦ ᠪᠡᠷ ᠲᠦᠰᠢᠮᠡᠯ ᠳ᠋ᠤᠷ ᠪᠠᠶ᠋ᠢᠮᠤᠢ ᠃ ᠭᠠᠪᠢᠶᠠᠲᠠᠨ ᠰᠠᠶ᠋ᠢᠳ ᠦ᠋ᠨ ᠦᠷ᠎ᠡ ᠬᠣᠶ᠋ᠢᠴᠢᠰ ᠦ᠋ᠨ ᠣᠯᠠᠩᠬᠢ ᠠᠨᠤ ᠡᠷᠲᠡᠮ ᠴᠢᠲᠠᠪᠤᠷᠢ ᠮᠡᠬᠦᠰ ᠂ ᠡᠪᠦᠭᠡ ᠳᠡᠭᠡᠳᠦᠰ ᠦ᠋ᠨ ᠶ᠋ᠢᠡᠨ ᠭᠠᠪᠢᠶ᠎ᠠ ᠵᠢᠤᠠᠭᠦᠯ   ᠳᠤ  ᠡᠷᠡᠮᠰᠢᠨ ᠨᠣᠶᠠᠨ ᠵᠡᠷᠭᠡ ᠬᠦᠷᠲᠡᠭᠡᠳ ᠶᠣᠰᠣ ᠵᠢᠷᠤᠮ ᠊ᠢ ᠰᠤᠷᠬᠤ ᠦᠭᠡᠢ ᠂ ᠬᠡᠲᠦᠷᠬᠡᠢ ᠵᠢᠷᠭᠠᠵᠤ ᠪᠦᠷᠢᠯᠭᠡᠵᠦ ᠰᠦᠢᠤᠠᠬᠡᠨ ᠂ ᠡᠷᠬᠡ ᠳᠤᠷ᠎ᠠ ᠪᠠᠷ ᠠᠭᠠᠰᠢᠯᠠᠮᠤᠢ ᠃ ᠡᠵᠡᠨ ᠪᠣᠯᠣᠭᠰᠠᠳ ᠠᠨᠤ ᠨᠢᠯᠬ᠎ᠠ ᠨᠣᠮᠣᠢ ᠂ ᠰᠠᠶ᠋ᠢᠳ ᠲᠦᠰᠢᠮᠡᠳ ᠢᠨᠦ ᠡᠷᠲᠡᠮ ᠴᠢᠲᠠᠪᠤᠷᠢ ᠦᠭᠡᠢ ᠂ ᠵᠠᠰᠠᠭ ᠲᠥᠷᠥ ᠠᠶᠤᠯ ᠵᠣᠪᠠᠯᠠᠩ  ᠳᠤ ᠲᠤᠯᠭᠠᠷᠠᠭᠰᠠᠨ ᠴᠦ᠍ ᠠᠪᠤᠷᠠᠨ ᠲᠡᠤᠠᠬᠦᠬᠦ ᠦᠭᠡᠢ ᠲᠤᠯᠠ ᠰᠠᠮᠠᠭᠤᠷᠠᠯ ᠡᠭᠦᠰᠬᠦ ᠦᠭᠡᠢ ᠬᠡᠮᠡᠨ ᠪᠤᠢ ‍ᠦᠦ? ᠰᠦᠢ ᠶᠠᠩ ᠳ᠋ᠢ ᠬᠠᠭᠠᠨ ᠪᠠᠷ ᠢᠦᠢ ᠸᠸᠨ ᠱᠦ᠍ ① ᠶ᠋ᠢᠨ ᠬᠠᠪᠰᠤᠷᠤᠯᠬ᠋᠎ᠠ ᠳᠣᠣᠷ᠎ᠠ ᠬᠠᠭᠠᠨ ᠰᠠᠭᠤᠷᠢᠨ ᠊ᠢ ᠵᠠᠯᠭᠠᠮᠵᠢᠯᠠᠭᠰᠠᠨ ᠪ ᠬᠣᠶ᠋ᠢᠨ᠎ᠠ ᠲᠡᠭᠦᠨ ᠪ ᠬᠥᠪᠡᠭᠦᠨ ᠢᠦᠢ ᠸᠸᠨ ᠬᠤᠸᠠ ᠵᠢᠢ ② ᠶ᠋ᠢ ᠶᠡᠬᠡ ᠵᠠᠩᠵᠤᠨ ᠡᠷᠭᠦᠮᠵᠢᠯᠡᠪᠡ ᠃ ᠢᠦᠢ ᠸᠸᠨ ᠬᠤᠸᠠ ᠵᠢᠢ ᠠᠴᠢ ᠶ᠋ᠢ ᠬᠠᠷᠢᠭᠤᠯᠠᠬᠤ ᠶ᠋ᠢ ᠥᠯᠦ ᠪᠣᠲᠣᠨ ᠂ ᠭᠡᠲᠡᠷᠭᠦ ᠪᠡᠨ ᠰᠦᠢ ᠶᠠᠩ ᠳ᠋ᠢ ᠬᠠᠭᠠᠨ ᠊ᠢ ᠠᠯᠠᠭᠠᠳ ᠡᠵᠡᠨ ᠡᠴᠡ ᠪᠡᠨ ᠲᠡᠷᠰᠯᠡᠪᠡ ᠃ 
                      
   ① ᠰᠦᠢ ᠸᠸᠨ ᠳ᠋ᠢ ᠬᠠᠭᠠᠨ ᠪ ᠦᠶ᠎ᠡ ᠳ᠋ᠡᠬᠢ ᠴᠡᠷᠢᠭ᠋ ᠦ᠋ᠨ ᠵᠠᠩᠵᠤᠨ ᠃ ᠲᠡᠷᠡ ᠶᠠᠩ ᠭᠤᠸᠠᠩ ᠊ᠢ ᠬᠠᠪᠰᠤᠷᠴᠤ ᠬᠠᠭᠠᠨ ᠰᠠᠭᠤᠷᠢᠨ ᠊ᠢ ᠪᠤᠯᠢᠶᠠᠨ ᠡᠵᠡᠯᠡᠭᠦᠯᠵᠦ ᠂ ᠵᠡᠭᠦᠨ ᠵᠠᠬ᠎ᠠ ᠵᠢᠭᠦᠷ ᠦ᠋ᠨ ᠶᠡᠬᠡ ᠵᠠᠩᠵᠤᠨ ᠪᠣᠯᠵᠤ ᠰᠢᠦᠢ ᠭᠦᠸᠧ ᠭᠦᠩ ᠡᠷᠭᠦᠮᠵᠢᠯᠡᠬ᠋ᠲᠡᠪᠡ ᠃
     ② ᠰᠦᠢ ᠶᠠᠩ ᠳ᠋ᠢ ᠬᠠᠭᠠᠨ ᠂ ᠡᠴᠢᠭᠡ ᠶ᠋ᠢᠨ ᠬᠢᠨᠢ ᠭᠠᠪᠢᠶ᠎ᠠ ᠶ᠋ᠢ ᠲᠡᠮᠲᠡᠭᠯᠡᠨ ᠢᠦᠢ ᠸᠸᠨ ᠬᠤᠸᠠ ᠵᠢᠢ ᠶ᠋ᠢ ᠪᠠᠷᠠᠭᠤᠨ ᠭᠠᠷᠤᠨ ᠶᠡᠬᠡ ᠵᠠᠩᠵᠤᠨ ᠡᠷᠭᠦᠮᠵᠢᠯᠡᠪᠡ ᠃ ᠳ᠋ᠠ ᠶᠸ ᠶ᠋ᠢᠨ ᠠᠷᠪᠠᠨ ᠳᠥᠷᠪᠡᠳᠦᠭᠡᠷ ᠣᠨ (618 )  ᠳᠤ ᠴᠡᠷᠢᠭ᠋ ᠦ᠋ᠨ ᠬᠤᠪᠢᠰᠤᠯ ᠭᠠᠷᠭᠠᠵᠤ ᠶᠠᠩ ᠳ᠋ᠢ ᠶ᠋ᠢ ᠠᠯᠠᠭᠠᠳ ᠶᠠᠩ ᠬᠤᠤ ᠶ᠋ᠢ ᠪᠠᠶ᠋ᠢᠭᠤᠯᠪᠠ ᠃ ᠰᠡᠭᠦᠯᠡᠷ ᠨᠢ ᠶᠠᠩ ᠬᠤᠤ ᠶ᠋ᠢ ᠬᠣᠣᠷᠯᠠᠵᠤ ᠥᠪᠡᠷ ᠶ᠋ᠢᠡᠨ ᠬᠠᠭᠠᠨ ᠡᠷᠭᠦᠮᠵᠢᠯᠡᠪᠡ ᠃

ᠡᠨᠡ ᠢᠨᠦ ᠲᠦᠰᠢᠮᠡᠯ ᠪᠣᠯᠣᠭᠰᠠᠳ ᠦ᠋ᠨ ᠠᠯᠲᠠᠰᠢ ᠪᠤᠰᠤ ‍ᠦᠦ? ᠮᠢᠨᠦ  ᠬᠡᠯᠡᠭᠰᠡᠨ ᠰᠠᠨᠠᠬ᠋᠎ᠠ ᠪᠣᠯᠪᠠᠰᠤ ᠠᠪᠤᠭᠠᠢ ᠪᠠᠷ ᠦᠷ᠎ᠡ ᠬᠣᠶ᠋ᠢᠴᠢᠰ ᠶ᠋ᠢᠠᠨ ᠰᠤᠷᠭᠠᠨ ᠴᠡᠭᠡᠷᠯᠡᠭᠦᠯᠵᠦ ᠣᠰᠣᠯ ᠪᠤᠷᠤᠭᠤ ᠥᠯᠦ ᠭᠠᠷᠭᠠᠬᠤ ᠪᠣᠯᠭᠠᠪᠠᠰᠤ ᠵᠠᠰᠠᠭ ᠲᠥᠷᠥ ᠶ᠋ᠢᠨ ᠠᠵᠠ ᠵᠠᠪᠰᠢᠶᠠᠨ ᠪᠣᠯᠠᠢ 》 ᠬᠡᠮᠡᠮᠦᠢ ᠃
     ᠳᠠᠩ ᠲᠠᠶ᠋ᠢᠽᠦᠢ᠍ᠩ ᠯᠢ ᠱᠢ ᠮᠢᠨ ᠥᠭᠦᠯᠡᠷᠦᠨ ᠄ 《 ᠬᠤᠸᠠ ᠵᠢᠢ ᠪᠣᠯᠤᠨ ᠰᠢᠦᠸᠠᠨ ᠭᠠᠨ ① ᠪᠣᠯᠪᠠᠰᠤ ᠬᠠᠭᠠᠨ ᠪ ᠬᠡᠰᠢᠭ ᠊ᠢ ᠬᠠᠮᠤᠭ ᠦ᠋ᠨ ᠬᠦᠨᠲᠦ  ᠬᠦᠷᠲᠡᠭᠰᠡᠨ ᠰᠠᠶ᠋ᠢᠳ ᠦ᠋ᠨ ᠦᠷ᠎ᠡ ᠬᠣᠶ᠋ᠢᠴᠢᠰ ᠪᠣᠯᠤᠮᠤᠢ ᠃ ᠰᠡᠭᠦᠯᠡᠷ ᠨᠢ ᠪᠦᠷ ᠰᠦᠢ ᠤᠯᠤᠰ ᠠ᠋ᠴᠠ ᠲᠡᠷᠰᠯᠡᠪᠡᠢ ᠃ ᠲᠡᠭᠦᠨ ᠪ ᠰᠢᠯᠲᠠᠭᠠᠨ ᠠᠨᠤ ᠶᠠᠭᠤᠨ ᠪᠤᠢ? 》 ᠬᠡᠮᠡᠪᠡᠰᠦ ᠂ ᠼᠸᠨ ᠸᠸᠨ ᠪᠸᠨ ᠥᠴᠢᠷᠦᠨ ᠄ 《 ᠰᠠᠶ᠋ᠢᠳ ᠡᠷᠲᠡᠮᠲᠡᠨ  ᠬᠡᠮᠡᠭᠴᠢ ᠪᠤᠰᠤᠳ ᠦ᠋ᠨ ᠠᠴᠢ ᠥᠷᠥᠰᠢᠶᠡᠯ ᠊ᠢ ᠬᠠᠷᠢᠭᠤᠯᠠᠬᠤ ᠶ᠋ᠢ ᠡᠷᠬᠢᠮ ᠪᠣᠯᠭᠠᠮᠤᠢ ᠃ ᠰᠢᠦᠸᠠᠨ ᠭᠠᠨ ᠂ ᠬᠤᠸᠠ ᠵᠢᠢ ᠵᠡᠷᠭᠡ ᠬᠥᠮᠦᠨ ᠪᠣᠯᠪᠠᠰᠤ ᠥᠴᠦᠬᠡᠨ ᠬᠥᠮᠦᠨ ᠪᠣᠯᠠᠢ ᠃ ᠡᠷᠲᠡᠨ ᠪ ᠬᠥᠮᠦᠰ ᠰᠠᠶ᠋ᠢᠳ ᠡᠷᠲᠡᠮᠲᠡᠨ ᠊ᠢ ᠬᠦᠨᠲᠦᠤᠠᠬᠡᠨ ᠥᠴᠦᠬᠡᠨ ᠬᠥᠮᠦᠨ ᠊ᠢ ᠪᠠᠰᠤᠬᠤ ᠶ᠋ᠢᠨ ᠤᠴᠢᠷ ᠠᠨᠤ ᠡᠨᠡ ᠪᠤᠶᠤ 》 ᠬᠡᠮᠡᠬᠦᠶ᠎ᠡ ᠳᠠᠩ ᠲᠠᠶ᠋ᠢᠽᠦᠢ᠍ᠩ ᠯᠢ ᠱᠢ ᠮᠢᠨ 《 ᠮᠥᠨ 》 ᠬᠡᠮᠡᠨ ᠲᠣᠯᠣᠭᠠᠢ ᠳᠣᠬᠢᠪᠠ ᠃
      ᠲᠣᠬᠤᠨᠲᠡᠮᠤᠷ ᠬᠠᠭᠠᠨ ᠲᠠᠶ᠋ᠢᠲᠦ ᠬᠣᠲᠠ ᠠ᠋ᠴᠠ ᠤᠬᠤᠷᠢᠵᠤ ᠭᠠᠷᠤᠭᠠᠳ ᠭᠡᠮᠰᠢᠯ ᠦ᠋ᠨ ᠰᠢᠯᠦᠭ ᠬᠠᠶ᠋ᠢᠯᠵᠤ ᠲᠥᠷᠥ ᠪᠡᠨ ᠠᠯᠲᠠᠭᠰᠠᠨ ᠦᠨᠲᠦᠰᠦᠨ ᠰᠢᠯᠲᠠᠭᠠᠨ ᠊ᠢ  ᠦᠭᠦᠯᠡᠭᠰᠡᠨ ᠪᠠᠶ᠋ᠢᠪᠠ ᠃ ᠲᠡᠭᠦᠨ ᠪ ᠦᠵᠡᠬᠦ ᠪᠡᠷ ᠠᠯᠲᠠᠭᠰᠠᠨ ᠦᠨᠲᠦᠰᠦᠨ ᠰᠢᠯᠲᠠᠭᠠᠨ ᠪᠣᠯ 《 ᠯᠠᠬᠠᠨ ᠢᠪᠠᠬᠤ ᠬᠣᠶᠠᠷ ᠦ᠋ᠨ ᠦᠭᠡ ᠶ᠋ᠢ ᠡᠰᠡ ᠠᠪᠤᠭᠰᠠᠨ 》 ᠠ᠋ᠴᠠ ᠪᠣᠯᠪᠠ ᠬᠡᠮᠡᠪᠡᠢ ᠃ ᠳᠠᠷᠠᠬ᠋᠎ᠠ ᠨᠢ ᠵᠣᠯᠭᠤᠶ᠋ᠢᠴᠢ ᠲᠦᠰᠢᠮᠡᠳ ᠦ᠋ᠨ ᠬᠣᠬᠢᠷ ᠠᠷᠬ᠋᠎ᠠ  ᠳᠤ ᠤᠨᠠᠵᠤ 《 ᠭᠤᠲᠤᠮᠰᠢᠬᠲᠤ ᠮᠠᠭᠤ ᠨᠡᠷ᠎ᠡ ᠨᠠᠲᠤᠷ ᠬᠣᠴᠣᠷᠪᠠᠢ 》 ᠬᠡᠮᠡᠪᠡ ᠃
                     
     ①ᠰᠦᠢ ᠤᠯᠤᠰ ᠦ᠋ᠨ ᠶᠡᠬᠡ ᠰᠠᠶ᠋ᠢᠳ ᠶᠠᠩ ᠰᠦ᠍ ᠶ᠋ᠢᠨ  ᠬᠥᠪᠡᠭᠦᠨ᠃ ᠴᠦ᠋ ᠭᠦᠸᠧ ᠭᠦᠩ ᠦ᠋ᠨ ᠬᠡᠷᠬᠡᠮ ᠊ᠢ ᠵᠠᠯᠭᠠᠮᠵᠢᠯᠠᠵᠤ ᠶᠣᠰᠣᠯᠠᠯ ᠦ᠋ᠨ ᠶᠠᠪᠤᠲᠠᠯ ᠦ᠋ᠨ ᠶᠠᠮᠤᠨ ᠪ ᠳᠡᠳ᠋ ᠰᠠᠶ᠋ᠢᠳ ᠡᠷᠭᠦᠮᠵᠢᠯᠡᠬ᠋ᠲᠡᠪᠡ ᠃ ᠳ᠋ᠠ ᠶᠸ ᠶ᠋ᠢᠨ ᠶᠢᠰᠦᠲᠦᠭᠡᠷ ᠣᠨ (613 ᠣᠨ )  ᠳᠤ  ᠴᠡᠷᠢᠭ  ᠦ᠋ᠨ ᠬᠤᠪᠢᠰᠤᠯ ᠭᠠᠷᠭᠠᠵᠤ ᠠᠯᠠᠭᠲᠠᠪᠠ ᠃

    ᠬᠡᠷᠡᠭ ᠳᠡᠭᠡᠷ᠎ᠡ ᠪᠡᠨ ᠲᠣᠬᠣᠨᠲᠡᠮᠤᠷ ᠬᠠᠭᠠᠨ ᠪ ᠦᠭᠦᠯᠡᠭᠰᠡᠨ ᠡᠨᠡ ᠬᠣᠶᠠᠷ ᠵᠦᠢᠯ ᠪᠣᠯ ᠲᠥᠷᠥ ᠪᠡᠨ ᠠᠯᠲᠠᠭᠰᠠᠨ ᠦᠨᠲᠦᠰᠦ ᠰᠢᠯᠲᠠᠭᠠᠨ ᠪᠤᠰᠤ ᠃ ᠨᠡᠩᠲᠡ  ᠵᠦ᠍ ᠶᠤᠸᠠᠨ ᠵᠠᠩ ᠦ᠋ᠨ ᠤᠲᠤᠷᠢᠲᠤᠭᠰᠠᠨ ᠲᠠᠷᠢᠶᠠᠴᠢᠨ ᠪ ᠪᠣᠰᠤᠯᠬ᠋᠎ᠠ ᠶᠤᠸᠠᠨ ᠤᠯᠤᠰ ᠦ᠋ᠨ ᠲᠥᠷᠥ ᠶ᠋ᠢ ᠲᠦᠯᠬᠢᠨ ᠤᠨᠠᠭᠠᠭᠰᠠᠨ ᠪᠢᠰᠢ ᠃ ᠡᠨᠡ ᠳᠣᠲᠣᠷ᠎ᠠ ᠬᠠᠷᠢᠨ ᠮᠠᠰᠢ ᠣᠯᠠᠨ ᠦᠨᠲᠦᠰᠦ ᠰᠤᠷᠪᠤᠯᠵᠢ ᠪᠤᠢ ᠃
    ᠶᠠᠭᠤᠨ ᠪ ᠡᠮᠦᠨ᠎ᠡ ᠂ ᠲᠣᠬᠣᠨᠲᠡᠮᠤᠷ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠰᠠᠨ  ᠨᠢ ᠲᠤᠬᠠᠢ ᠶ᠋ᠢᠨ ᠦᠶ᠎ᠡ ᠶ᠋ᠢᠨ ᠤᠯᠤᠰ ᠲᠥᠷᠥ ᠶ᠋ᠢᠨ  ᠬᠡᠷᠡᠭᠴᠡᠭᠡ ᠪᠤᠯᠤᠨ ᠲᠡᠦᠬᠡᠨ ᠪᠣᠲᠠᠲᠤ ᠨᠥᠬᠥᠴᠡᠯ ᠡᠴᠡ ᠪᠣᠯᠤᠭᠰᠠᠨ ᠶᠤᠮ ᠃ ᠤᠯᠤᠰ ᠲᠥᠷᠥ ᠶ᠋ᠢᠨ  ᠬᠡᠷᠡᠭᠴᠡᠭᠡ ᠭᠡᠳᠡᠭ ᠨᠢ ᠡᠷᠬᠡᠲᠦ ᠰᠠᠶ᠋ᠢᠳ ᠦ᠋ᠨ ᠤᠯᠤᠰ ᠲᠥᠷᠥ ᠶ᠋ᠢᠨ  ᠬᠡᠷᠡᠭᠴᠡᠭᠡ ᠪᠣᠯᠤᠨ᠎ᠠ ᠃ ᠬᠤᠪᠢᠯᠠᠢ ᠰᠡᠴᠡᠨ ᠬᠠᠭᠠᠨ ᠲᠠᠶ᠋ᠢᠶᠤᠸᠠᠨ ᠤᠯᠤᠰ ᠊ᠢ ᠪᠠᠶ᠋ᠢᠭᠤᠯᠵᠤ ᠦᠷ᠎ᠡ ᠬᠣᠶ᠋ᠢᠴᠢᠰ ᠲᠤ ᠪᠠᠨ ᠮᠢᠩᠭᠠᠨ ᠣᠨ ᠮᠥᠬᠥᠬᠦ ᠦᠭᠡᠢ ᠲᠥᠷᠥ ᠤᠯᠤᠰ ᠊ᠢ ᠬᠣᠴᠣᠷᠭᠠᠬᠤ ᠶ᠋ᠢᠨ ᠲᠥᠯᠥᠭᠡ ᠨᠡᠯᠢᠶᠡᠳ ᠣᠯᠠᠨ ᠠᠷᠬ᠋᠎ᠠ ᠬᠡᠮᠵᠢᠶ᠎ᠡ ᠲᠣᠭᠲᠠᠭᠠᠵᠠᠢ ᠃ ᠡᠭᠦᠨ  ᠳᠤ ᠴᠢᠩᠭᠢᠰ ᠬᠠᠭᠠᠨ ᠪ ᠲᠣᠭᠲᠠᠭᠠᠭᠰᠠᠨ ᠠᠯᠲᠠᠨ ᠤᠷᠤᠭ ᠦ᠋ᠨ ᠬᠤᠷᠠᠯᠲᠠᠢ ᠶ᠋ᠢᠨ ᠳᠦᠷᠢᠮ ᠊ᠢ ᠬᠠᠰᠤᠭᠠᠳ (  ᠬᠡᠷᠡᠭ ᠳᠡᠭᠡᠷ᠎ᠡ ᠪᠡᠨ ᠲᠤᠬᠠᠢ ᠶ᠋ᠢᠨ ᠦᠶ᠎ᠡ  ᠳᠤ ᠲᠤᠰ ᠳᠦᠷᠢᠮ ᠨᠢ ᠨᠡᠷ᠎ᠡ ᠶ᠋ᠢᠨ ᠲᠡᠲᠦᠢ ᠪᠣᠯᠤᠭᠰᠠᠨ ) ᠲᠠᠶ᠋ᠢᠽᠢ ᠶ᠋ᠢᠨ ᠳᠦᠷᠢᠮ ᠊ᠢ  ᠬᠡᠷᠡᠭᠵᠢᠭᠦᠯᠪᠡ ᠃ ᠡᠨᠡ ‍ᠬᠦ ᠳᠦᠷᠢᠮ ᠊ᠢ ᠮᠣᠩᠭᠣᠯ ᠦ᠋ᠨ ᠢᠵᠠᠭᠤᠷᠲᠠᠨ  ᠪᠦᠷᠢᠨ ᠬᠦᠯᠢᠶᠡᠨ ᠠᠪᠴᠤ ᠴᠢᠲᠠᠭᠰᠠᠨ ᠦᠭᠡᠢ ᠃ ᠲᠡᠮᠦᠷ ᠥᠯᠵᠡᠶ᠋ᠢᠲᠦ ᠬᠠᠭᠠᠨ ᠬᠠᠯᠢᠬᠰᠠᠨ ᠪ ᠳᠠᠷᠠᠬ᠋᠎ᠠ ᠲᠡᠭᠦᠨ ᠪ ᠬᠥᠪᠡᠭᠦᠨ ᠳ᠋ᠧ ᠱᠸᠤ ᠲᠠᠶ᠋ᠢᠽᠢ ᠂ ᠡᠴᠢᠭᠡ ᠬᠠᠭᠠᠨ ᠠ᠋ᠴᠠ ᠪᠠᠨ ᠡᠮᠦᠨ᠎ᠡ ᠦᠭᠡᠢ ᠪᠣᠯᠤᠭᠰᠠᠨ ᠲᠤᠯᠠ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠴᠢ ᠲᠠᠰᠤᠷᠠᠪᠠ ᠃ ᠡᠨᠡ ᠦᠶ᠎ᠡ  ᠳᠤ ᠲᠥᠷᠥ ᠶ᠋ᠢᠨ ᠡᠷᠬᠡ ᠶ᠋ᠢ ᠭᠣᠣᠯ ᠠ᠋ᠴᠠ ᠮᠡᠲᠡᠵᠦ ᠪᠠᠶ᠋ᠢᠬᠰᠠᠨ ᠴᠢᠩᠰᠠᠩ ᠬᠠᠷᠠᠬᠠᠰᠤᠨ① ᠂ ᠲᠡᠮᠦᠷ ᠥᠯᠵᠡᠶ᠋ᠢᠲᠦ ᠬᠠᠭᠠᠨ ᠪ ᠬᠣᠶᠠᠲᠤᠭᠠᠷ ᠠᠬ᠎ᠠ ᠳᠠᠷᠮᠠᠪᠠᠯᠠ ᠶ᠋ᠢᠨ ᠳᠡᠳ᠋ ᠬᠥᠪᠡᠭᠦᠨ ᠠᠶᠤᠷᠪᠠᠷᠸᠠᠲᠠ ᠶ᠋ᠢ ᠪᠠᠶ᠋ᠢᠭᠤᠯᠬᠤ ᠪᠠᠷ ᠳᠣᠣᠭᠤᠷ ᠬᠤᠤᠪᠢᠯᠲᠤᠪᠠ ᠃ 
                        
①  ᠬᠠᠷᠠᠬᠠᠰᠤᠨ ᠪᠣᠯ ᠴᠢᠩᠭᠢᠰ ᠬᠠᠭᠠᠨ ᠪ ᠦᠶ᠎ᠡ ᠳ᠋ᠡᠬᠢ ᠭᠠᠪᠢᠶᠠᠲᠠᠨ ᠰᠠᠶ᠋ᠢᠳ  ᠭᠡᠱᠶ᠋ᠯᠢᠭ᠋ ᠳᠠᠷᠬᠠᠨ ᠪ 
ᠬᠤᠶ᠋ᠢᠴᠢᠰ ᠮᠥᠨ ᠃ ᠮᠣᠩᠭᠣᠯ ᠦ᠋ᠨ ᠲᠡᠦᠬᠡᠨ ᠳ᠋ᠠᠬᠢ ᠡᠷᠬᠡᠲᠦ ᠰᠠᠶ᠋ᠢᠳ ᠦ᠋ᠨ ᠤᠯᠤᠰ ᠲᠥᠷᠥ ᠲᠡᠭᠦᠨ ᠡᠴᠡ ᠡᠬᠢᠯᠡᠬ᠋ᠰᠡᠨ ᠪᠥᠯᠥᠭᠡ ᠃
 
ᠠᠶᠤᠷᠪᠠᠷᠸᠠᠲᠠ ᠤᠮᠠᠷ᠎ᠠ ᠬᠢᠯᠢ ᠶ᠋ᠢ ᠳᠠᠷᠤᠨ ᠰᠠᠭᠤᠭᠰᠠᠨ ᠠᠬ᠎ᠠ ᠬᠠᠶ᠋ᠢᠱᠠᠨ ᠪ  ᠴᠡᠷᠢᠭ ᠦ᠋ᠨ ᠰᠥᠷ ᠡᠴᠡ ᠠᠶᠤᠵᠤ ᠬᠠᠶ᠋ᠢᠱᠠᠨ ᠊ᠢ ᠱᠠᠩᠲᠤ  ᠳᠤ ᠤᠭᠲᠤᠨ ᠠᠪᠴᠢᠷᠠᠭᠠᠳ ᠬᠠᠭᠠᠨ ᠡᠷᠭᠦᠮᠵᠢᠯᠡᠪᠡ ᠃ ᠬᠠᠶ᠋ᠢᠱᠠᠨ ᠮᠣᠩᠭᠣᠯ ᠬᠥᠮᠦᠨ ᠪ ᠦᠨᠡᠨᠴᠢ ᠴᠠᠭᠠᠪᠤᠷ ᠰᠡᠤᠠᠬᠢᠯ ᠊ᠢ ᠪᠠᠷᠢᠵᠤ ᠂ ᠳᠡᠭᠦᠦ ᠠᠶᠤᠷᠪᠠᠷᠸᠠᠲᠠ  ᠳᠤ ᠲᠠᠯᠠᠷᠬᠠᠵᠤ ᠲᠡᠭᠦᠨ ᠊ᠢ ᠲᠠᠶ᠋ᠢᠽᠢ ᠡᠷᠭᠦᠮᠵᠢᠯᠡᠭᠡᠳ 《 ᠠᠬ᠎ᠠ ᠠᠨᠤ ᠬᠠᠯᠢᠪᠠᠰᠤ ᠳᠡᠭᠦᠦ ᠢᠨᠤ ᠵᠠᠯᠭᠠᠮᠵᠢᠯᠠᠬᠤ ᠂ ᠳᠡᠭᠦᠦ ᠢᠨᠤ ᠬᠠᠯᠢᠪᠠᠰᠤ ᠦᠶᠡᠯᠢᠳ ᠬᠥᠪᠡᠭᠦᠳ ᠢᠨᠤ ᠵᠠᠯᠭᠠᠮᠵᠢᠯᠠᠬᠤ 》 ᠬᠡᠮᠡᠨ ᠪᠣᠯᠵᠣᠪᠠ ᠃ ᠠᠶᠤᠷᠪᠠᠷᠸᠠᠲᠠ ᠂ ᠬᠠᠶ᠋ᠢᠱᠠᠨ  ᠬᠥᠯᠥᠭ ᠬᠠᠭᠠᠨ ᠬᠠᠯᠢᠬᠰᠠᠨ ᠪ ᠳᠠᠷᠠᠬ᠋᠎ᠠ ᠪᠣᠯᠵᠣᠬ᠋᠎ᠠ ᠶᠣᠰᠣᠭᠠᠷ ᠶᠡᠬᠡ ᠬᠠᠭᠠᠨ ᠪ ᠰᠠᠭᠤᠷᠢᠨ ᠳᠤ ᠰᠢᠯᠤᠭᠤᠬᠠᠨ ᠶ᠋ᠢᠠᠷ ᠲᠠᠪᠰᠢᠪᠠ ᠃ ᠭᠡᠲᠡᠯ᠎ᠡ ᠲᠡᠷᠡ ᠬᠠᠭᠠᠨ ᠰᠠᠭᠤᠷᠢᠨ  ᠳᠤ  ᠳᠠᠪᠰᠢᠭ᠍ᠰᠠᠨ ᠪ ᠳᠠᠷᠠᠬ᠋᠎ᠠ ᠂ ᠤᠷᠢᠲᠤ ᠶ᠋ᠢᠨ ᠪᠣᠯᠵᠣᠬ᠋᠎ᠠ ᠪᠠᠨ ᠡᠪᠲᠡᠵᠦ ᠥᠪᠡᠷ ᠦ᠋ᠨ ᠬᠥᠪᠡᠭᠦᠨ ᠰᠣᠲᠢᠪᠠᠯᠠ ᠶ᠋ᠢ ᠲᠠᠶ᠋ᠢᠽᠢ ᠡᠷᠭᠦᠮᠵᠢᠯᠡᠨ ᠬᠠᠶ᠋ᠢᠱᠠᠨ  ᠬᠥᠯᠥᠭ ᠬᠠᠭᠠᠨ ᠪ ᠠᠬᠠᠮᠠᠳ ᠬᠥᠪᠡᠭᠦᠨ ᠬᠣᠱᠶ᠋ᠯᠠ ᠶ᠋ᠢ ᠶᠦᠨᠨᠠᠨ ᠪ ᠭᠠᠵᠠᠷ ᠴᠦᠯᠡᠪᠡ ᠃ ᠰᠣᠲᠢᠪᠠᠯᠠ ᠶᠡᠬᠡ ᠬᠠᠭᠠᠨ ᠪ ᠰᠠᠭᠤᠷᠢᠨ ᠊ᠢ ᠵᠠᠯᠭᠠᠮᠵᠢᠯᠠᠭᠰᠠᠨ ᠪ ᠬᠣᠶ᠋ᠢᠨ᠎ᠠ ᠂ ᠮᠤᠬᠤᠯᠠᠢ ᠶ᠋ᠢᠨ ᠵᠢᠷᠭᠤᠲᠤᠭᠠᠷ ᠦᠶ᠎ᠡ ᠶ᠋ᠢᠨ ᠬᠣᠶ᠋ᠢᠴᠢᠰ ᠪᠠᠶ᠋ᠢᠵᠤ (  ᠠᠨᠲ᠋ᠦᠶ᠋ᠩ ᠦ᠋ᠨ ᠣᠮᠪᠣᠯᠣ ) ᠶ᠋ᠢ ᠪᠠᠷᠠᠭᠤᠨ ᠭᠠᠷᠤᠨ ᠴᠢᠩᠰᠠᠩ ᠡᠷᠭᠦᠮᠵᠢᠯᠡᠵᠦ ᠂ ᠰᠢᠨ᠎ᠡ ᠵᠠᠰᠠᠭ ᠊ᠢ ᠶᠠᠪᠤᠭᠤᠯᠤᠭᠠᠳ ᠡᠷᠬᠡᠲᠦ ᠰᠠᠶ᠋ᠢᠳ ᠲᠡᠮᠦᠲᠡᠷ ᠦ᠋ᠨ ᠦᠯᠡᠳᠡᠭᠳᠡᠯ ᠨᠠᠮᠲᠠᠨ ᠲᠡᠪᠰᠢ ᠨᠠᠷ ᠲᠤ ᠬᠣᠣᠷᠯᠠᠭᠲᠠᠪᠠ ᠃ ᠡᠶ᠋ᠢᠨ ‍ᠬᠦ ᠶᠡᠬᠡ ᠬᠠᠭᠠᠨ ᠪ ᠰᠠᠭᠤᠷᠢᠨ ᠲᠡᠮᠦᠷ ᠥᠯᠵᠡᠶ᠋ᠢᠲᠦ ᠬᠠᠭᠠᠨ ᠪ ᠶᠡᠬᠡ ᠠᠬ᠎ᠠ ᠭᠠᠮᠠᠯᠠ ᠶ᠋ᠢᠨ ᠤᠭᠰᠠᠬ᠋᠎ᠠ  ᠳᠤ ᠰᠢᠯᠵᠢᠪᠡ ᠃ ᠭᠠᠮᠠᠯᠠ ᠶ᠋ᠢᠨ ᠠᠬᠠᠮᠠᠳ ᠬᠥᠪᠡᠭᠦᠨ ᠡᠰᠡᠨᠲᠡᠮᠤᠷ ᠰᠠᠨᠠᠭᠠᠨ ᠪ ᠭᠠᠲᠠᠭᠤᠷ ᠬᠠᠭᠠᠨ ᠲᠠᠪᠤᠨ ᠣᠨ ᠰᠠᠭᠤᠭᠠᠳ ᠬᠠᠯᠢᠬᠰᠠᠨ ᠪ ᠬᠣᠶ᠋ᠢᠨ᠎ᠠ ᠂ ᠱᠠᠩᠲᠤ ᠂ ᠳᠠᠶ᠋ᠢᠳᠤ  ᠳᠤ ᠬᠣᠶᠠᠷ ᠬᠠᠭᠠᠨ ᠊ᠢ ᠪᠠᠶ᠋ᠢᠭᠤᠯᠵᠤ  ᠵᠡᠪᠰᠡᠭᠲᠦ ᠮᠥᠷᠭᠥᠯᠲᠦᠭᠡᠨ ᠡᠭᠦᠰᠪᠡ ᠃
    ᠡᠨᠡ ᠪᠣᠯ ᠶᠤᠸᠠᠨ ᠤᠯᠤᠰ ᠦ᠋ᠨ ᠲᠡᠦᠬᠡᠨ ᠳ᠋ᠡᠬᠢ ᠡᠷᠬᠡᠲᠦ ᠰᠠᠶ᠋ᠢᠳ ᠦ᠋ᠨ ᠤᠯᠤᠰ ᠲᠥᠷᠥ ᠠᠩᠬ᠎ᠠ ᠡᠬᠢᠯᠡᠭᠡᠳ ᠬᠥᠰᠢᠭᠡ ᠶ᠋ᠢᠨ ᠠᠷᠤ  ᠳᠤ ᠨᠢᠭᠤᠴᠠ ᠪᠠᠷ ᠶᠠᠪᠤᠭᠲᠠᠵᠤ ᠪᠠᠶ᠋ᠢᠬᠰᠠᠨ ᠠ᠋ᠴᠠ ᠪᠠᠨ ᠲᠠᠶ᠋ᠢᠰᠠᠨ  ᠳᠤ ᠦᠰᠦᠷᠦᠨ ᠭᠠᠷᠴᠤ ᠢᠷᠡᠭᠡᠳ ᠢᠯᠡ ᠪᠡᠷ ᠲᠡᠮᠡᠴᠡᠯᠲᠦᠬᠦ ᠪᠣᠯᠤᠭᠰᠠᠨ  ᠊ᠢ ᠬᠠᠷᠠᠭᠤᠯᠵᠤ ᠪᠤᠢ ᠃ ᠡᠶ᠋ᠢᠮᠦᠷᠬᠦᠦ ᠢᠯᠡ ᠪᠡᠷ ᠶᠠᠪᠤᠭᠲᠠᠭᠰᠠᠨ  ᠵᠡᠪᠰᠡᠭᠲᠦ ᠲᠡᠮᠡᠴᠡᠯ ᠦ᠋ᠨ ᠡᠴᠦᠰ ᠲᠦ ᠳᠠᠶ᠋ᠢᠳᠤ ᠬᠣᠲᠠ ᠶ᠋ᠢᠨ ᠬᠢᠨ ᠢᠯᠠᠯᠲᠠ ᠣᠯᠵᠤ ᠬᠠᠶ᠋ᠢᠱᠠᠨ ᠬᠥᠯᠥᠭ ᠬᠠᠭᠠᠨ ᠪ ᠳᠡᠳ᠋ ᠬᠥᠪᠡᠭᠦᠨ  ᠲᠣᠭᠲᠡᠮᠤᠷ ᠊ᠢ ᠬᠠᠭᠠᠨ ᠣᠷᠣ  ᠳᠤ ᠡᠷᠭᠦᠵᠦ ᠭᠠᠷᠭᠠᠪᠠ ᠃ ᠲᠣᠭᠲᠡᠮᠤᠷ ᠂ ᠪᠠᠷᠠᠭᠤᠨ ᠬᠣᠶ᠋ᠢᠲᠤ ᠣᠷᠣᠨ  ᠳᠤ ᠳᠤᠲᠠᠭᠠᠵᠤ ᠶᠠᠪᠤᠭᠰᠠᠨ ᠠᠬ᠎ᠠ ᠬᠣᠱᠶ᠋ᠯᠠ ᠶ᠋ᠢ  ᠴᠡᠷᠢᠭ ᠶ᠋ᠢᠡᠷ ᠢᠷᠡᠵᠦ ᠰᠦᠷᠲᠡᠭᠦᠯᠬᠦ ᠡᠴᠡ ᠠᠶᠤᠭᠠᠳ ᠡᠷᠬᠡᠲᠦ ᠰᠠᠶ᠋ᠢᠳ ᠦ᠋ᠨ ᠤᠬᠠᠭᠤᠯᠤᠯ ᠳᠣᠣᠷ᠎ᠠ ᠂ ᠬᠠᠭᠠᠨ ᠰᠠᠭᠤᠷᠢᠨ ᠶ᠋ᠢᠠᠨ ᠬᠠᠭᠤᠷᠮᠠᠭ ᠶ᠋ᠢᠠᠷ ᠨᠠᠶ᠋ᠢᠷ ᠲᠠᠯᠪᠢᠨ ᠣᠩᠬᠤᠴᠠᠲᠤ ᠬᠡᠮᠡᠬᠦ ᠭᠠᠵᠠᠷ ᠠᠬ᠎ᠠ ᠬᠣᠱᠶ᠋ᠯᠠ ᠪᠠᠨ ᠬᠣᠣᠷᠯᠠᠨ ᠠᠯᠠᠭᠠᠳ ᠳᠠᠬᠢᠨ ᠬᠠᠭᠠᠨ ᠰᠠᠭᠤᠷᠢᠨ ᠊ᠢ ᠡᠵᠡᠯᠡᠪᠡ ᠃ ᠡᠨᠡ ᠪᠣᠯ ᠪᠦᠷ ᠡᠷᠬᠡᠲᠦ ᠰᠠᠶ᠋ᠢᠳ ᠦ᠋ᠨ ᠤᠲᠤᠷᠢᠲᠤᠨ ᠲᠣᠭᠯᠠᠭᠰᠠᠨ ᠭᠤᠨᠢᠬᠲᠤ ᠵᠦᠴᠦᠭᠡ ᠪᠢᠯᠠ ᠃
     ᠲᠣᠭᠲᠡᠮᠤᠷ ᠪᠣᠯ ᠬᠣᠱᠶ᠋ᠯᠠ ᠬᠤᠲᠤᠭᠲᠤ ᠬᠠᠭᠠᠨ ᠪ ᠠᠬᠠᠮᠠᠳ ᠬᠥᠪᠡᠭᠦᠨ ᠮᠥᠨ ᠃ ᠲᠡᠷᠡ ᠂ ᠡᠨᠡ ᠭᠤᠨᠢᠬᠲᠤ ᠵᠦᠴᠦᠭᠡ ᠶ᠋ᠢᠨ ᠭᠣᠣᠯ ᠲᠣᠭᠯᠠᠭᠴᠢ ᠪᠣᠯᠵᠤ ᠤᠯᠤᠰ ᠲᠥᠷᠥ ᠶ᠋ᠢᠨ ᠲᠠᠶ᠋ᠢᠰᠠᠨ  ᠳᠤ ᠭᠠᠷᠤᠭᠰᠠᠨ ᠪ ᠬᠣᠶ᠋ᠢᠨ᠎ᠠ ᠂ ᠡᠷᠬᠡᠲᠦ ᠰᠠᠶ᠋ᠢᠳ ᠦ᠋ᠨ ᠤᠯᠤᠰ ᠲᠥᠷᠥ ᠶ᠋ᠢ ᠢᠯᠠᠨ ᠳᠠᠪᠠᠬᠤ ᠬᠤᠷᠴᠠ ᠰᠢᠷᠦᠭᠦᠨ ᠠᠰᠠᠭᠤᠲᠠᠯ ᠲᠡᠭᠦᠨ ᠪ ᠡᠮᠦᠨ᠎ᠡ ᠲᠠᠯᠪᠢᠬᠲᠠᠪᠠ ᠃
     ᠲᠣᠬᠣᠨᠲᠡᠮᠤᠷ ᠊ᠢ ᠤᠬᠠᠭᠠᠨᠲᠤ ᠬᠠᠭᠠᠨ  ᠬᠡᠮᠡᠭᠰᠡᠨ ᠢᠨᠤ ᠦᠨᠲᠦᠰᠦ ᠪᠠᠷᠢᠮᠲᠠ ᠲᠠᠢ ᠂ ᠨᠡᠷ᠎ᠡ ᠨᠢᠲᠡᠷ ᠲᠤ ᠪᠡᠨ ᠵᠣᠬᠢᠴᠠᠭᠰᠠᠨ ᠣᠨᠣᠪᠴᠢᠲᠠᠢ ᠨᠡᠷᠡᠶ᠋ᠢᠲᠦᠯ ᠮᠥᠨ ᠃ ᠲᠡᠷᠡ ᠂ ᠤᠷᠢᠲᠤ ᠶ᠋ᠢᠨ ᠬᠠᠭᠠᠳ ᠦ᠋ᠨ ᠦᠢᠯᠡ ᠬᠡᠷᠡᠭ ᠡᠴᠡ ᠰᠤᠷᠭᠠᠮᠵᠢ ᠠᠪᠴᠤ ᠂ ᠡᠷᠬᠡᠲᠦ ᠰᠠᠶ᠋ᠢᠳ ᠦ᠋ᠨ ᠤᠯᠤᠰ ᠲᠥᠷᠥ ᠶ᠋ᠢ ᠵᠠᠲᠠ ᠢᠯᠡᠴᠢᠯᠡᠨ ᠭᠤᠴᠢᠨ ᠳᠣᠯᠣᠭᠠᠨ ᠵᠢᠯ ᠬᠠᠭᠠᠨ ᠣᠷᠣ  ᠳᠤ ᠰᠠᠭᠤᠭᠰᠠᠨ ᠶᠤᠮ ᠃ ᠲᠡᠭᠦᠨ ᠪ ᠠᠪᠤᠭᠰᠠᠨ ᠭᠣᠣᠯ ᠠᠷᠬ᠋᠎ᠠ ᠪᠣᠲᠣᠯᠬ᠋᠎ᠠ ᠪᠣᠯ ᠡᠷᠬᠡᠲᠦ ᠰᠠᠶ᠋ᠢᠳ ᠦ᠋ᠨ ᠬᠣᠭᠣᠷᠣᠨᠲᠣᠬᠢ ᠵᠥᠷᠢᠴᠡᠯ ᠊ᠢ ᠠᠰᠢᠬᠯᠠᠨ ᠂ ᠨᠢᠭᠡᠨ ᠪ ᠬᠢᠨᠢ ᠬᠦᠴᠦ ᠪᠡᠷ ᠨᠥᠭᠦᠭᠡ ᠡᠲᠡᠭᠡᠳ ᠊ᠢ ᠤᠰᠠᠤᠠᠬᠠᠵᠤ ᠡᠴᠦᠰ ᠲᠦ ᠪᠡᠨ ᠢᠯᠠᠵᠤ ᠢᠯᠠᠭᠲᠠᠭᠰᠠᠨ ᠬᠣᠶᠠᠷ ᠲᠠᠯ᠎ᠠ ᠪᠠᠷ ᠶ᠋ᠢᠠᠨ ᠪᠦᠷ 《 ᠬᠠᠭᠠᠨ ᠪ ᠬᠡᠰᠢᠭ  ᠲᠤ ᠢᠭᠳᠦᠯᠦᠨ ᠪᠢᠰᠢᠷᠡᠮᠦ 》 ᠬᠡᠮᠡᠮᠦᠢ ᠃ ᠪᠠᠷᠤᠭ ᠦ᠋ᠨ ᠬᠥᠮᠦᠨ ᠢᠩᠭᠢᠵᠦ ᠬᠢᠵᠦ ᠴᠢᠲᠠᠬᠤ ᠦᠭᠡᠢ ᠪᠤᠶᠤ ᠃ 
      ᠳᠠᠷᠠᠬ᠋᠎ᠠ ᠳ᠋ᠤᠨᠢ ᠂ ᠲᠡᠦᠬᠡᠨ ᠪᠣᠲᠠᠲᠠᠢ ᠪᠠᠶ᠋ᠢᠲᠠᠯ ᠲᠡᠭᠦᠨ ᠪ ᠰᠡᠤᠠᠬᠢᠯ ᠰᠠᠨᠠᠭᠠᠨ ᠳᠤ ᠬᠦᠨᠲᠦ ᠳᠠᠷᠤᠭᠠᠰᠤ ᠪᠣᠯᠵᠤ ᠪᠠᠶ᠋ᠢᠪᠠ ᠃ ᠲᠤᠬᠠᠢ ᠶ᠋ᠢᠨ ᠪᠠᠶ᠋ᠢᠲᠠᠯ ᠭᠡᠪᠡᠯ ᠂ ᠲᠣᠬᠣᠨᠲᠡᠮᠤᠷ ᠦ᠋ᠨ ᠤᠲᠤᠮ ᠤᠭᠰᠠᠬ᠋᠎ᠠ ᠶ᠋ᠢᠨ ᠬᠥᠮᠦᠰ ᠪᠦᠷ ᠣᠬᠣᠷ ᠨᠠᠰᠤᠯᠠᠵᠠᠢ ᠂ ᠵᠢᠱ᠌ᠢᠶᠡᠯᠡᠪᠡᠯ ᠡᠯᠦᠨᠴᠡ ᠡᠪᠦᠭᠡ ᠳᠠᠷᠮᠠᠪᠠᠯᠠ ᠬᠣᠷᠢ ᠶᠢᠰᠦᠨ ᠨᠠᠰᠤᠲᠠᠢ ᠨᠠᠰᠤᠨ ᠡᠴᠦᠰᠯᠡᠵᠦ ᠂ ᠡᠪᠦᠭᠡ ᠬᠠᠶ᠋ᠢᠱᠠᠨ  ᠬᠥᠯᠥᠭ ᠬᠠᠭᠠᠨ ᠭᠤᠴᠢᠨ ᠨᠢᠭᠡᠨ ᠨᠠᠰᠤᠲᠠᠢ ᠲᠩᠷᠢ  ᠳᠤ ᠬᠠᠯᠢᠪᠠ ᠃ ᠡᠴᠢᠭᠡ ᠬᠣᠱᠶ᠋ᠯᠠ ᠬᠤᠲᠤᠭᠲᠤ ᠬᠠᠭᠠᠨ ᠭᠤᠴᠢᠨ ᠨᠠᠰᠤᠲᠠᠢ ᠂ ᠠᠪᠠᠬ᠋᠎ᠠ ᠲᠣᠬᠲᠡᠮᠤᠷ ᠵᠠᠶᠠᠭᠠᠲᠤ ᠬᠠᠭᠠᠨ ᠬᠣᠷᠢ ᠶᠢᠰᠦᠨ ᠨᠠᠰᠤᠲᠠᠢ ᠬᠠᠯᠢᠬᠰᠠᠨ ᠪᠥᠭᠡᠳ ᠳᠡᠭᠦᠦ ᠷᠢᠨᠴᠢᠨᠪᠠᠯ ᠠᠨᠤ ᠵᠥᠪᠬᠡᠨ ᠳᠣᠯᠣᠭᠠᠨ ᠨᠠᠰᠤᠯᠠᠭᠠᠳ ᠬᠠᠭᠠᠨ ᠣᠷᠣ ᠳᠤ ᠳᠥᠴᠢᠨ ᠭᠤᠷᠪᠠᠨ ᠡᠲᠦᠷ ᠰᠠᠭᠤᠭᠠᠳ ᠬᠠᠯᠢᠪᠠ ᠃ ᠡᠨᠡ ‍ᠬᠦ ᠬᠦᠨᠲᠦ ᠬᠡᠴᠡᠭᠦᠦ ᠪᠠᠶ᠋ᠢᠲᠠᠯ ᠨᠢ ᠲᠣᠬᠣᠨᠲᠡᠮᠤᠷ ᠲᠤ ᠠᠮᠢ ᠨᠠᠰᠤᠨ ᠪ ᠶᠡᠬᠡ ᠰᠦᠷᠲᠡᠭᠦᠯᠦᠯ ᠪᠣᠯᠵᠤ ᠂ ᠬᠠᠭᠠᠨ ᠰᠠᠭᠤᠷᠢᠨ  ᠳᠤ ᠰᠠᠭᠤᠭᠠᠳ ᠠᠷᠪᠠᠨ ᠬᠡᠲᠦᠨ ᠵᠢᠯ ᠪᠣᠯᠤᠭᠰᠠᠨ ᠪ ᠳᠠᠷᠠᠬ᠋᠎ᠠ ᠬᠡᠷᠬᠢᠪᠡᠯ ᠭᠡᠨᠡᠤᠠᠲᠡ ᠶ᠋ᠢᠨ ᠦᠬᠦᠯ ᠡᠴᠡ ᠬᠡᠯᠲᠦᠷᠢᠵᠦ ᠂ ᠤᠷᠲᠤ ᠨᠠᠰᠤᠯᠠᠨ ᠤᠲᠠᠭᠠᠨ ᠵᠢᠷᠭᠠᠬᠤ ᠠᠰᠠᠭᠤᠲᠠᠯ ᠊ᠢ ᠭᠣᠣᠯᠴᠢᠯᠠᠨ ᠪᠣᠲᠣᠯᠬᠢᠯᠠᠵᠤ  ᠡᠬᠢᠯᠡᠭᠰᠡᠨ ᠪᠠᠶ᠋ᠢᠪᠠ ᠃ ᠲᠡᠭᠦᠨ ᠪ ᠰᠠᠨᠠᠬ᠋᠎ᠠ ᠶ᠋ᠢ ᠵᠤᠯᠭᠤᠶ᠋ᠢᠴᠢ ᠲᠦᠰᠢᠮᠡᠯ ᠦ᠋ᠳ ᠣᠶ᠋ᠢᠯᠠᠭᠠᠵᠤ ᠤᠷᠲᠤ ᠨᠠᠰᠤᠯᠠᠨ ᠤᠲᠠᠭᠠᠨ ᠵᠢᠷᠭᠠᠬᠤ ᠠᠷᠬ᠋᠎ᠠ ᠤᠬᠠᠭᠠᠨ ᠊ᠢ ᠵᠢᠭᠠᠵᠤ ᠥᠭᠴᠡᠢ ᠃
     ᠲᠡᠷᠡ ‍ᠬᠦ ᠠᠷᠬ᠋᠎ᠠ ᠤᠬᠠᠭᠠᠨ ᠊ᠢ ᠣᠲᠣ ᠶ᠋ᠢᠨ ᠬᠥᠮᠦᠰ ᠦ᠋ᠨ ᠮᠡᠲᠡᠯᠭᠡ ᠶ᠋ᠢᠨ ᠬᠡᠮᠵᠢᠶ᠎ᠡ ᠡᠴᠡ ᠰᠢᠨᠵᠢᠬᠦᠯ᠎ᠡ ᠥᠭᠡᠷ᠎ᠡ ᠶᠠᠭᠤᠮ᠎ᠠ ᠪᠢᠰᠢ ᠂ ᠳᠠᠷᠤᠢ ᠨᠢᠭᠤᠴᠠ ᠲᠠᠷᠨᠢ ᠶ᠋ᠢᠨ ᠶᠤᠺᠡ ᠪᠢᠰᠢᠯᠭᠠᠯ ᠪᠤᠶᠤ ᠃ ᠪᠤᠷᠬᠠᠨ ᠪ ᠨᠣᠮ  ᠳᠤ  ᠦᠭᠦᠯᠡᠭᠰᠡᠨ ᠢᠨᠤ ᠄  ᠪᠢᠯᠢᠭ ᠬᠣᠭᠣᠰᠣᠨ ᠴᠢᠨᠠᠷ ᠬᠢᠭᠡᠳ ᠠᠷᠬ᠋᠎ᠠ ᠶᠡᠬᠡ ᠨᠢᠭᠦᠯᠡᠰᠬᠦᠢ ᠶ᠋ᠢ ᠬᠣᠣᠰᠯᠠᠨ ᠪᠠᠷᠢᠬᠤ ᠶ᠋ᠢᠨ ᠡᠭᠦᠲᠡᠨ ᠡᠴᠡ ᠰᠡᠤᠠᠬᠢᠯ ᠦ᠋ᠨ ᠪᠡᠯᠭᠡ ᠶ᠋ᠢ ᠤᠨᠤᠨ ᠠᠪᠤᠷᠠᠨ ᠦᠢᠯᠡᠤᠠᠬᠦᠢ ᠶᠡᠬᠡ ᠠᠮᠤᠭᠤᠯᠠᠩ ᠦ᠋ᠨ ᠪᠡᠯᠭᠡ  ᠪᠢᠯᠢᠭ ᠪᠥᠭᠡᠳ ᠨᠢᠭᠤᠴᠠᠯᠠᠨ ᠪᠦᠲᠦᠭᠡᠬᠦᠢ ᠢᠨᠤ ᠰᠠᠪᠠ ᠮᠠᠭᠤᠲᠤ ᠶ᠋ᠢᠨ ᠶᠠᠪᠤᠲᠠᠯ ᠦ᠋ᠨ ᠣᠷᠣᠨ ᠪᠤᠰᠤ ᠲᠤᠯᠠ ᠨᠢᠭᠤᠴᠠ ᠲᠠᠷᠨᠢ ᠬᠡᠮᠡᠬᠦ ᠪᠥᠯᠥᠭᠡ ᠬᠡᠮᠡᠪᠡ ᠃ ᠨᠢᠭᠤᠴᠠ ᠲᠠᠷᠨᠢ ᠶ᠋ᠢᠨ ᠶᠤᠺᠡ ᠪᠢᠰᠢᠯᠭᠠᠯ ᠊ᠢ ᠭᠤᠷᠪᠠᠨ ᠱᠠᠲᠤ ᠬᠤᠪᠢᠶᠠᠨ  ᠪᠦᠲᠦᠭᠡᠮᠦᠢ ᠃ ᠳᠡᠭᠡᠳᠦ ᠱᠠᠲᠤᠨ  ᠳᠤ ᠬᠦᠷᠪᠡᠰᠦ  ᠡᠷᠡᠭᠲᠡᠢ ᠡᠮᠡᠭᠲᠡᠢ ᠬᠠᠮᠲᠤ ᠪᠠᠷ ᠰᠠᠭᠤᠵᠤ ᠪᠢᠰᠢᠯᠭᠠᠮᠤᠢ ᠃
      ᠡᠭᠦᠨ ᠊ᠢ 《 ᠬᠣᠣᠰ ᠬᠠᠭᠤᠷᠠᠢ 》 ( ᠬᠢᠢ ᠸᠴᠢᠷ ᠪᠤᠶᠤ ᠪᠠᠶᠠᠰᠬᠤᠢ ᠸᠴᠢᠷ ) ᠪᠢᠰᠢᠯᠭᠠᠯ ( ᠬᠢᠲᠠᠳ ᠶ᠋ᠢᠠᠷ双修法 ᠂ 演揲儿ᠪᠤᠶᠤ大喜乐 ) ᠬᠡᠮᠡᠮᠦᠢ ᠃ ᠲᠡᠦᠬᠡᠨ ᠲᠡᠮᠲᠡᠭᠯᠡᠯ ᠊ᠢ ᠦᠨᠲᠦᠰᠦᠯᠡᠪᠡᠯ ᠲᠣᠬᠣᠨᠲᠡᠮᠤᠷ ᠬᠠᠭᠠᠨ ᠨᠢᠭᠡᠨᠲᠡ ᠨᠢᠭᠤᠴᠠ ᠲᠠᠷᠨᠢ ᠶ᠋ᠢᠨ ᠶᠤᠺᠡ ᠪᠢᠰᠢᠯᠭᠠᠯ ᠦ᠋ᠨ ᠳᠡᠭᠡᠳᠦ ᠱᠠᠲᠤᠨ  ᠳᠤ  ᠬᠦᠷᠦᠭᠰᠡᠨ ᠪᠥᠯᠥᠭᠡ ᠃ ᠭᠡᠪᠡᠴᠦ ᠲᠤᠬᠠᠢ ᠶ᠋ᠢᠨ ᠦᠶ᠎ᠡ  ᠳᠤ ᠲᠤᠰ ᠪᠢᠰᠢᠯᠭᠠᠯ ᠨᠢ ᠵᠥᠪᠬᠡᠨ ᠲᠥᠪᠡᠳ ᠣᠷᠣᠨ  ᠳᠤ ᠨᠢᠭᠤᠴᠠ ᠪᠠᠷ ᠤᠯᠠᠮᠵᠢᠯᠠᠭᠲᠠᠵᠤ ᠪᠠᠶ᠋ᠢᠬᠰᠠᠨ ᠲᠤᠯᠠ ᠡᠩ ᠦ᠋ᠨ ᠬᠥᠮᠦᠰ ᠣᠶ᠋ᠢᠯᠠᠭᠠᠬᠤ ᠦᠭᠡᠢ ᠪᠠᠶ᠋ᠢᠵᠤ ᠂ ᠲᠡᠭᠦᠨ ᠊ᠢ ᠱᠠᠯᠢᠬ ᠵᠠᠪᠬᠠᠢ ᠶᠠᠭᠤᠮ᠎ᠠ ᠪᠣᠯᠭᠠᠨ ᠲᠠᠰᠤ ᠪᠤᠷᠤᠭᠤ ᠪᠠᠷ ᠣᠶ᠋ᠢᠯᠠᠭᠠᠨ ᠶᠠᠷᠢᠯᠴᠠᠵᠤ ᠪᠠᠶ᠋ᠢᠵᠠᠢ ᠃ 《 ᠠᠷᠪᠠᠨ ᠵᠢᠷᠭᠤᠭᠠᠨ ᠰᠢᠮᠨᠡᠴᠡ ᠶ᠋ᠢᠨ  ᠪᠥᠵᠢᠭ 》 ᠬᠡᠮᠡᠬᠦ ᠢᠨᠤ ᠶᠠᠭ ᠡᠨᠡ ᠲᠤᠬᠠᠢ ᠭᠡᠷᠡᠴᠢ ᠪᠣᠯᠵᠤ ᠪᠠᠶ᠋ᠢᠬ᠋᠎ᠠ ᠶᠤᠮ ᠃ 《 ᠰᠢᠮᠨᠡᠴᠡ 》  ᠭᠡᠳᠡᠭ ᠨᠢ  ᠲᠦᠷᠦᠭ ᠬᠡᠯᠡᠨ  ᠳᠤ 《ᠲᠤᠷᠰᠢᠬᠤ 》 ᠭᠡᠰᠡᠨ ᠤᠤᠠᠬ᠎ᠠ ᠲᠠᠢ ᠭᠡᠨ᠎ᠡ ᠃ ᠲᠣᠬᠣᠨᠲᠡᠮᠦᠷ ᠬᠠᠭᠠᠨ ᠪᠠᠷ ᠨᠢᠭᠤᠴᠠ ᠲᠠᠷᠨᠢ ᠶ᠋ᠢᠨ ᠶᠣᠺᠡ ᠪᠢᠰᠢᠯᠭᠠᠯ ᠬᠢᠬᠦ ᠪᠡᠷ ᠳᠠᠮᠵᠢᠭᠠᠳ ᠤᠷᠲᠤ ᠨᠠᠰᠤᠯᠠᠬᠤ ᠶ᠋ᠢ ᠬᠡᠲᠦᠷᠬᠡᠢ ᠢᠲᠡᠭᠡᠵᠦ ᠂ ᠵᠤᠯᠭᠤᠶ᠋ᠢᠴᠢ ᠲᠦᠰᠢᠮᠡᠳ ᠦ᠋ᠨ ᠬᠤᠶ᠋ᠢᠬᠤᠷ ᠠᠷᠬ᠋᠎ᠠ  ᠳᠤ  ᠣᠷᠣᠭᠠᠳ ᠵᠠᠰᠠᠭ ᠲᠥᠷᠥ ᠶ᠋ᠢᠨ ᠶᠡᠬᠡ ᠶᠠᠪᠤᠲᠠᠯ  ᠳᠤ ᠬᠠᠶ᠋ᠢᠬᠤᠷᠤᠮᠵᠢ ᠦᠭᠡᠢ ᠪᠣᠯᠵᠤ ᠮᠡᠷᠭᠡᠨ ᠰᠠᠶ᠋ᠢᠳ ᠰᠢᠲᠤᠷᠭᠤ ᠲᠦᠰᠢᠮᠡᠳ ᠡᠴᠡ ᠪᠡᠨ  ᠬᠥᠨᠳᠡᠢᠷᠡᠭᠰᠡᠨ ᠶ᠋ᠢᠡᠷ ᠪᠠᠷᠠᠬᠤ ᠦᠭᠡᠢ ᠲᠡᠲᠡᠨ ᠪ ᠴᠢᠬᠡᠴᠢ ᠢᠤᠠᠬᠠᠯ ᠊ᠢ ᠰᠣᠨᠣᠰᠬᠤ ᠦᠭᠡᠢ ᠪᠣᠯᠵᠤ ᠡᠷᠭᠢᠭᠦᠲᠡᠨ ᠮᠤᠩᠬᠠᠷᠠᠭᠰᠠᠨ ᠪᠠᠶ᠋ᠢᠪᠠ ᠃ ᠡᠨᠡ ᠵᠠᠪᠰᠢᠶᠠᠨ ᠊ᠢ ᠳᠠᠯᠢᠮᠳᠠᠭᠤᠯᠤᠨ ᠵᠠᠷᠢᠮ ᠨᠣᠶᠠᠳ ᠲᠦᠰᠢᠮᠡᠳ ᠤᠯᠤᠰ ᠭᠡᠷ ᠊ᠢ ᠬᠣᠬᠢᠷᠠᠭᠤᠯᠵᠤ ᠂ ᠠᠷᠠᠳ ᠢᠷᠭᠡᠳ ᠊ᠢ ᠬᠢᠬᠠᠵᠤ ᠮᠥᠯᠵᠢᠨ ᠠᠮᠢᠲᠤᠷᠠᠬᠤ ᠠᠷᠬ᠋᠎ᠠ ᠦᠭᠡᠢ ᠪᠣᠯᠭᠠᠭᠰᠠᠨ ᠪ ᠤᠯᠠᠮ  ᠳᠤ ᠵᠢᠯ ᠳᠠᠷᠠᠭᠠᠯᠠᠨ ᠦᠶᠡᠷ ᠤᠰᠤᠨ ᠪ ᠠᠶᠤᠯ ᠭᠠᠮᠰᠢᠬ ᠪᠣᠯᠵᠤ ᠂ ᠤᠯᠤᠰ ᠳᠠᠶᠠᠭᠠᠷ ᠲᠠᠷᠢᠶᠠᠴᠢᠨ ᠪ ᠪᠣᠰᠤᠯᠬ᠋᠎ᠠ ᠶ᠋ᠢᠨ ᠲᠦᠢᠮᠡᠷ  ᠳᠡᠭᠳᠡᠵᠦ ᠂ ᠲᠠᠶ᠋ᠢᠶᠤᠸᠠᠨ ᠤᠯᠤᠰ ᠦ᠋ᠨ ᠦᠨᠲᠦᠰᠦ ᠰᠠᠭᠤᠷᠢ ᠶ᠋ᠢ ᠲᠠᠶ᠋ᠢᠪᠠᠯᠵᠠᠭᠤᠯᠪᠠ ᠃ ᠭᠡᠪᠡᠴᠦ ᠲᠠᠷᠢᠶᠠᠴᠢᠨ ᠪ ᠪᠣᠰᠤᠯᠬ᠋᠎ᠠ ᠶ᠋ᠢ ᠳᠠᠷᠤᠩᠭᠤᠶ᠋ᠢᠯᠠᠵᠤ ᠳᠡᠶ᠋ᠢᠯᠬᠦ ᠦᠭᠡᠢ ᠬᠡᠮᠵᠢᠶᠡᠨ  ᠳᠤ ᠠᠷᠠᠢ  ᠬᠦᠷᠦᠭᠰᠡᠨ ᠪᠢᠰᠢ ᠶᠤᠮ ᠃
     ᠲᠤᠬᠠᠢ ᠶ᠋ᠢᠨ ᠦᠶ᠎ᠡ  ᠳᠤ ᠡᠯ᠎ᠡ ᠪᠣᠰᠤᠯᠬ᠋᠎ᠠ ᠶ᠋ᠢᠨ  ᠴᠡᠷᠢᠭ ᠦ᠋ᠨ ᠲᠦᠷᠦᠭᠦᠴᠦᠳ ᠬᠠᠷᠢᠯᠴᠠᠨ ᠲᠡᠮᠡᠴᠡᠯᠲᠦᠨ ᠠᠯᠠᠯᠲᠤᠵᠤ ᠥᠴᠦᠬᠡᠨ ᠴᠤ᠌ ᠨᠢᠭᠡᠲᠦᠯ ᠦᠭᠡᠢ ᠪᠠᠶ᠋ᠢᠵᠠᠢ ᠃ ᠵᠠᠷᠢᠮ ᠲᠦᠷᠦᠭᠦᠴᠦᠳ ᠨᠢ  ᠶᠤᠸᠠᠨ ᠤᠯᠤᠰ ᠲᠤ ᠪᠠᠭᠤᠵᠤ  ᠥᠭᠭᠦᠭᠡᠳ ᠡᠰᠡᠷᠭᠦ ᠡᠲᠡᠭᠡᠳ ᠶ᠋ᠢᠡᠨ ᠤᠰᠠᠤᠠᠬᠠᠬᠤ ᠪᠠᠷ ᠤᠷᠤᠯᠲᠤᠪᠠ ᠃ ᠵᠢᠱ᠌ᠢᠶᠡᠯᠡᠪᠡᠯ ᠂ ᠴᠠᠭᠠᠨᠲᠡᠮᠦᠷ ᠱᠠᠨᠲᠦ᠋ᠩ ᠊ᠢ ᠳᠠᠶ᠋ᠢᠯᠠᠬᠤ  ᠳᠤ ᠵᠦ᠍ ᠶᠤᠸᠠᠨ ᠵᠠᠩ ᠡᠯᠴᠢᠨ ᠢᠯᠡᠭᠡᠵᠦ ᠶᠤᠸᠠᠨ ᠤᠯᠤᠰ ᠲᠤ ᠪᠠᠭᠤᠵᠤ  ᠥᠭᠬᠦ ᠪᠡᠷ ᠢᠯᠡᠤᠠᠬᠡᠪᠡ ᠃ ᠤᠯᠠᠭᠠᠨ ᠠᠯᠴᠢᠭᠤᠷᠲᠠᠨ  ᠴᠡᠷᠢᠭ ᠦ᠋ᠨ ᠲᠦᠷᠦᠭᠦᠦ ᠵᠠᠩ ᠱᠢ ᠴᠸᠩ ᠂ ᠠᠨ ᠹᠸᠩ ᠊ᠢ ᠪᠤᠯᠢᠶᠠᠨ ᠡᠵᠡᠯᠡᠭᠡᠳ ᠂ ᠯᠢᠦ  ᠹᠥ᠋  ᠲᠦᠩ ᠊ᠢ ᠠᠯᠠᠵᠤ ᠂ ᠡᠯᠴᠢᠨ ᠲᠣᠮᠢᠯᠠᠨ ᠶᠤᠸᠠᠨ ᠤᠯᠤᠰ ᠦ᠋ᠨ ᠮᠥᠷᠡᠨ ᠪ ᠡᠮᠦᠨᠡᠲᠦ  ᠳᠤ ᠳᠠᠷᠤᠨ ᠰᠠᠭᠤᠬ᠋᠎ᠠ ᠶᠡᠬᠡ ᠲᠦᠰᠢᠮᠡᠯ ᠳᠠᠰᠢᠲᠡᠮᠦᠷ ᠯᠤᠭᠡ ᠬᠣᠯᠪᠣᠬ᠋᠎ᠠ ᠠᠪᠴᠤ ᠂ ᠵᠦ᠍ ᠶᠤᠸᠠᠨ ᠵᠠᠩ ᠦ᠋ᠨ ᠪᠣᠰᠤᠯᠬ᠋᠎ᠠ ᠶ᠋ᠢᠨ ᠴᠡᠷᠢᠭ ᠊ᠢ  ᠪᠦᠰᠡᠯᠡᠨ ᠴᠣᠬᠢᠬᠤ ᠪᠠᠷ ᠢᠯᠡᠷᠬᠡᠶ᠋ᠢᠯᠡᠪᠡ ᠃
     ᠵᠡᠭᠦᠨ ᠡᠮᠦᠨᠡᠲᠦ ᠳᠠᠯᠠᠢ ᠳᠠᠭᠠᠤ ᠣᠷᠣᠨ ᠊ᠢ ᠬᠡᠰᠡᠭᠯᠡᠨ  ᠡᠵᠡᠯᠡᠭᠰᠡᠨ ᠤᠯᠠᠭᠠᠨ ᠠᠯᠴᠢᠭᠤᠷᠲᠠᠨ  ᠴᠡᠷᠢᠭ ᠦ᠋ᠨ ᠲᠦᠷᠦᠭᠦᠦ ᠹᠠᠩ ᠭᠦᠸᠸ ᠵᠸᠨ ᠶᠤᠸᠠᠨ ᠤᠯᠤᠰ ᠲᠤ ᠳᠠᠭᠠᠭᠰᠠᠨ ᠪ ᠬᠣᠶ᠋ᠢᠨ᠎ᠠ ᠵᠠᠩ ᠱᠢ ᠴᠸᠩ ᠯᠤᠭᠡ ᠬᠣᠯᠪᠣᠭᠠᠯᠠᠨ ᠂ ᠳᠠᠯᠠᠢ ᠶ᠋ᠢᠨ ᠵᠠᠮ ᠶ᠋ᠢᠠᠷ ᠵᠢᠯ ᠪᠦᠷᠢ ᠳᠠᠶ᠋ᠢᠳᠤ ᠬᠣᠲᠠ  ᠳᠤ ᠬᠡᠲᠦᠨ ᠲᠦᠮᠡᠨ ᠲᠠᠭᠠᠷ ᠠᠮᠤ ᠪᠤᠲᠠᠬ᠋᠎ᠠ ᠬᠦᠷᠭᠡᠵᠦ ᠥᠭᠴᠦ ᠪᠠᠶ᠋ᠢᠪᠠ ᠃ ᠲᠣᠬᠣᠨᠲᠡᠮᠤᠷ ᠬᠠᠭᠠᠨ ᠪᠠᠷ ᠪᠣᠰᠤᠯᠬ᠋᠎ᠠ ᠶ᠋ᠢᠨ ᠴᠡᠷᠢᠭ ᠦ᠋ᠨ ᠲᠦᠷᠦᠭᠦᠴᠦᠳ ᠦ᠋ᠨ ᠬᠣᠭᠣᠷᠣᠨᠲᠣᠬᠢ ᠵᠥᠷᠢᠴᠡᠯ ᠊ᠢ ᠤᠷᠠᠨ ᠶ᠋ᠢᠠᠷ ᠠᠰᠢᠬᠯᠠᠨ ᠲᠤᠰ ᠲᠤᠰ ᠶ᠋ᠢᠠᠷ ᠨᠢ ᠪᠣᠲᠠ ᠴᠣᠬᠢᠵᠤ ᠨᠡᠯᠢᠶᠡᠳ ᠰᠠᠶ᠋ᠢᠨ ᠠᠮᠵᠢᠯᠲᠠ ᠣᠯᠤᠭᠰᠠᠨ ᠶᠤᠮ ᠃
     ᠭᠡᠲᠡᠯ᠎ᠡ ᠶᠠᠭ ᠡᠨᠡ ‍ᠬᠦ ᠵᠠᠩᠭᠢᠯᠠᠬ᠋᠎ᠠ ᠶ᠋ᠢᠨ ᠦᠶ᠎ᠡ  ᠳᠤ ᠶᠤᠸᠠᠨ ᠤᠯᠤᠰ ᠦ᠋ᠨ ᠬᠠᠭᠠᠨᠲᠤ ᠲᠥᠷᠥ ᠳᠤ ᠲᠣᠬᠣᠨᠲᠡᠮᠤᠷ ᠬᠠᠭᠠᠨ ᠪᠣᠯᠤᠨ ᠬᠣᠩ ᠲᠠᠶ᠋ᠢᠽᠢ ᠵᠢᠴᠢ ᠲᠡᠭᠦᠨ ᠪ ᠡᠬᠡ ᠴᠢ‍ ᠣᠪᠣᠭᠲᠤ ᠰᠣᠯᠣᠩᠭᠣᠰ ᠬᠠᠲᠤᠨ ᠶ᠋ᠢᠠᠷ ᠲᠣᠯᠣᠭᠠᠶ᠋ᠢᠯᠠᠭᠤᠯᠤᠭᠰᠠᠨ ᠤᠯᠤᠰ ᠲᠥᠷᠥ ᠶ᠋ᠢᠨ ᠬᠣᠶᠠᠷ  ᠪᠦᠯᠦᠭ ᠰᠢᠷᠦᠭᠦᠨ ᠲᠡᠮᠡᠴᠡᠯᠲᠦᠭᠡᠳ ᠳᠣᠲᠣᠭᠠᠳᠤ ᠶ᠋ᠢᠨ ᠰᠠᠮᠠᠭᠤᠷᠠᠯ ᠪᠣᠯᠵᠠᠢ ᠃ ᠡᠨᠡ ᠬᠣᠶᠠᠷ  ᠪᠦᠯᠦᠭ ᠦ᠋ᠨ ᠵᠥᠷᠢᠴᠡᠯ ᠦ᠋ᠨ ᠭᠣᠣᠯᠲᠠᠯᠬ᠋᠎ᠠ ᠨᠢ ᠬᠠᠭᠠᠨ ᠊ᠢ ᠰᠠᠭᠤᠷᠢᠨ ᠶ᠋ᠢᠠᠨ ᠨᠠᠶ᠋ᠢᠷ ᠲᠠᠯᠪᠢᠭᠤᠯᠬᠤ ᠶ᠋ᠢ ᠳᠡᠮᠵᠢᠬᠦ ᠶ᠋ᠢ  ᠡᠰᠡᠷᠭᠦᠴᠡᠭᠰᠡᠨ ᠠᠰᠠᠭᠤᠲᠠᠯ ᠪᠣᠯᠤᠨ᠎ᠠ ᠃ ᠡᠨᠡ ‍ᠬᠦ ᠤᠯᠤᠰ ᠲᠥᠷᠥ ᠶ᠋ᠢᠨ ᠬᠦᠨᠲᠦ ᠶᠡᠬᠡ ᠠᠰᠠᠭᠤᠲᠠᠯ  ᠳᠤ ᠲᠣᠬᠣᠨᠲᠡᠮᠤᠷ ᠬᠠᠭᠠᠨ ᠡᠷᠡᠰ ᠰᠢᠭᠤᠷᠬᠠᠢ ᠣᠪᠣᠷ ᠶ᠋ᠢᠠᠷ ᠬᠠᠨᠲᠤᠭᠰᠠᠨ ᠦᠭᠡᠢ ᠂ ᠬᠤᠷᠴᠠ ᠲᠣᠲᠣᠷᠬᠠᠢ ᠦᠵᠡᠯᠲᠡ ᠦᠭᠡᠢ ᠂ ᠴᠢᠨᠠᠭᠰᠢᠯᠠᠭᠠᠳ ᠬᠠᠷᠭᠢᠰ ᠮᠠᠭᠤ ᠡᠲᠡᠭᠡᠳ ᠊ᠢ ᠬᠡᠲᠦᠷᠬᠡᠢ ᠠᠭᠤᠴᠢᠯᠠᠨ ᠥᠷᠥᠰᠢᠶᠡᠵᠦ ᠂ ᠥᠪᠡᠷ ᠊ᠢ ᠪᠡᠨ ᠬᠥᠲᠡᠯᠦᠩᠭᠦᠢ ᠪᠤᠰᠤ ᠪᠠᠶ᠋ᠢᠷᠢᠨ  ᠳᠤ ᠣᠷᠣᠭᠤᠯᠤᠭᠰᠠᠨ ᠪᠠᠶ᠋ᠢᠪᠠ ᠃  ᠡᠶ᠋ᠢᠨ ‍ᠬᠦ ᠬᠥᠮᠦᠨ ᠪ ᠲᠠᠷᠢᠬᠢᠨ  ᠳᠤ ᠴᠢᠰᠤ ᠬᠠᠷᠪᠤᠭᠰᠠᠭᠠᠷ ᠡᠯ᠎ᠡ ᠲᠠᠯ᠎ᠠ ᠶ᠋ᠢᠨ ᠡᠷᠬᠡᠲᠡᠨ ᠦᠢᠯᠡᠲᠦᠯ ᠶ᠋ᠢᠡᠨ ᠠᠯᠲᠠᠬᠤ ᠲᠠᠢ ᠠᠲᠠᠯᠢ ᠪᠠᠷ ᠬᠠᠭᠠᠨᠲᠤ ᠲᠥᠷᠥ ᠶ᠋ᠢᠨ ᠳᠣᠲᠣᠭᠠᠳᠤ  ᠳᠤ ᠰᠠᠮᠠᠭᠤᠷᠠᠯ  ᠡᠭᠦᠰᠦᠭᠰᠡᠨ ᠡᠴᠡ ᠪᠣᠯᠵᠤ ᠪᠦᠬᠦ ᠤᠯᠤᠰ ᠨᠢᠭᠡᠲᠦᠯ ᠶ᠋ᠢᠡᠨ ᠠᠯᠲᠠᠭᠠᠳ ᠲᠥᠷᠥ ᠶ᠋ᠢᠨ ᠮᠠᠰᠢᠨ ᠪ ᠬᠡᠪ ᠦ᠋ᠨ ᠡᠷᠭᠢᠯᠲᠡ  ᠡᠪᠳᠡᠭᠳᠡᠵᠦ ᠨᠢᠭᠡᠲᠦᠯᠲᠡᠢ ᠵᠢᠯᠣᠭᠣᠲᠤᠯᠬ᠋᠎ᠠ ᠦᠭᠡᠢ ᠪᠣᠯᠵᠠᠢ ᠃
     ᠬᠠᠭᠠᠨ ᠊ᠢ ᠰᠠᠭᠤᠷᠢᠨ ᠶ᠋ᠢᠠᠨ ᠨᠠᠶ᠋ᠢᠷ ᠲᠠᠯᠪᠢᠭᠤᠯᠬᠤ ᠪᠠ ᠡᠰᠡ ᠲᠠᠯᠪᠢᠭᠤᠯᠬᠤ ᠶ᠋ᠢ  ᠡᠰᠡᠷᠭᠦᠴᠡᠭᠰᠡᠨ ᠬᠣᠶᠠᠷ  ᠪᠥᠯᠥᠭ ᠦ᠋ᠨ ᠲᠡᠮᠡᠴᠡᠯᠲᠦᠭᠡᠨ ᠨᠢ ᠤᠯᠠᠷᠢᠨ  ᠬᠥᠭᠵᠢᠭᠡᠳ ᠣᠷᠣᠨ ᠨᠤᠲᠤᠭ ᠦ᠋ᠨ ᠴᠡᠷᠢᠭ ᠦ᠋ᠨ ᠡᠷᠬᠡᠲᠡᠨ ᠨᠤᠭᠦᠳ ᠦ᠋ᠨ ᠵᠡᠪᠰᠡᠭᠲᠦ ᠲᠡᠮᠡᠴᠡᠯ ᠪᠣᠯᠵᠤ ᠬᠥᠭᠵᠢᠪᠡ ᠃ ᠡᠶ᠋ᠢᠮᠦᠷᠬᠦᠦ ᠳᠣᠲᠣᠷ᠎ᠠ ᠵᠠᠭᠤᠷ᠎ᠠ ᠪᠠᠨ ᠠᠪᠤᠯᠲᠤᠵᠤ ᠪᠠᠶ᠋ᠢᠬᠰᠠᠨ ᠊ᠢ ᠵᠠᠪᠰᠢᠵᠤ ᠂ ᠵᠦ᠍ ᠶᠤᠸᠠᠨ ᠵᠠᠩ ᠦ᠋ᠨ ᠤᠲᠤᠷᠢᠲᠤᠭᠰᠠᠨ ᠲᠠᠷᠢᠶᠠᠴᠢᠨ ᠪ ᠪᠣᠰᠤᠯᠬ᠋᠎ᠠ ᠬᠥᠬᠡ ᠮᠥᠷᠡᠨ ᠪ ᠳᠣᠣᠷᠠᠳᠤ ᠰᠠᠪᠠ ᠣᠷᠣᠨ ᠶ᠋ᠢᠠᠷ ᠰᠠᠭᠤᠷᠢᠨ ᠪᠣᠯᠭᠠᠵᠤ ᠂ ᠵᠦ᠍ ᠱᠸᠩ ᠦ᠋ᠨ 《 ᠥᠨᠲᠥᠷ ᠬᠡᠷᠡᠮ ᠊ᠢ ᠪᠠᠶ᠋ᠢᠭᠤᠯᠤᠨ ᠥᠷᠭᠡᠨ ᠶ᠋ᠢᠡᠷ ᠠᠮᠤ ᠶ᠋ᠢ ᠨᠥᠭᠡᠴᠡᠯᠡᠵᠦ ᠂ ᠸᠠᠩ ᠪᠣᠯᠬᠤ ᠶ᠋ᠢ ᠠᠯᠭᠤᠷᠯᠠᠬᠤ 》 ᠰᠠᠨᠠᠭᠠᠴᠢᠯᠠᠬ᠋᠎ᠠ ᠶ᠋ᠢ ᠰᠣᠨᠣᠰᠴᠤ ᠠᠮᠤ ᠲᠠᠷᠢᠶ᠎ᠠ ᠲᠠᠷᠢᠵᠤ ᠦᠢᠯᠡᠤᠠᠪᠦᠷᠢᠯᠡᠯ ᠊ᠢ  ᠬᠥᠭᠵᠢᠭᠦᠯᠦᠨ ᠂ ᠠᠷᠤ ᠲᠠᠯ᠎ᠠ ᠪᠠᠨ  ᠪᠡᠬᠢᠵᠢᠭᠦᠯᠦᠭᠰᠡᠨ ᠪᠥᠭᠡᠳ ᠬᠠᠨ ᠱᠠᠨ ᠲᠦᠩ ᠂ ᠯᠢᠦ ᠹᠦ᠋ ᠲᠦᠩ ᠦ᠋ᠨ ᠤᠲᠤᠷᠢᠲᠤᠭᠰᠠᠨ ᠤᠯᠠᠭᠠᠨ ᠠᠯᠴᠢᠭᠤᠷᠲᠠᠨ  ᠴᠡᠷᠢᠭ ᠦ᠋ᠨ ᠪᠠᠶ᠋ᠢᠭᠤᠯᠤᠭᠰᠠᠨ 《 ᠶᠡᠬᠡ ᠰᠦᠩ 》 ᠤᠯᠤᠰ ᠦ᠋ᠨ ᠬᠠᠯᠬᠠᠪᠴᠢ ᠳᠣᠣᠷ᠎ᠠ ᠶᠤᠸᠠᠨ ᠤᠯᠤᠰ ᠦ᠋ᠨ  ᠴᠡᠷᠢᠭ ᠦ᠋ᠨ ᠴᠣᠬᠢᠯᠲᠠ ᠠ᠋ᠴᠠ ᠵᠠᠶ᠋ᠢᠯᠡᠰᠬᠢᠭ᠌ᠰᠡᠨ ᠪ ᠤᠯᠠᠮ ᠶ᠋ᠢᠠᠷ ᠬᠣᠶ᠋ᠢᠰᠢᠲᠠ ᠶ᠋ᠢᠨ  ᠬᠥᠭᠵᠢᠯᠲᠡ  ᠳᠤ ᠪᠡᠨ ᠨᠥᠬᠥᠴᠡᠯ ᠪᠡᠯᠡᠤᠠᠬᠡᠵᠦ  ᠥᠭᠭᠦᠭᠰᠡᠨ ᠪᠠᠶ᠋ᠢᠪᠠ ᠃
      ᠵᠦ᠍ ᠶᠤᠸᠠᠨ ᠵᠠᠩ ᠂ ᠲᠠᠷᠢᠶᠠᠴᠢᠨ ᠪ ᠪᠣᠰᠤᠯᠬ᠋᠎ᠠ ᠶ᠋ᠢᠨ ᠲᠦᠷᠦᠭᠦᠴᠦᠳ ᠦ᠋ᠨ ᠬᠣᠭᠣᠷᠣᠨᠲᠣᠬᠢ ᠵᠥᠷᠢᠴᠡᠯ ᠲᠡᠮᠡᠴᠡᠯ ᠊ᠢ ᠤᠷᠠᠨ ᠶ᠋ᠢᠠᠷ ᠠᠰᠢᠬᠯᠠᠵᠤ ᠴᠸᠨ ᠶᠢᠦ ᠯᠢᠶᠠᠩ ᠂ ᠵᠠᠩ ᠱᠢ ᠴᠸᠩ ᠂ ᠹᠸᠩ ᠭᠦᠸᠧ ᠵᠸᠨ ᠨᠠᠷ ᠦ᠋ᠨ ᠲᠤᠰᠠᠭᠠᠷᠯᠠᠬᠤ ᠬᠦᠴᠦᠨ ᠊ᠢ ᠲᠤᠰ ᠲᠤᠰ ᠶ᠋ᠢᠠᠷ ᠨᠢ ᠰᠢᠢᠤᠠᠪᠦᠷᠢᠯᠡᠵᠦ ᠂ ᠥᠪᠡᠷ ᠦ᠋ᠨ ᠰᠦᠷ ᠬᠦᠴᠦᠨ ᠶ᠋ᠢᠡᠨ ᠥᠷᠭᠡᠤᠠᠬᠡᠨ ᠦᠭᠡᠭᠦᠰᠢᠷᠡᠭᠦᠯᠦᠭᠰᠡᠨ ᠪ ᠬᠣᠶ᠋ᠢᠨ᠎ᠠ 《 ᠬᠤᠯᠠᠭᠠᠢ ᠮᠣᠩᠭᠣᠯ ᠊ᠢ ᠬᠥᠭᠡᠭᠡᠵᠦ ᠶᠠᠪᠤᠭᠤᠯᠤᠭᠠᠳ ᠬᠤᠪᠢᠯᠭᠠᠨ ᠣᠷᠣᠨ ᠶ᠋ᠢᠠᠨ ᠰᠡᠷᠭᠦᠭᠡᠨ ᠮᠠᠨᠲᠤᠭᠤᠯᠤᠶ᠎ᠠ 》 ᠭᠡᠬᠦ ᠤᠷᠢᠶ᠎ᠠ ᠳᠣᠣᠷ᠎ᠠ ᠰᠢᠦᠢ ᠳ᠋ᠠ ᠂ ᠴᠠᠩ ᠢᠦᠢ ᠴᠦᠨ ᠨᠠᠷ ᠊ᠢ ᠲᠣᠮᠢᠯᠠᠨ ᠤᠮᠠᠷᠠᠰᠢ ᠳᠠᠶ᠋ᠢᠯᠠᠪᠠ ᠃
     ᠳᠤᠮᠳᠠᠳᠤ ᠤᠯᠤᠰ ᠦ᠋ᠨ ᠲᠡᠦᠬᠡᠨ ᠳᠡᠭᠡᠷ᠎ᠡ ᠤᠮᠠᠷᠠᠲᠤ ᠶ᠋ᠢᠨ ᠨᠡᠭᠦᠲᠡᠯᠴᠢᠨ ᠦᠨᠲᠦᠰᠦᠲᠡᠨ ᠡᠮᠦᠨᠡᠰᠢ ᠳᠠᠶ᠋ᠢᠯᠠᠭᠰᠠᠨ ᠲᠡᠦᠬᠡ ᠦᠭᠡᠢ ᠶᠤᠮ ᠃ ᠡᠶ᠋ᠢᠮᠦ ᠡᠴᠡ ᠵᠦ᠍ ᠶᠤᠸᠠᠨ ᠵᠠᠩ ᠦ᠋ᠨ ᠤᠲᠤᠷᠢᠲᠤᠭᠰᠠᠨ ᠤᠮᠠᠷᠠᠰᠢ ᠳᠠᠶ᠋ᠢᠯᠠᠭᠰᠠᠨ ᠳᠠᠶ᠋ᠢᠨ ᠊ᠢ ᠳᠤᠮᠳᠠᠳᠤ ᠤᠯᠤᠰ ᠦ᠋ᠨ ᠲᠡᠦᠬᠡᠨ ᠳᠡᠭᠡᠷᠡᠬᠢ《 ᠣᠷᠭᠢᠯ 》ᠬᠡᠮᠡᠨ ᠦᠵᠡᠬᠦ ᠶᠣᠰᠣᠲᠠᠢ ᠃
      ᠵᠦ᠍ ᠶᠤᠸᠠᠨ ᠵᠠᠩ ᠤᠮᠠᠷᠠᠰᠢ ᠳᠠᠶ᠋ᠢᠯᠠᠬᠤ ᠲᠠᠶ᠋ᠢᠨ ᠊ᠢ ᠦᠵᠡᠯ ᠰᠠᠨᠠᠭᠠᠨ ᠪ ᠲᠠᠯ᠎ᠠ ᠬᠢᠭᠡᠳ ᠴᠡᠷᠢᠭ ᠳᠠᠶ᠋ᠢᠨ ᠪ ᠲᠠᠯ᠎ᠠ ᠪᠠᠷ ᠪᠦᠷᠢᠨ ᠭᠦᠢᠴᠡᠳ ᠪᠡᠯᠡᠤᠠᠬᠡᠯ  ᠬᠢᠭᠰᠡᠨ ᠪ ᠳᠠᠷᠠᠬ᠋᠎ᠠ ᡁᠢ ᠵᠸᠩ ᠦ᠋ᠨ ᠬᠣᠷᠢᠨ ᠳᠣᠯᠣᠳᠤᠭᠠᠷ ᠣᠨ (1367 ᠣᠨ ) ᠪ ᠠᠷᠪᠠᠨ ᠰᠠᠷ᠎ᠠ  ᠳᠤ ᠰᠢᠦᠢ ᠳ᠋ᠠ ᠂ ᠴᠠᠩ ᠢᠦᠢ ᠴᠦᠨ ᠶ᠋ᠢᠡᠷ ᠬᠣᠷᠢᠨ ᠲᠠᠪᠤᠨ ᠲᠦᠮᠡᠨ  ᠴᠡᠷᠢᠭ ᠊ᠢ ᠵᠠᠬᠢᠷᠤᠭᠤᠯᠵᠤ ᠬᠤᠸᠠᠢ ᠠᠨ ᠠ᠋ᠴᠠ ᠣᠮᠠᠷᠠᠰᠢ ᠮᠣᠷᠲᠠᠭᠤᠯᠪᠠ ᠃ ᠰᠢᠦᠢ ᠳ᠋ᠠ ᠂ ᠴᠠᠩ ᠢᠦᠢ ᠴᠦᠨ ᠪ  ᠴᠡᠷᠢᠭ ᠬᠠᠦᠭᠢᠬᠤ ᠰᠠᠯᠬᠢᠨ ᠬᠣᠪᠠᠬᠠᠢ ᠨᠠᠪᠴᠢ ᠶ᠋ᠢ ᠬᠡᠶ᠋ᠢᠰᠭᠡᠬᠦ ᠠᠲᠠᠯᠢ ᠬᠣᠶᠠᠷᠬᠠᠨ ᠰᠠᠷ᠎ᠠ ᠶ᠋ᠢᠨ ᠬᠣᠭᠤᠴᠠᠭᠠᠨ ᠳᠤ ᠪᠦᠬᠦ ᠱᠠᠨᠲᠦ᠋ᠩ ᠣᠷᠣᠨ ᠊ᠢ ᠡᠵᠡᠯᠡᠨ ᠠᠪᠤᠪᠠ ᠃ ᡁᠢ ᠵᠸᠩ ᠦ᠋ᠨ ᠬᠣᠷᠢᠨ ᠨᠠᠢ᠍ᠮᠠᠲᠤᠭᠠᠷ ᠣᠨ ᠪ ᠴᠠᠭᠠᠨ ᠰᠠᠷ᠎ᠠ  ᠳᠤ ᠵᠦ᠍ ᠶᠤᠸᠠᠨ ᠵᠠᠩ ᠨᠠᠨᠵᠢᠩ  ᠳᠤ ᠬᠠᠭᠠᠨ ᠴᠤᠯᠠ ᠠᠪᠴᠤ ᠮᠢᠩ ᠤᠯᠤᠰ ᠪᠠᠶ᠋ᠢᠭᠤᠯᠤᠭᠲᠠᠭᠰᠠᠨ ᠊ᠢ ᠲᠣᠩᠬᠠᠭᠯᠠᠪᠠ ᠃ ᠭᠤᠷᠪᠠᠲᠤᠭᠠᠷ ᠰᠠᠷ᠎ᠠ  ᠳᠤ ᠰᠢᠦᠢ ᠳ᠋ᠠ ᠶ᠋ᠢᠨ ᠴᠡᠷᠢᠭ ᠪᠢᠶᠠᠨᠯᠢᠶᠠᠩ ᠬᠣᠲᠠ ( ᠣᠲᠣ ᠶ᠋ᠢᠨ ᠺᠠᠶ᠋ᠢᠹᠸᠩ ) ᠶ᠋ᠢ ᠡᠵᠡᠯᠡᠵᠦ ᠂ ᠴᠠᠩ ᠢᠦᠢ ᠴᠦᠨ ᠪ ᠴᠡᠷᠢᠭ ᠯᠥᠸᠸ ᠶᠠᠩ ᠬᠣᠲᠠ ᠶ᠋ᠢ ᠪᠠᠶ᠋ᠢᠯᠲᠤᠨ ᠠᠪᠤᠪᠠ ᠃ ᠲᠣᠯᠤᠲᠤᠭᠠᠷ ᠰᠠᠷ᠎ᠠ  ᠳᠤ ᠬᠣᠶᠠᠷ ᠵᠠᠮ ᠦ᠋ᠨ ᠴᠡᠷᠢᠭ ᠯᠢᠨᠴᠢᠩ  ᠳᠤ ᠨᠡᠶ᠋ᠢᠯᠡᠭᠡᠳ ᠶᠡᠬᠡ ᠳᠠᠲᠠᠮᠡᠯ ᠭᠣᠣᠯ ᠶ᠋ᠢᠠᠷ ᠣᠮᠠᠷᠠᠰᠢ ᠮᠣᠷᠲᠠᠵᠤ ᠲᠦᠩᠵᠸᠦ ᠶ᠋ᠢ ᠪᠦᠰᠡᠯᠡᠨ ᠬᠠᠭᠠᠪᠠ ᠃ ᠲᠣᠯᠤᠲᠤᠭᠠᠷ ᠰᠠᠷ᠎ᠠ ᠶ᠋ᠢᠨ ᠬᠣᠷᠢᠨ ᠨᠠᠢ᠍ᠮᠠᠨ ᠪ ᠡᠲᠦᠷ ᠲᠣᠬᠤᠨᠲᠡᠮᠦᠷ ᠬᠠᠭᠠᠨ ᠪᠠᠷ ᠬᠠᠲᠤᠨ ᠂  ᠲᠠᠶ᠋ᠢᠽᠢ ᠪᠣᠯᠤᠨ ᠪᠢᠴᠢᠭ ᠴᠡᠷᠢᠭ ᠦ᠋ᠨ ᠲᠦᠰᠢᠮᠡᠳ ᠶ᠋ᠢᠡᠨ ᠳᠠᠭᠠᠭᠤᠯᠤᠨ ᠱᠠᠩᠲᠤ  ᠳᠤ ᠤᠬᠤᠷᠢᠨ ᠣᠴᠢᠪᠠ ᠃
     ᠲᠣᠬᠤᠨᠲᠡᠮᠦᠷ ᠬᠠᠭᠠᠨ ᠪ ᠡᠨᠡ ᠤᠲᠠᠬ᠋᠎ᠠ ᠶ᠋ᠢᠨ ᠤᠬᠤᠷᠢᠯᠲᠠ ᠪᠣᠯ ᠮᠠᠰᠢ ᠶᠡᠬᠡ ᠲᠡᠦᠬᠡᠨ ᠠᠴᠢ ᠬᠣᠯᠪᠣᠭᠲᠠᠯ ᠲᠠᠢ ᠮᠡᠷᠭᠡᠨ ᠰᠢᠢᠤᠠᠪᠦᠷᠢ ᠪᠣᠯᠵᠠᠢ ᠃ ᠡᠨᠡ ᠨᠢ ᠮᠣᠩᠭᠣᠯ ᠪᠣᠯᠤᠨ ᠮᠢᠩ ᠤᠯᠤᠰ ᠦ᠋ᠨ ᠭᠤᠷᠪᠠᠨ ᠵᠠᠭᠤᠨ ᠣᠨ ᠪ  ᠡᠰᠡᠷᠭᠦᠴᠡᠯᠳᠦᠭᠰᠡᠨ ᠤᠯᠤᠰ ᠲᠥᠷᠥ ᠶ᠋ᠢᠨ ᠪᠠᠶ᠋ᠢᠲᠠᠯ ᠊ᠢ ᠪᠤᠢ ᠪᠣᠯᠭᠠᠵᠤ ᠂ ᠮᠢᠩ ᠤᠯᠤᠰ ᠦ᠋ᠨ ᠬᠠᠭᠠᠨᠲᠤ ᠲᠥᠷᠥ ᠡᠴᠡ 《 ᠮᠣᠩᠭᠣᠯ ᠊ᠢ ᠬᠢᠵᠠᠭᠠᠷᠯᠠᠵᠤ ᠪᠣᠯᠬᠤ ᠡᠴᠡ ᠪᠢᠰᠢ ᠂ ᠬᠠᠷᠢᠨ ᠤᠰᠠᠤᠠᠬᠠᠵᠤ ᠲᠡᠶ᠋ᠢᠯᠬᠦ ᠦᠭᠡᠢ 》 ᠬᠡᠮᠡᠬᠦ ᠳ᠋ᠦ᠋ᠩᠨᠡᠯᠲᠡ ᠭᠠᠷᠭᠠᠵᠤ 《 ᠭᠤᠪᠢ ᠶ᠋ᠢᠨ ᠤᠮᠠᠷ᠎ᠠ ᠶ᠋ᠢ ᠴᠢ ᠨᠤᠶᠠᠯᠠᠵᠦ ᠂ ᠬᠡᠷᠡᠮ ᠦ᠋ᠨ ᠡᠮᠦᠨᠡᠬᠢ ᠶ᠋ᠢ ᠪᠢ ᠬᠠᠭᠠᠮᠵᠢᠯᠠᠰᠤᠭᠠᠢ 》 ᠬᠡᠮᠡᠨ ᠮᠣᠩᠭᠣᠯ ᠦ᠋ᠨ ᠬᠠᠭᠠᠳ ᠲᠤ ᠤᠲᠠᠬ᠋᠎ᠠ ᠳᠠᠷᠠᠬ᠋᠎ᠠ ᠪᠠᠷ ᠵᠠᠬᠢᠲᠠᠯ  ᠥᠭᠴᠦ ᠪᠠᠶ᠋ᠢᠪᠠ ᠃ ᠲᠤᠬᠠᠢ ᠶ᠋ᠢᠨ ᠦᠶᠡᠰ ᠲᠦ ᠬᠡᠷᠪᠡ ᠲᠣᠬᠤᠨᠲᠡᠮᠦᠷ ᠰᠢᠭ᠋ ᠤᠬᠠᠭᠠᠨ ᠪᠤᠲᠤᠯᠬ᠋᠎ᠠ ᠲᠠᠢ ᠬᠠᠭᠠᠨ ᠪᠠᠶ᠋ᠢᠬᠰᠠᠨ ᠪᠣᠯ ᠠᠰᠢᠲᠠᠢ ᠰᠢᠨ᠎ᠡ ᠪᠠᠶ᠋ᠢᠲᠠᠯ ᠊ᠢ ᠪᠤᠢ ᠪᠣᠯᠭᠠᠵᠤ ᠲᠡᠦᠬᠡ ᠶ᠋ᠢᠨ ᠠᠤᠬ᠋᠎ᠠ ᠶᠡᠬᠡ ᠡᠷᠭᠢᠯᠲᠡ ᠬᠣᠪᠢᠷᠠᠯᠲᠠ ᠶ᠋ᠢ ᠭᠠᠷᠭᠠᠬᠤ ᠪᠠᠶ᠋ᠢᠬᠰᠠᠨ ᠶᠤᠮ ᠃ ᠬᠠᠷᠠᠮᠰᠠᠯᠲᠠᠢ ᠨᠢ ᠡᠶ᠋ᠢᠮᠦ ᠬᠥᠮᠦᠨ ᠬᠠᠷᠠᠬᠠᠨ ᠦᠭᠡᠢ ᠪᠠᠶ᠋ᠢᠵᠠᠢ ᠃
     ᠲᠡᠦᠬᠡ ᠪᠡᠷ ᠲᠣᠯᠢ ᠪᠣᠯᠭᠠᠬᠤ  ᠬᠡᠷᠡᠭᠲᠡᠢ ᠃ ᠡᠨᠡ ᠪᠣᠯ ᠡᠷᠲᠡᠨ ᠡᠲᠦᠭᠡᠬᠢ ᠪᠣᠯᠪᠠᠰᠤᠨ ᠦᠨᠲᠦᠰᠦᠲᠡᠨ ᠪ ᠰᠢᠯᠭᠠᠷᠠᠭᠰᠠᠨ ᠬᠥᠮᠦᠰ ᠦ᠋ᠨ  ᠡᠰᠡᠷᠭᠦᠴᠡᠭᠴᠢᠳ ᠦᠭᠡᠢ ᠂ ᠡᠯ᠎ᠡ ᠵᠦᠭ ᠦ᠋ᠨ ᠣᠯᠠᠨ ᠤᠯᠤᠰ ᠊ᠢ ᠡᠷᠬᠡ ᠳ᠋ᠡᠭᠡᠨ ᠤᠷᠤᠭᠤᠯᠤᠨ ᠴᠢᠲᠠᠯᠤᠬ᠋᠎ᠠ ᠂ ᠡᠨᠡ ᠴᠥᠮ ᠳᠡᠭᠡᠳᠦ ᠡᠷᠲᠡᠮ ᠶ᠋ᠢᠡᠷ ᠣᠯᠠᠨ ᠪ ᠰᠡᠤᠠᠬᠢᠯ ᠊ᠢ ᠨᠢᠭᠡᠤᠠᠬᠡᠨ ᠴᠢᠲᠠᠭᠰᠠᠨ ᠲᠡᠮᠲᠡᠭ ᠠᠮᠤᠢ ᠃ ᠡᠲᠦᠭᠡ ᡁᠢ ᠵᠸᠡᠭ᠋ ᠦ᠋ᠨ ᠦᠶ᠎ᠡ ᠳ᠋ᠤᠷ ᠬᠢᠲᠠᠳ ᠣᠷᠣᠨ  ᠳᠤ ᠰᠠᠮᠠᠭᠤᠷᠠᠯ ᠡᠭᠦᠰᠴᠦ ᠂ ᠮᠣᠩᠭᠣᠯ  ᠴᠡᠷᠢᠭ ᠤᠮᠠᠷ᠎ᠠ ᠠ᠋ᠴᠠ ᠡᠴᠢᠵᠦ ᠳᠠᠶ᠋ᠢᠯᠠᠭᠰᠠᠨ ᠦᠭᠡᠢ ᠪᠡᠷ ᠦᠯᠦ ᠪᠠᠷᠠᠨ ᠠᠷᠢᠭᠤᠨ ᠲᠡᠮᠦᠷ ᠲᠡᠷᠰᠯᠡᠨ  ᠤᠷᠪᠠᠯᠤᠬ᠋᠎ᠠ ᠃ ᠡᠨᠡ ᠪᠡᠷ ᠱᠦᠨ ᠳ᠋ᠢ ᠬᠠᠭᠠᠨ ᠡᠷᠲᠡᠮ ᠊ᠢ ᠠᠯᠲᠠᠭᠰᠠᠨ ᠲᠤᠯᠠ ᠣᠯᠠᠨ ᠪ ᠰᠡᠤᠠᠬᠢᠯ ᠭᠠᠩᠰᠠᠷᠠᠨ  ᠡᠪᠳᠡᠷᠡᠭᠰᠡᠨ ᠪᠡᠯᠭᠡ ᠪᠣᠯᠠᠢ ᠃ ᠁ ᠡᠭᠦᠪᠡᠷ ᠦᠵᠡᠪᠡᠰᠦ ᠢᠮᠠᠭᠲᠠ ᠡᠷᠬᠡ ᠬᠦᠴᠦᠨ ᠳ᠋ᠡᠭᠡᠨ ᠡᠷᠡᠮᠰᠢᠯ ᠦᠭᠡᠬᠦᠶ᠎ᠡ ᠡᠶ᠎ᠡ ᠨᠠᠶ᠋ᠢᠷ ᠶ᠋ᠢᠠᠨ ᠬᠢᠴᠢᠶᠡᠬᠦᠢ ᠶ᠋ᠢ ᠬᠣᠲᠠᠯᠠᠭᠠᠷ ᠮᠡᠲᠡᠬᠦ ᠵᠣᠬᠢᠰᠲᠠᠢ ᠠᠵᠤᠭᠤ 》 ᠬᠡᠮᠡᠪᠡ ᠃
      

      ᠷᠠᠰᠢᠫᠣᠩᠰᠤᠬ ᠦ᠋ᠨ  ᠦᠭᠦᠯᠡᠭᠰᠡᠨ ᠊ᠢ ᠲᠣᠪᠴᠢᠯᠠᠭᠠᠳ ᠬᠡᠯᠡᠪᠡᠯ ᠂ ᠴᠢᠩᠭᠢᠰ ᠬᠠᠭᠠᠨ ᠪ ᠠᠮᠵᠢᠯᠲᠠ ᠪᠦᠲᠦᠭᠡᠯ ᠣᠯᠤᠭᠰᠠᠨ ᠭᠣᠣᠯ ᠰᠢᠯᠲᠠᠭᠠᠨ ᠪᠣᠯ ᠳᠡᠭᠡᠳᠦ ᠡᠷᠲᠡᠮ ᠶ᠋ᠢᠡᠷ ᠣᠯᠠᠨ ᠪ ᠰᠡᠤᠠᠬᠢᠯ ᠊ᠢ ᠨᠢᠭᠡᠤᠠᠬᠡᠵᠦ ᠴᠢᠲᠠᠬᠰᠠᠨ  ᠳᠤ ᠠᠮᠤᠢ ᠃ ᠲᠣᠬᠣᠨᠲᠡᠮᠦᠷ ᠬᠠᠭᠠᠨ ᠪ ᠬᠠᠭᠠᠰ ᠲᠥᠷᠥ ᠪᠡᠨ ᠠᠯᠲᠠᠭᠰᠠᠨ ᠲᠡᠦᠬᠡᠨ ᠰᠤᠷᠭᠠᠮᠵᠢ ᠪᠣᠯ ᠡᠷᠬᠡ ᠬᠦᠴᠦᠨ ᠳ᠋ᠡᠭᠡᠨ ᠡᠷᠡᠮᠰᠢᠵᠦ ᠂ ᠡᠶ᠎ᠡ ᠨᠠᠶ᠋ᠢᠷ ᠶ᠋ᠢᠠᠨ  ᠬᠢᠴᠢᠶᠡᠭᠰᠡᠨ ᠦᠭᠡᠢ ᠂ ᠭᠡᠮᠲᠦ ᠶᠠᠪᠤᠲᠠᠯ ᠊ᠢ ᠠᠷᠢᠯᠭᠠᠨ ᠤᠯᠤᠰ ᠲᠥᠷᠥ ᠪᠠᠨ ᠬᠢᠴᠢᠶᠡᠵᠦ ᠶᠣᠰᠣᠴᠢᠯᠠᠨ ᠵᠠᠰᠠᠭᠰᠠᠨ ᠦᠭᠡᠢ ᠎ ᠳᠤ ᠪᠤᠢ ᠃ ᠷᠠᠰᠢᠫᠣᠩᠰᠤᠬ ᠦ᠋ᠨ ᠳ᠋ᠦᠩᠨᠡᠭᠰᠡᠨ ᠲᠡᠦᠬᠡᠨ ᠲᠣᠷᠰᠢᠯᠬ᠋᠎ᠠ ᠰᠤᠷᠭᠠᠮᠵᠢ ᠨᠢ ᠣᠲᠣ ᠬᠦᠷᠲᠡᠯ᠎ᠡ ᠤᠤᠠᠬ᠎ᠠ ᠠᠭᠤᠯᠬ᠋᠎ᠠ ᠪᠠᠨ ᠠᠯᠲᠠᠬ᠋᠎ᠠ ᠦᠭᠡᠢ ᠪᠠᠶ᠋ᠢᠬᠰᠠᠭᠠᠷ ᠶᠤᠮ ᠃
     ᠲᠣᠬᠣᠨᠲᠡᠮᠦᠷ ᠪᠣᠯ ᠴᠠᠭᠠᠨ ᠬᠡᠷᠡᠮ ᠡᠴᠡ ᠡᠮᠦᠨᠡᠬᠢ ᠭᠠᠵᠠᠷ ᠣᠷᠣᠨ ᠳ᠋ᠡᠬᠢ ᠨᠣᠶᠠᠷᠬᠠᠯ ᠶ᠋ᠢᠠᠨ ᠠᠯᠲᠠᠭᠰᠠᠨ ᠮᠣᠩᠭᠣᠯ ᠦ᠋ᠨ ᠨᠢᠭᠡᠨ ᠶᠡᠬᠡ ᠬᠠᠭᠠᠨ ᠮᠥᠨ ᠃ ᠲᠡᠭᠦᠨ ᠪ ᠨᠢᠭᠡ ᠨᠠᠰᠤ ᠪᠣᠯ ᠮᠠᠰᠢ ᠵᠦᠴᠦᠭᠡᠯᠢᠭ ᠴᠢᠨᠠᠷ ᠲᠠᠢ ᠶᠤᠮ ᠃ ᠲᠥᠷᠥ ᠪᠡᠨ ᠠᠯᠲᠠᠭᠰᠠᠨ ᠨᠢ ᠣᠯᠠᠨ ᠲᠠᠯ᠎ᠠ ᠶ᠋ᠢᠨ ᠰᠢᠯᠲᠠᠭᠠᠨ ᠲᠠᠢ ᠪᠣᠯᠪᠠᠴᠤ ᠪᠠᠭᠴᠠᠯᠠᠭᠠᠳ ᠬᠡᠯᠡᠪᠡᠯ 《 ᠡᠵᠡᠨ ᠬᠠᠭᠠᠨ 》 ( 君王) ᠬᠡᠮᠡᠬᠦ ᠦᠭᠡ ᠶ᠋ᠢᠨ ᠵᠢᠩᠬᠢᠨᠢ ᠤᠤᠠᠭ᠋᠎ᠠ ᠶ᠋ᠢ ᠣᠶ᠋ᠢᠯᠠᠭᠠᠵᠤ ᠴᠢᠲᠠᠭᠰᠠᠨ ᠦᠭᠡᠢ  ᠳᠤ ᠣᠷᠤᠰᠢᠨ᠎ᠠ ᠃ 《 ᠬᠠᠭᠠᠨ 》 ᠪᠣᠯᠣᠭᠰᠠᠳ ᠡᠷᠬᠡᠪᠰᠢ 《 ᠡᠵᠡᠨ 》 ᠰᠠᠭᠤᠵᠤ ᠴᠢᠲᠠᠬᠤ  ᠬᠡᠷᠡᠭᠲᠡᠢ ᠃ ᠲᠣᠬᠣᠨᠲᠡᠮᠦᠷ ᠬᠠᠭᠠᠨ ᠰᠠᠭᠤᠷᠢᠨ  ᠳᠤ ᠭᠤᠴᠢᠨ ᠳᠣᠯᠣᠭᠠᠨ ᠵᠢᠯ ᠰᠠᠭᠤᠵᠤ ᠡᠷᠬᠡᠲᠦ ᠰᠠᠶ᠋ᠢᠳ ᠦ᠋ᠨ ᠤᠯᠤᠰ ᠲᠥᠷᠥ ᠶ᠋ᠢ ᠤᠲᠠᠬ᠋᠎ᠠ ᠳᠠᠷᠠᠬ᠋᠎ᠠ ᠪᠠᠷ ᠢᠯᠠᠨ ᠳᠠᠪᠠᠪᠠ ᠃ ᠭᠡᠲᠡᠯ᠎ᠡ ᠠᠮᠢ ᠨᠠᠰᠤᠨ ᠪ ᠭᠡᠨᠡᠤᠠᠲᠡ ᠶ᠋ᠢᠨ ᠦᠬᠦᠯ ᠡᠴᠡ ᠰᠡᠷᠭᠡᠶ᠋ᠢᠯᠡᠬᠦ ᠭᠡᠳ ᠲᠡᠦᠬᠡ ᠶ᠋ᠢᠨ ᠢᠷᠠᠭᠤ ᠠᠯᠲᠠᠷᠲᠤ ᠡᠭᠦᠷᠭᠡ  ᠳᠤ ᠪᠡᠨ ᠣᠰᠣᠯᠲᠠᠪᠠ ᠃ ᠡᠨᠡ ᠪᠣᠯ ᠲᠡᠭᠦᠨ ᠪ ᠴᠣᠬᠣᠮ ᠭᠡᠮᠰᠢᠯ ᠮᠥᠨ ᠃ ᠨᠢᠭᠡ ᠯᠡ ᠦᠭᠡ ᠪᠡᠷ ᠬᠡᠯᠡᠪᠡᠯ 《 ᠡᠵᠡᠨ 》 ᠰᠠᠭᠤᠵᠤ ᠴᠢᠲᠠᠭᠰᠠᠨ ᠦᠭᠡᠢ ᠃ ᠲᠡᠷᠡ ᠡᠨᠡ ‍ᠬᠦ ᠣᠰᠣᠯ  ᠳᠤ ᠪᠠᠨ ᠭᠡᠮᠰᠢᠵᠦ ᠳᠠᠶ᠋ᠢᠳᠤ ᠬᠣᠲᠠ ᠠ᠋ᠴᠠ ᠭᠠᠷᠴᠤ ᠡᠯᠡᠰᠦᠨ ᠨᠤᠲᠤᠭ ᠮᠣᠩᠭᠣᠯ ᠣᠷᠣᠨ  ᠳᠤ ᠪᠠᠨ ᠪᠤᠴᠠᠬᠤ ᠡᠴᠦᠰ ᠦ᠋ᠨ ᠰᠢᠢᠤᠠᠪᠦᠷᠢ ᠭᠠᠷᠭᠠᠪᠠ ᠃ ᠡᠨᠡ ᠨᠢ ᠠᠯᠤᠰ ᠬᠡᠲᠦ ᠶ᠋ᠢᠨ ᠠᠴᠢ ᠬᠣᠯᠪᠣᠭᠲᠠᠯ ᠲᠠᠢ ᠪᠣᠯᠤᠭᠰᠠᠨ ᠊ᠢ ᠲᠡᠦᠬᠡ ᠶ᠋ᠢᠨ  ᠬᠡᠷᠡᠭ ᠨᠤᠲᠠᠯᠠᠪᠠ ᠃ ᠥᠭᠡᠷ᠎ᠡ ᠪᠡᠷ ᠬᠡᠯᠡᠪᠡᠯ 《 ᠬᠠᠭᠠᠨ 》 ᠪᠣᠯᠣᠭᠰᠠᠳ ᠡᠷᠬᠡᠪᠰᠢ 《 ᠡᠵᠡᠨ 》 ᠰᠠᠭᠤᠵᠤ ᠴᠢᠲᠠᠬᠤ  ᠬᠡᠷᠡᠭᠲᠡᠢ ᠭᠡᠰᠡᠨ ᠦᠭᠡ ᠶ᠋ᠢ ᠡᠬᠢᠯᠡᠭᠡᠳ ᠤᠬᠠᠭᠠᠷᠠᠭᠰᠠᠨ ᠪᠤᠶᠤ ᠃ ᠲᠣᠬᠣᠨᠲᠡᠮᠦᠷ ᠬᠠᠭᠠᠨ ᠪ ᠡᠨᠡ ‍ᠬᠦ 《 ᠭᠡᠮᠰᠢᠯ ᠤᠬᠠᠭᠠᠷᠠᠯ 》 ᠊ᠢ ᠲᠤᠬᠠᠢ ᠶ᠋ᠢᠨ ᠮᠣᠩᠭᠣᠯᠴᠤᠳ ᠭᠦᠨᠵᠡᠭᠡᠢ ᠣᠶ᠋ᠢᠯᠠᠭᠠᠭᠰᠠᠨ ᠠ᠋ᠴᠠ ᠲᠡᠭᠦᠨ ᠊ᠢ ᠬᠠᠯᠢᠬᠰᠠᠨ ᠪ ᠳᠠᠷᠠᠬ᠋᠎ᠠ 《 ᠤᠬᠠᠭᠠᠨᠲᠤ ᠬᠠᠭᠠᠨ 》 ᠬᠡᠮᠡᠨ ᠨᠡᠬᠡᠮᠵᠢᠯᠡᠨ ᠡᠷᠭᠦᠮᠵᠢᠯᠡᠵᠡᠢ ᠃
     ᠮᠢᠨᠦ ᠪᠡᠶ᠎ᠡ ᠲᠣᠬᠣᠨᠲᠡᠮᠦᠷ ᠬᠠᠭᠠᠨ ᠪ ᠲᠤᠬᠠᠢ ᠠᠯᠢ ᠡᠷᠲᠡ ᠨᠢᠭᠡ ᠶᠠᠭᠤᠮ᠎ᠠ ᠪᠢᠴᠢᠮᠡᠷ ᠪᠣᠲᠣᠭᠲᠠᠭᠰᠠᠨ ᠶᠤᠮ ᠃ 《 ᠬᠤᠪᠢᠯᠠᠢ ᠰᠡᠴᠡᠨ ᠬᠠᠭᠠᠨ 》 ᠊ᠢ ᠲᠤᠭᠤᠷᠪᠢᠵᠤ ᠳᠠᠭᠤᠰᠤᠭᠰᠠᠨ ᠪ ᠬᠣᠶ᠋ᠢᠨ᠎ᠠ ᠵᠠᠷᠢᠮ ᠨᠥᠬᠥᠳ ᠨᠠᠲᠠ  ᠳᠤ ᠲᠣᠬᠣᠨᠲᠡᠮᠦᠷ ᠬᠠᠭᠠᠨ ᠪ ᠲᠤᠬᠠᠢ ᠪᠢᠴᠢᠬᠦ ᠦᠭᠡᠢ ‍ᠦᠦ? ᠭᠡᠵᠦ ᠳᠤᠷᠠᠳᠬᠠᠵᠤ ᠪᠠᠶ᠋ᠢᠬᠰᠠᠨ ᠰᠠᠨ ᠃ ᠭᠡᠪᠡᠴᠦ ᠠᠵᠢᠯ ᠦ᠋ᠨ ᠬᠠᠷᠠᠬ᠋᠎ᠠ ᠪᠠ ᠪᠣᠲᠠᠲᠠᠢ ᠮᠠᠲ᠋ᠸᠷᠢᠶᠠᠯ ᠦ᠋ᠨ ᠴᠤᠭᠯᠠᠭᠤᠯᠬ᠋᠎ᠠ ᠮᠥᠴᠢᠳ ᠪᠠᠶ᠋ᠢᠬᠰᠠᠨ ᠵᠡᠷᠭᠡ ᠰᠢᠯᠲᠠᠭᠠᠨ ᠠ᠋ᠴᠠ ᠪᠣᠯᠵᠤ ᠬᠡᠲᠦᠨ ᠵᠢᠯ ᠥᠩᠭᠡᠷᠡᠯ᠎ᠡ ᠃ ᠦᠨᠡᠨ ᠶ᠋ᠢᠡᠨ ᠬᠡᠯᠡᠬᠦ  ᠳᠤ ᠲᠣᠬᠣᠨᠲᠡᠮᠦᠷ ᠬᠠᠭᠠᠨ ᠪ ᠲᠤᠬᠠᠢ  ᠪᠢᠴᠢᠭᠰᠡᠨ ᠲᠤᠰ ᠨᠣᠮ ᠪᠣᠯ ᠮᠢᠨᠦ ᠬᠤᠪᠢ ᠬᠥᠮᠦᠨ ᠪ ᠪᠠᠬᠠᠲᠤᠬᠤ ᠪᠤᠶᠤ  ᠵᠢᠭᠰᠢᠬᠦ ᠳᠤᠷᠠᠰᠢᠯ ᠠ᠋ᠴᠠ ᠪᠣᠯᠤᠭᠰᠠᠨ ᠪᠢᠰᠢ ᠂ ᠬᠠᠷᠢᠨ ᠲᠦᠯᠬᠢᠵᠦ ᠪᠣᠯᠤᠰᠢ ᠦᠭᠡᠢ ᠲᠡᠦᠬᠡᠨ ᠬᠠᠷᠢᠭᠤᠴᠠᠯᠬ᠋᠎ᠠ ᠬᠡᠮᠡᠷ ᠰᠠᠨᠠᠭᠲᠠᠭᠠᠳ ᠪᠤᠢ ᠃
     ᠲᠡᠦᠬᠡᠨ  ᠳᠤ ᠲᠣᠬᠣᠨᠲᠡᠮᠦᠷ ᠦ᠋ᠨ ᠲᠤᠬᠠᠢ ᠮᠠᠭᠲᠠᠵᠤ  ᠬᠡᠯᠡᠭᠰᠡᠨ ᠵᠤᠶ᠋ᠢᠯ ᠴᠥᠭᠡᠨ ᠂ ᠮᠠᠭᠤᠰᠢᠶᠠᠵᠤ ᠦᠭᠦᠯᠡᠭᠰᠡᠨ ᠵᠤᠶ᠋ᠢᠯ ᠣᠯᠠᠨ ᠲᠤᠯᠠ ᠬᠡᠲᠦᠨ ᠵᠠᠭᠤᠨ ᠵᠢᠯ ᠦ᠋ᠨ ᠲᠤᠷᠰᠢ ᠮᠣᠩᠭᠣᠯᠴᠤᠳ ᠦ᠋ᠨ ᠲᠠᠷᠢᠬᠢᠨ  ᠳᠤ ᠲᠡᠷᠡ ᠨᠢ ᠵᠣᠬᠢᠬᠤ ᠪᠠᠶ᠋ᠢᠷᠢ ᠰᠠᠭᠤᠷᠢ ᠪᠠᠨ ᠣᠯᠤᠭᠠᠲᠤᠢ ᠪᠠᠶ᠋ᠢᠬᠰᠠᠭᠠᠷ ᠃ ᠡᠨᠡ ᠨᠢ 《 ᠮᠣᠩᠭᠣᠯ ᠦ᠋ᠨ ᠲᠥᠷᠥ ᠶ᠋ᠢ ᠠᠯᠲᠠᠭᠰᠠᠨ ᠡᠴᠦᠰ ᠦ᠋ᠨ ᠬᠠᠭᠠᠨ 》 ᠭᠡᠬᠦ ᠨᠢᠭᠡ ᠯᠡ ᠦᠭᠡ ᠪᠡᠷ ᠲᠡᠭᠦᠨ ᠪ ᠪᠦᠬᠦ ᠠᠮᠢᠲᠤᠷᠠᠯ ᠥᠩᠭᠡᠷᠡᠯᠲᠡ ᠶ᠋ᠢ ᠳᠠᠷᠤᠭᠳᠠᠭᠤᠯᠤᠭᠰᠠᠨ ᠪ ᠤᠷᠰᠢᠬ ᠮᠥᠨ ᠃ ᠣᠲᠣ ᠮᠠᠨ ᠪ ᠮᠡᠲᠡᠵᠦ ᠪᠠᠶ᠋ᠢᠬ᠋᠎ᠠ ᠲᠡᠦᠬᠡᠨ ᠮᠠᠲ᠋ᠧᠷᠢᠶᠠᠯ ᠦ᠋ᠳ ᠠ᠋ᠴᠠ ᠦᠵᠡᠪᠡᠯ ᠳᠣᠬᠣᠨᠲᠡᠮᠤᠷ ᠬᠠᠭᠠᠨ ᠪ ᠨᠢᠭᠡ ᠨᠠᠰᠤ ᠪᠣᠯ ᠲᠤᠶ᠋ᠢᠯ ᠦ᠋ᠨ ᠭᠠᠶ᠋ᠢᠬᠠᠮᠰᠢᠬᠲᠠᠢ ᠪᠥᠭᠡᠳ ᠰᠣᠨᠢᠷᠡᠬᠠᠯ ᠲᠠᠢ ᠂ ᠮᠠᠰᠢ  ᠲᠦᠭᠰᠢᠭᠦᠷᠢᠲᠡᠢ ᠪᠥᠭᠡᠳ ᠪᠠᠰᠠ ᠮᠠᠭᠲᠠᠭᠤᠰᠢᠲᠠᠢ ᠶᠤᠮ ᠃ ᠲᠡᠭᠦᠨ ᠪ ᠵᠢᠷᠤᠵᠤ  ᠲᠥᠯᠦᠪᠯᠡᠭᠰᠡᠨ ᠪᠠ  ᠦᠢᠯᠡᠳᠦᠭᠰᠡᠨ ᠯᠤᠤᠲᠤ ᠣᠩᠭᠣᠴᠠ ᠂ ᠣᠷᠲᠣᠨ ᠪ ᠳᠣᠲᠣᠷᠠᠬᠢ ᠮᠥᠴᠡ ᠶ᠋ᠢᠨ ᠬᠤᠪᠢᠩ ᠵᠡᠷᠭᠡ ᠨᠢ ᠲᠡᠦᠬᠡᠨ ᠯᠣᠪᠰᠢ ᠮᠡᠲᠦ ᠬᠠᠶᠠᠭᠲᠠᠪᠠ ᠃ ᠭᠡᠲᠡᠯ᠎ᠡ ᠲᠡᠭᠦᠨ ᠪ ᠡᠷᠭᠢᠯᠡᠯ ᠳᠣᠣᠷ᠎ᠠ ᠲᠤᠭᠤᠷᠪᠢᠬᠰᠠᠨ 《 ᠭᠤᠷᠪᠠᠨ ᠲᠥᠷᠥ ᠶ᠋ᠢᠨ ᠲᠡᠦᠬᠡ 》 ᠵᠢᠴᠢ ᠰᠢᠦᠸᠠᠨ ᠸᠸᠨ ᠭᠧ ᠲᠠᠭᠲᠤ  ᠳᠤ ᠬᠤᠷᠢᠶᠠᠵᠤ ᠬᠠᠲᠠᠭᠠᠯᠠᠭᠰᠠᠨ ᠠᠯᠢ ᠣᠯᠠᠨ ᠰᠣᠶᠣᠯ ᠲᠡᠦᠬᠡᠨ ᠳᠤᠷᠠᠰᠬᠠᠯᠲᠤ ᠵᠦᠢᠯᠡᠰ ᠣᠲᠣ ᠬᠡᠮᠵᠢᠶᠡᠯᠡᠰᠢ ᠦᠭᠡᠢ ᠦᠨ᠎ᠡ  ᠥᠷᠲᠡᠭ ᠶ᠋ᠢᠡᠨ ᠢᠯᠡᠷᠡᠭᠦᠯᠵᠦ ᠪᠤᠢ ᠃ ᠵᠢᠱ᠌ᠢᠶᠡᠯᠡᠪᠡᠯ ᠂ ᠸᠸᠨ ᠵᠢᠶᠠ ᠪᠤᠤ ᠶᠡᠷᠦᠩᠬᠡᠢ ᠰᠠᠶ᠋ᠢᠳ ᠦ᠋ᠨ ᠲᠠᠶ᠋ᠢᠸᠠᠨ ᠪ ᠡᠷᠲᠡᠨ ᠪ ᠣᠷᠲᠣᠨ ᠪ ᠮᠦᠽᠧᠢ  ᠳᠤ ᠬᠦᠷᠭᠡᠭᠰᠡᠨ ᠬᠤᠸᠠᠩ ᠭᠥᠩ ᠸᠠᠩ ᠦ᠋ᠨ 《 ᠹᠦ᠋ ᠴᠦᠨ ᠱᠠᠨ ᠠᠭᠤᠯᠠ ᠤᠰᠤᠨ ᠪ ᠦᠵᠡᠮᠵᠢ ᠵᠢᠷᠤᠭ 》 ᠪᠣᠯ ᠰᠢᠦᠸᠠᠨ ᠸᠸᠨ ᠭᠧ ᠲᠠᠭᠲᠤ  ᠳᠤ ᠤᠲᠠᠭᠠᠨ ᠵᠢᠯ ᠬᠠᠲᠠᠭᠠᠯᠠᠵᠤ ᠂ ᠮᠢᠩ ᠤᠯᠤᠰ ᠦ᠋ᠨ ᠦᠶ᠎ᠡ  ᠳᠤ ᠭᠡᠭᠡᠭᠲᠡᠭᠰᠡᠨ ᠵᠢᠷᠤᠭ ᠪᠤᠶᠤ ᠃ ᠲᠣᠬᠣᠨᠲᠡᠮᠤᠷ ᠬᠠᠭᠠᠨ  ᠨᠥᠭᠴᠢᠬᠦ ᠶ᠋ᠢᠨ ᠶ᠋ᠢᠡᠨ ᠡᠮᠦᠨ᠎ᠡ ᠬᠠᠶ᠋ᠢᠯᠠᠭᠰᠠᠨ 《 ᠭᠡᠮᠰᠢᠯ ᠦ᠋ᠨ  ᠰᠢᠯᠦᠭ 》 ᠪᠣᠯ ᠤᠭᠰᠠᠬ᠋᠎ᠠ ᠦᠨᠲᠦᠰᠦᠲᠡᠨ ᠶ᠋ᠢᠡᠨ ᠬᠠᠶ᠋ᠢᠷᠠᠯᠠᠬᠤ ᠰᠡᠤᠠᠬᠢᠯᠭᠡ ᠶ᠋ᠢ ᠡᠰᠡᠷᠭᠦ ᠲᠠᠯ᠎ᠠ ᠠ᠋ᠴᠠ  ᠢᠯᠡᠳᠬᠡᠭᠰᠡᠨ ᠬᠠᠲᠠᠭᠤ ᠴᠢᠩᠬ᠋᠎ᠠ ᠤᠯᠤᠰ ᠲᠥᠷᠥ ᠶ᠋ᠢᠨ ᠴᠢᠭ᠌ᠯᠡᠯ ᠪᠦᠬᠦᠢ ᠤᠷᠢᠶᠠᠯᠠᠬ᠋᠎ᠠ ᠶ᠋ᠢᠨ  ᠪᠢᠴᠢᠭ᠌ ᠮᠥᠨ ᠃ ᠡᠭᠦᠨ ᠳ᠋ᠤᠷ ᠵᠠᠰᠠᠭ ᠲᠥᠷᠥ ᠮᠥᠬᠥᠯ ᠦ᠋ᠨ ᠠᠶᠤᠯ  ᠳᠤ ᠲᠤᠯᠭᠠᠷᠠᠭᠰᠠᠨ ᠲᠡᠦᠬᠡᠨ ᠰᠤᠷᠭᠠᠮᠵᠢ ᠶ᠋ᠢ ᠳ᠋ᠦ᠋ᠩᠨᠡᠵᠦ ᠂ ᠳᠠᠶ᠋ᠢᠲᠦ ᠬᠣᠲᠠ ᠠ᠋ᠴᠠ ᠤᠬᠤᠷᠢᠨ ᠭᠠᠷᠤᠭᠰᠠᠨ ᠠᠴᠢ ᠬᠣᠯᠪᠣᠭᠲᠠᠯ ᠊ᠢ ᠥᠭᠦᠯᠡᠵᠦ ᠂ ᠬᠦᠴᠦ ᠲᠠᠮᠢᠷ ᠶ᠋ᠢᠠᠨ ᠬᠤᠷᠠᠮᠲᠤᠭᠤᠯᠤᠨ ᠳᠠᠬᠢᠨᠲᠠ ᠳᠠᠭᠠᠷᠢᠨ ᠢᠷᠡᠬᠦ ᠠᠤᠬ᠋᠎ᠠ ᠵᠣᠷᠢᠬ ᠨᠢᠭᠤᠭᠲᠠᠵᠤ ᠪᠠᠶ᠋ᠢᠬ᠋᠎ᠠ ᠶᠤᠮ ᠃ ᠭᠡᠲᠡᠯ᠎ᠡ ᠲᠤᠰ  ᠰᠢᠯᠦᠭ ᠦ᠋ᠨ ᠴᠠᠭᠠᠲᠤᠬᠢ ᠰᠠᠨᠠᠬ᠋᠎ᠠ ᠶ᠋ᠢ ᠰᠢᠨᠵᠢᠯᠡᠬᠦ ᠦᠭᠡᠢ ᠂ ᠵᠥᠪᠬᠡᠨ ᠬᠡᠨ ᠬᠡᠵᠢᠶ᠎ᠡ ᠬᠠᠮᠢᠬ᠋᠎ᠠ ᠵᠣᠬᠢᠶᠠᠭᠰᠠᠨ ᠊ᠢ ᠠᠩᠬᠠᠷᠤᠯ  ᠳᠤ ᠪᠠᠨ ᠠᠪᠴᠤ ᠶᠠᠯᠢᠮ ᠦᠭᠡᠢ ᠵᠦᠢᠯ ᠊ᠢ ᠨᠢ ᠡᠷᠢᠵᠦ  ᠰᠥᠪᠡᠯᠡᠭᠰᠡᠨ ᠪᠠᠶ᠋ᠢᠲᠠᠭ ᠃ ᠲᠣᠬᠣᠨᠲᠡᠮᠤᠷ ᠬᠠᠭᠠᠨ ᠊ᠢ ᠪᠡᠭᠡᠵᠢᠩ ᠡᠴᠡ ᠳᠤᠲᠠᠭᠠᠵᠤ ᠭᠠᠷᠤᠯ᠎ᠠ ᠭᠡᠬᠦ ᠡᠴᠡ ᠪᠢᠰᠢ ᠂ ᠬᠠᠷᠢᠨ ᠮᠣᠩᠭᠣᠯ ᠮᠢᠩ ᠬᠣᠶᠠᠷ ᠤᠯᠤᠰ ᠦ᠋ᠨ ᠭᠤᠷᠪᠠᠨ ᠵᠠᠭᠤᠨ ᠣᠨ ᠪ  ᠡᠰᠡᠷᠭᠦᠴᠡᠯᠳᠦᠭᠰᠡᠨ ᠤᠯᠤᠰ ᠲᠥᠷᠥ ᠶ᠋ᠢᠨ ᠪᠠᠶ᠋ᠢᠲᠠᠯ ᠊ᠢ ᠪᠤᠢ ᠪᠣᠯᠭᠠᠭᠰᠠᠨ ᠲᠡᠦᠬᠡᠲᠦ ᠭᠠᠪᠢᠶ᠎ᠠ ᠵᠢᠤᠠᠭᠦᠯ ᠊ᠢ ᠶᠠᠷᠢᠲᠠᠭ ᠦᠭᠡᠢ ᠃ ᠦᠨᠡᠨ ᠳ᠋ᠡᠭᠡᠨ ᠭᠠᠭᠴᠠ ᠡᠨᠡ ᠨᠢᠭᠡ ᠲᠠᠯ᠎ᠠ ᠠ᠋ᠴᠠ  ᠬᠡᠯᠡᠭᠰᠡᠨ ᠴᠤ᠌  ᠲᠣᠬᠣᠨᠲᠡᠮᠤᠷ ᠊ᠢ ᠭᠦᠢᠴᠡᠳ ᠦᠨᠡᠯᠡᠬᠦ ᠶᠣᠰᠣᠲᠠᠢ ᠭᠡᠮᠡᠷ ᠶᠤᠮ ! ᠡᠨᠡ ᠲᠤᠬᠠᠢ ᠬᠣᠵᠢᠮ ᠦ᠋ᠨ ᠮᠡᠷᠭᠡᠳ ᠯᠠᠪᠲᠠᠢ ᠢᠯᠭᠠᠨ ᠰᠤᠲᠤᠯᠵᠤ ᠲᠣᠬᠤᠨᠲᠡᠮᠦᠷ ᠦ᠋ᠨ ᠲᠡᠦᠬᠡᠨ ᠦᠢᠯᠡᠲᠦᠯ ᠪᠠ ᠪᠠᠶ᠋ᠢᠷᠢ ᠰᠠᠭᠤᠷᠢ ᠶ᠋ᠢ ᠰᠡᠷᠭᠦᠭᠡᠨ ᠲᠣᠭᠲᠠᠭᠠᠬᠤ ᠪᠠᠶ᠋ᠢᠯᠭᠦᠢ ᠃ ᠡᠨᠲᠡ ᠪᠢ ᠵᠥᠪᠬᠡᠨ ᠪᠣᠲᠣᠵᠤ ᠰᠠᠨᠠᠭᠰᠠᠨ ᠬᠡᠲᠦᠨ ᠦᠭᠡ ᠪᠡᠨ ᠪᠢᠴᠢᠵᠦ ᠲᠡᠮᠲᠡᠭᠯᠡᠭᠡᠳ ᠤᠩᠰᠢᠬᠴᠢ ᠨᠥᠬᠥᠳ ᠦ᠋ᠨ ᠴᠠᠢ ᠶ᠋ᠢᠨ ᠵᠣᠭᠣᠭ ᠪᠣᠯᠭᠠᠪᠠ ᠃ ᠪᠤᠷᠤᠭᠤ ᠵᠦᠢᠯ ᠊ᠢ ᠵᠠᠯᠠᠷᠠᠭᠤᠯᠵᠤ ᠪᠣᠲᠣᠯᠬ᠋᠎ᠠ ᠰᠡᠤᠠᠬᠢᠯ  ᠳᠤ ᠪᠡᠨ ᠠᠭᠤᠴᠢᠯᠠᠬᠤ ᠶ᠋ᠢ ᠬᠦᠰᠡᠶ᠎ᠡ ᠃
                       ᠵᠣᠬᠢᠶᠠᠭᠴᠢ ᠬᠦᠴᠢᠬᠡᠨ
         2011 ᠣᠨ ᠪ 3 ᠎ᠳ᠋ᠤᠭᠠᠷ ᠰᠠᠷ᠎ᠠ ᠶ᠋ᠢᠨ 29 ᠪ ᠡᠲᠦᠷ     ᠬᠥᠬᠡᠬᠣᠲᠠᠨ᠎ᠠ


                                   
     
 <1 > ᠴᠢᠩᠭᠢᠰ ᠬᠠᠭᠠᠨ ᠪ ᠨᠠᠢ᠍ᠮᠠᠨ ᠰᠢᠷᠬ᠋᠎ᠠ ᠶ᠋ᠢᠨ ᠭᠤᠷᠪᠠᠲᠤᠭᠠᠷ ᠊ᠢ 《 ᠬᠦᠴᠢᠬᠡᠨ 》 ᠬᠡᠮᠡᠮᠦᠢ ᠭᠡᠵᠦ  ᠲᠡᠦᠬᠡᠨ  ᠪᠢᠴᠢᠭ  ᠲᠤ ᠲᠡᠮᠲᠡᠭᠯᠡᠵᠦ ᠪᠤᠢ ᠃ ᠮᠢᠨᠦ ᠪᠠᠬ᠋᠎ᠠ ᠶ᠋ᠢᠨ ᠨᠡᠷ᠎ᠡ ᠪᠣᠯ ᠪᠣᠣᠴᠢᠩ ᠂ ᠪᠠᠭᠰᠢ ᠶ᠋ᠢᠨ ᠬᠠᠶ᠋ᠢᠷᠠᠯᠠᠭᠰᠠᠨ ᠨᠡᠷ᠎ᠡ ᠰ · ᠡᠷᠲᠡᠮᠲᠦ ᠂ ᠠᠬᠠᠮᠠᠳ ᠨᠠᠰᠤᠲᠠᠳ ᠦ᠋ᠨ ᠡᠩᠬᠦᠷᠡᠶ᠋ᠢᠯᠡᠨ ᠳᠠᠭᠤᠳᠠᠭᠰᠠᠨ ᠨᠢ ᠰᠢᠶᠣᠤ ᠡᠸ ᠪᠤᠶᠤ ᠃ 《 ᠬᠦᠴᠢᠬᠡᠨ 》 ᠭᠡᠮᠡᠨ ᠪᠢᠷ ᠦ᠋ᠨ ᠨᠡᠷ᠎ᠡ ᠠᠪᠤᠭᠰᠠᠨ ᠨᠢ ᠂ ᠲᠤᠬᠠᠢ ᠶ᠋ᠢᠨ ᠵᠢᠯ  ᠳᠤ 《 ᠴᠠᠩ ᠴᠦᠨ ᠪᠣᠮᠪᠣ ᠶ᠋ᠢᠨ ᠪᠠᠷᠠᠭᠤᠨᠰᠢ ᠵᠣᠷᠴᠢᠬᠰᠠᠨ ᠲᠡᠮᠲᠡᠭᠯᠡᠯ 》 ᠊ᠢ ᠮᠣᠩᠭᠣᠯᠴᠢᠯᠠᠬᠤ  ᠳᠤ ᠲᠤᠶ᠋ᠢᠯ ᠦ᠋ᠨ ᠶᠡᠬᠡ ᠬᠦᠴᠦ ᠬᠥᠲᠡᠯᠮᠦᠷᠢ ᠵᠠᠷᠤᠴᠠᠭᠤᠯᠵᠤ ᠬᠣᠶᠠᠷ ᠠᠷᠠᠭᠠᠨ ᠰᠢᠲᠦ ᠪᠡᠨ ᠠᠯᠲᠠᠭᠰᠠᠨ  ᠳᠤ ᠪᠠᠨ ᠵᠣᠪᠠᠵᠤ ᠂  ᠡᠩᠭᠧᠯᠰ  ᠦ᠋ᠨ 《  ᠳ᠋ᠢ᠍ᠤᠷᠢᠩ  ᠦ᠋ᠨ ᠡᠰᠡᠷᠭᠦ 》 ᠬᠡᠮᠡᠬᠦ ᠨᠣᠮ ᠶ᠋ᠢᠠᠨ ᠲᠤᠭᠤᠷᠪᠢᠬᠤ  ᠳᠤ ᠪᠠᠨ 《 ᠳ᠋ᠢᠤᠷᠢᠩ   》 ᠊ᠢ 《 ᠭᠦᠴᠢᠯᠯᠢᠭ  ᠵᠢᠮᠢᠰ 》 ᠭᠡᠵᠦ  ᠬᠡᠯᠡᠭᠰᠡᠨ ᠦᠭᠡ ᠶ᠋ᠢ ᠰᠠᠨᠠᠵᠤ ᠂ ᠲᠤᠰ 《 ᠲᠡᠮᠲᠡᠭᠯᠡᠯ 》 ᠊ᠢ ᠬᠡᠪᠯᠡᠭᠦᠯᠬᠦ  ᠳᠤ 《 ᠬᠦᠴᠢᠬᠡᠨ 》 ᠬᠡᠮᠡᠬᠦ ᠪᠢᠷ  ᠦ᠋ᠨ ᠨᠡᠷ᠎ᠡ ᠠᠪᠴᠤ 《 ᠬᠦᠴᠢᠯᠯᠢᠭ᠋ 》 ᠬᠡᠮᠡᠬᠦ ᠤᠤᠠᠬ᠎ᠠ ᠰᠠᠨᠠᠬ᠋᠎ᠠ ᠪᠠᠨ ᠬᠠᠪᠰᠤᠷᠭᠠᠨ ᠢᠯᠡᠤᠠᠬᠡᠪᠡ ᠃

  ᠦᠰᠦᠭ ᠠᠮᠢᠯᠠᠭᠤᠯᠤᠭᠴᠢ ᠄ ᠪᠤᠤ ᠿᠦᠩ ᠬᠤᠸᠠ ᠂ ᠳ᠋ᠦ᠋ᠩ ᠢᠦᠢ ᠯᠢᠩ ᠂ ᠡᠷᠲᠡᠨᠢ ᠂ ᠴᠸᠨ ᠬᠤᠪᠢᠰᠬᠠᠯ ᠂ ᠰᠠᠷᠠᠨ᠎ᠠ ᠂  ᠥᠷᠯᠥᠭ
   ᠬᠢᠨᠠᠭᠴᠢ ᠄ ᠮᠥᠴᠢᠷ   ᠪᠠᠭ᠍ᠰᠢ