ᠤᠯᠠᠭᠠᠨ ᠬᠠᠳᠠ ( ᠨᠢᠭᠡ ) – ᠭ ᠂ ᠴᠢᠩᠪᠠᠭᠠᠲᠤᠷ Улаан хад ( нэг )  –   Г ᠂ Чинбаатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠤᠯᠠᠭᠠᠨ ᠬᠠᠳᠠ ( ᠨᠢᠭᠡ ) – ᠭ ᠂ ᠴᠢᠩᠪᠠᠭᠠᠲᠤᠷ Улаан хад ( нэг )  –   Г ᠂ Чинбаатар

ᠤᠯᠠᠭᠠᠨ ᠬᠠᠳᠠ ( ᠨᠢᠭᠡ ) – ᠭ ᠂ ᠴᠢᠩᠪᠠᠭᠠᠲᠤᠷ Улаан хад ( нэг )  –   Г ᠂ Чинбаатар

2023-03-04

279

ᠤᠯᠠᠭᠠᠨ ᠬᠠᠳᠠ ( ᠨᠢᠭᠡ )


             ᠭ ᠂ ᠴᠢᠩᠪᠠᠭᠠᠲᠤᠷ 

 ᠠᠭᠤᠰᠬᠢ ᠰᠢᠭ᠋ ᠤᠯᠠᠭᠠᠨ ᠬᠠᠳᠠ
 ᠭᠡᠷ ᠦ᠋ᠨ ᠮᠢᠨᠢ  ᠠᠷᠤᠬᠠᠨ ᠎ᠳ᠋ᠤ᠌ ᠪᠠᠶ᠋ᠢᠳᠠᠭ
 ᠤᠨᠠᠭᠠᠨ ᠪᠠᠭ᠎ᠠ ᠨᠠᠰᠤᠨ ᠪ ᠮᠢᠨᠢ ᠳᠤᠷᠠᠳᠬᠠᠯ
 ᠤᠯᠠᠭᠠᠨ ᠬᠠᠳᠠᠨ ᠪ ᠡᠯᠢᠭᠡᠨ ᠎ᠳ᠋ᠦ᠍ ᠪᠠᠶ᠋ᠢᠳᠠᠭ
 ᠤᠯᠠᠭᠠᠨ ᠴᠣᠭ ᠰᠢᠭ᠋ ᠬᠠᠳᠠᠨ ᠎ᠳ᠋ᠤ᠌ ᠮᠢᠨᠢ
 ᠨᠠᠷᠠ ᠠᠲᠠᠭᠠᠷᠬᠠᠵᠤ ᠮᠠᠨᠲᠤᠲᠠᠭ ᠪᠠᠶ᠋ᠢᠭᠰᠠᠨ ᠶᠤᠮ
 ᠤᠨᠠᠭᠠᠨ ᠪᠠᠭ᠎ᠠ ᠶ᠋ᠢᠨ ᠭᠡᠨᠡᠨ ᠲᠣᠭᠯᠠᠭᠠᠮ ᠎ᠳ᠋ᠤ᠌ ᠮᠢᠨᠢ
 ᠬᠠᠲᠠ ᠨᠢ ᠬᠠᠶᠠ  ᠲᠥᠭᠡᠷᠢᠳᠡᠭ ᠪᠠᠶ᠋ᠢᠭᠰᠠᠨ ᠶᠤᠮ

 ᠤᠯᠠᠭᠠᠨ ᠬᠠᠳᠠᠨ ᠳ᠋ᠠᠭᠠᠨ ᠣᠴᠢᠭ᠎ᠠ ᠦᠭᠡᠢ
 ᠣᠨ ᠤᠳᠠᠵᠠᠢ
 ᠤᠨᠠᠭᠠᠨ ᠪᠠᠭ᠎ᠠ ᠨᠠᠰᠤᠨ ᠠ᠋ᠴᠠ ᠪᠠᠨ ᠬᠣᠯᠠᠲᠤᠭᠠᠳ
 ᠣᠯᠠᠨ ᠬᠣᠨᠣᠵᠠᠢ
 ᠭᠠᠭᠴᠠᠭᠠᠷ ᠶ᠋ᠢᠠᠨ ᠤᠶ᠋ᠢᠲᠤᠬ᠋᠎ᠠ ᠪᠣᠯᠪᠠ ᠦ᠋ᠦ
 ᠮᠢᠨᠦ ᠤᠯᠠᠭᠠᠨ ᠬᠠᠳᠠ
 ᠭᠠᠭᠴᠠᠭᠠᠷᠳᠠᠭᠠᠳ ᠤᠬᠢᠯᠠᠬ᠋᠎ᠠ ᠴᠤ᠌ ᠪᠣᠯᠪᠠ ‍ᠤᠤ
 ᠮᠢᠨᠦ ᠠᠭᠤᠰᠬᠢ ᠬᠠᠲᠠ

 ᠠᠭᠤᠰᠬᠢ ᠰᠢᠭ᠋ ᠤᠯᠠᠭᠠᠨ ᠬᠠᠳᠠ
 ᠭᠡᠷ ᠦ᠋ᠨ ᠮᠢᠨᠢ ᠠᠷᠤᠬᠠᠨ ᠎ᠳ᠋ᠤ᠌ ᠪᠠᠶ᠋ᠢᠲᠠᠭ
 ᠤᠨᠠᠭᠠᠨ ᠪᠠᠭ᠎ᠠ ᠨᠠᠰᠤᠨ ᠪ ᠮᠢᠨᠢ ᠳᠤᠷᠠᠳᠬᠠᠯ
 ᠤᠯᠠᠭᠠᠨ ᠬᠠᠳᠠᠨ ᠪ ᠨᠥᠮᠥᠷᠢ ᠎ᠳ᠋ᠦ᠍ ᠦᠯᠡᠳᠡᠭᠰᠡᠨ
 ᠨᠠᠷᠠ ᠠᠲᠠᠭᠠᠷᠬᠠᠵᠤ ᠮᠠᠨᠲᠤᠲᠠᠭ ᠤᠯᠠᠭᠠᠨ ᠬᠠᠳᠠ ᠮᠢᠨᠢ
 ᠨᠠᠳᠠ ᠎ᠳ᠋ᠤ᠌ ᠣᠯᠠᠨ ᠬᠣᠨᠣᠭ ᠦ᠋ᠨ ᠵᠡᠭᠦᠳᠦ ᠥᠭᠭᠦᠭᠰᠡᠨ
 ᠡᠮᠡᠭᠡᠯᠲᠦ ᠮᠣᠷᠢ ᠡᠷᠭᠢᠮᠡᠷ ᠥᠬᠡᠢ ᠵᠢᠭᠠᠬᠠᠨ ᠵᠢᠷᠦᠬᠡᠨ ᠳ᠋ᠡᠭᠡᠨ ᠪᠢ
 ᠡᠨᠡ ᠯᠡ ᠬᠠᠲᠠ ᠪᠠᠨ ᠲᠡᠭᠡᠭᠡᠵᠦ ᠶᠠᠪᠤᠭᠰᠠᠭᠠᠷ ᠣᠷᠴᠢᠯᠠᠩ ᠊ᠢ ᠲᠤᠭᠤᠯᠤᠨ᠎ᠠ

                  2005.8.30

           ᠦᠰᠦᠭ ᠠᠮᠢᠯᠠᠭᠤᠯᠤᠭᠴᠢ ᠄  ᠿᠦᠩ ᠰᠢ
               ᠬᠢᠨᠠᠭᠴᠢ ᠄ ᠮᠥᠴᠢᠷ  ᠪᠠᠭ᠍ᠰᠢ