ᠡᠷᠬᠡ ᠴᠢᠯᠥᠭᠡ ᠲᠡᠢ ᠶᠠᠪᠤᠬᠤ ᠳ᠋ᠠᠭᠠᠨ – ᠷ · ᠴᠣᠢᠨᠣᠮЭрх чөлөөтай явахдаа  – Р · Чойном ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷᠬᠡ ᠴᠢᠯᠥᠭᠡ ᠲᠡᠢ ᠶᠠᠪᠤᠬᠤ ᠳ᠋ᠠᠭᠠᠨ – ᠷ · ᠴᠣᠢᠨᠣᠮЭрх чөлөөтай явахдаа  – Р · Чойном

ᠡᠷᠬᠡ ᠴᠢᠯᠥᠭᠡ ᠲᠡᠢ ᠶᠠᠪᠤᠬᠤ ᠳ᠋ᠠᠭᠠᠨ – ᠷ · ᠴᠣᠢᠨᠣᠮЭрх чөлөөтай явахдаа  – Р · Чойном

2024-03-03

284

ᠡᠷᠬᠡ ᠴ᠍ᠢᠯᠣᠬᠡ ᠲᠠᠢ ᠶᠠᠪᠣᠠᠠᠣ ᠳ᠋ᠠᠭᠠᠨ



 ᠡᠷᠬᠡ ᠴᠢᠯᠦᠭᠡ ᠲᠡᠢ ᠶᠠᠪᠤᠬᠤ ᠳ᠋ᠠᠭᠠᠨ 
 ᠡᠷᠡᠯᠬᠡᠭᠯᠡᠵᠦ 
 ᠡᠮᠡᠭᠲᠡᠢ ᠬᠥᠮᠣᠨ ᠪ ᠨᠢᠲᠦᠨ ᠡᠴᠠ ᠪᠥᠮᠪᠥᠷᠢᠭᠦᠯᠦᠭᠰᠡᠨ ᠨ᠍ᠢᠯᠪᠣᠰᠣ
 ᠡᠨᠲᠡ ᠠᠮᠲᠠᠭᠲᠠᠨ᠎ᠠ ᠃
 
 ᠡᠷᠠᠮᠠᠬᠡᠢ ᠵᠠᠯᠠᠭᠣ ᠨᠠᠰᠣᠨ ᠳ᠋ᠠᠭᠠᠨ
 ᠡᠨᠲᠡᠭᠦᠷᠡᠵᠦ
 ᠡᠷ᠎ᠠ ᠨᠦᠬᠥᠷ ᠦᠨ ᠬᠠᠮᠠᠷ ᠠ᠋ᠴᠠ ᠲᠤᠰᠤᠯᠠᠭᠤᠯᠤᠭᠰᠠᠨ ᠴᠢᠰᠤ
 ᠡᠨᠲᠡ ᠠᠮᠲᠠᠭᠲᠠᠨ᠎ᠠ ᠃
     
 ᠡᠵᠢ ᠶ᠋ᠢ ᠪᠡᠨ ᠵᠣᠪᠠᠭᠠᠩᠬᠠᠨ
 ᠡᠯᠢᠭᠡ ᠶ᠋ᠢ ᠨᠢ
 ᠡᠮᠲᠡᠯᠡᠵᠤ ᠶᠠᠪᠤᠭᠰᠠᠨ ᠵᠣᠪᠠᠯᠠᠩ ᠭᠣᠨᠢᠬ
 ᠡᠨᠲᠡ  ᠠᠮᠲᠠᠭᠲᠠᠨ᠎ᠠ᠃

 ᠲᠠᠯ᠎ᠠ ᠶ᠋ᠢᠨ ᠰᠢᠷ᠎ᠠ ᠲᠠᠷᠪᠠᠬ᠋᠎ᠠ ᠶ᠋ᠢ
 ᠲᠠᠷᠴᠢᠯᠠᠭᠠᠵᠤ
 ᠲᠠᠮᠤᠯᠠᠨ ᠠᠯᠠᠭᠰᠠᠨ ᠨᠢᠭᠦᠯ ᠬᠢᠯᠢᠨᠴᠡ 
 ᠡᠨᠲᠡ ᠠᠮᠲᠠᠭᠲᠠᠨ᠎ᠠ ᠃ 
 
 ᠡᠨᠡ ‍ᠬᠦ ᠱᠣᠷᠣᠩ ᠭᠡᠭᠴᠢ ᠲᠠᠰᠢᠭᠤᠷ ᠦ᠋ᠨ ᠡᠬᠡ ᠣᠷᠣᠨ  ᠳᠦ
 ᠡᠷᠬᠡ ᠴᠢᠯᠥᠭᠡ ᠲᠡᠢ ᠳ᠋ᠡᠭᠡᠨ ᠨᠣᠯᠮᠤᠵᠤ ᠶᠠᠪᠤᠭᠰᠠᠨ ᠪᠥᠬᠦᠨ ᠪ
 ᠡᠷᠲᠡᠨᠢ ᠮᠡᠲᠦ ᠰᠠᠶ᠋ᠢᠬᠠᠨ ᠠᠮᠲᠠ ᠠᠮᠲᠠᠭᠲᠠᠨ᠎ᠠ ᠃

 ᠡᠷ᠎ᠡ ᠨᠥᠬᠥᠷ ᠭᠡᠵᠦ
 ᠡᠨᠲᠡᠭᠦᠷᠡᠵᠦ ᠶᠠᠪᠤᠭᠰᠠᠨ ᠲᠠᠶ᠋ᠢᠰᠤᠨ ᠪ
 ᠡᠬᠡᠭᠦᠨ ᠠᠭᠠᠳ ᠮᠠᠭᠤᠬᠠᠢ ᠠᠮᠲᠠ ᠠᠮᠲᠠᠭᠲᠠᠨ᠎ᠠ ᠃

 ᠲᠡᠷᠭᠡᠲᠡ ᠡᠴᠡ ᠨᠢ ᠬᠠᠷᠠᠭᠠᠳ ᠣᠶ᠋ᠢᠯᠠᠭᠠᠬ᠋᠎ᠠ ᠦᠭᠡᠢ ᠶᠠᠪᠤᠭᠰᠠᠨ 
 ᠶᠢᠷᠲᠢᠨᠴᠦ ᠶ᠋ᠢᠨ ᠭᠠᠰᠢᠭᠤᠨ ᠦᠨᠡᠨ ᠠᠮᠲᠠᠭᠲᠠᠨ᠎ᠠ ᠃
 ᠲᠡᠭᠡᠷ᠎ᠡ ᠡᠴᠡ ᠣᠶ᠋ᠢᠬᠰᠠᠨ ᠰᠡᠯᠡᠮ᠎ᠡ ᠶ᠋ᠢᠨ ᠢᠷ ᠡᠴᠡ ᠲᠤᠰᠤᠭᠰᠠᠨ 
 ᠨᠥᠬᠥᠷ ᠦ᠋ᠨ ᠴᠢᠰᠤ ᠠᠮᠲᠠᠭᠲᠠᠨ᠎ᠠ ᠃

   ※  ᠡᠨᠡ  ᠰᠢᠯᠦᠭ  ᠨᠢ《 ᠬᠣᠷᠣ᠎ᠠ  ᠳᠦ ᠦᠯᠡᠲᠡᠭᠡᠬᠦ ᠲᠠᠭᠣᠨ 》ᠨᠣᠮ   ᠳᠦ ᠬᠡᠪᠯᠡᠭᠳᠡᠬᠦ ᠳ᠋ᠠᠬᠡᠨ
       《 ᠱᠣᠷᠣᠩ  ᠦ᠋ᠨ  ᠠᠮᠲᠠ》  ᠭᠡᠳᠡᠭ ᠭᠠᠷᠴᠠᠬ᠍ ᠲᠠᠢ ᠃

     《 ᠷ · ᠴᠣᠶ᠋ᠢᠨᠣᠮ ‍ᠤᠨ ᠰᠢᠯᠦᠭ ᠵᠣᠬᠢᠶᠠᠯ ‍ᠤᠨ ᠬᠤᠷᠢᠶᠠᠬᠤᠢ —  》
         — ᠤᠶᠠᠩᠭ᠎ᠠ ‍ᠶ᠋ᠢᠨ ᠰᠢᠯᠦᠭ  ᠠ᠋ᠴᠠ ᠬᠠᠭᠤᠯᠪᠠ ᠃
          ᠪᠢ᠊ ·  ᠳᠠᠮᠳᠢᠨᠰᠦ᠋ᠷᠦᠩ ᠡᠮᠬᠢᠳᠬᠡᠨ ᠨᠠᠶ᠋ᠢᠷᠠᠭᠤᠯᠪᠠ
         ᠬᠠᠷᠢᠭᠤᠴᠠᠭᠰᠠᠨ ᠨᠠᠶ᠋ᠢᠷᠠᠭᠤᠯᠤᠭᠴᠢ ᠄ ᠪᠣᠷᠣᠨᠣᠳ ᠳᠣᠷᠵᠢ 
 
            ᠦᠰᠦᠭ ᠠᠮᠢᠯᠠᠭᠤᠯᠤᠭᠴᠢ ᠄  ᠨᠠᠷᠠᠨ᠎ᠠ
              ᠬᠢᠨᠠᠭᠴᠢ ᠄  ᠣᠳᠬᠠᠨᠰᠣᠸ᠎ᠠ  ᠪᠠᠭᠰᠢ