ᠮᠠᠨ ᠤ ᠳᠤᠷᠠᠲᠠᠢ ᠴᠠᠭᠠᠨ ᠢᠳᠡᠭᠡ – ᠪᠠᠭ᠎ᠠ ᠰᠤᠷᠭᠠᠭᠤᠯᠢ ᠶᠢᠨ ᠤᠩᠰᠢᠬᠤ ᠪᠢᠴᠢᠭ Манай дуртай цагаан идээ – Бага сургуулийн унших бичиг ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠨ ᠤ ᠳᠤᠷᠠᠲᠠᠢ ᠴᠠᠭᠠᠨ ᠢᠳᠡᠭᠡ – ᠪᠠᠭ᠎ᠠ ᠰᠤᠷᠭᠠᠭᠤᠯᠢ ᠶᠢᠨ ᠤᠩᠰᠢᠬᠤ ᠪᠢᠴᠢᠭ Манай дуртай цагаан идээ – Бага сургуулийн унших бичиг

ᠮᠠᠨ ᠤ ᠳᠤᠷᠠᠲᠠᠢ ᠴᠠᠭᠠᠨ ᠢᠳᠡᠭᠡ – ᠪᠠᠭ᠎ᠠ ᠰᠤᠷᠭᠠᠭᠤᠯᠢ ᠶᠢᠨ ᠤᠩᠰᠢᠬᠤ ᠪᠢᠴᠢᠭ Манай дуртай цагаан идээ – Бага сургуулийн унших бичиг

ᠮᠠᠨ ᠤ ᠳᠤᠷᠠᠲᠠᠢ ᠴᠠᠭᠠᠨ ᠢᠳᠡᠭᠡ


 ᠰᠠᠭᠠᠭᠰᠠᠨ ᠰᠢᠮ᠎ᠡ  ᠵᠢ ᠰᠥ᠋ ᠭᠡᠨ᠎ᠡ
 ᠰᠠᠮᠤᠷᠴᠤ ᠬᠥᠭᠡᠷᠥᠭᠥᠯᠪᠡᠯ ᠥᠷᠥᠮ᠎ᠡ ᠰᠠᠭᠤᠨ᠎ᠠ
 ᠰᠠᠪᠠᠨ  ᠳ᠋ᠤ᠌ ᠬᠥᠷᠥᠩᠭᠡᠯᠡᠪᠡᠯ ᠠᠶ᠋ᠢᠷᠠᠭ ᠪᠣᠯᠤᠨ᠎ᠠ
 ᠰᠠᠭᠭᠠᠲᠠᠯ᠎ᠡ ᠪᠦᠯᠢᠪᠡᠯ ᠲᠣᠰᠣ  ᠬᠥᠪᠪᠦᠨ᠎ᠡ

 ᠪᠦᠯᠢᠭᠰᠡᠨ ᠵᠢᠠᠨ ᠴᠢᠨᠠᠪᠠᠯ ᠴᠠᠭ᠎ᠠ ᠪᠣᠯᠤᠨ᠎ᠠ
 ᠴᠠᠭ᠎ᠠ ᠪᠠᠨ ᠱᠦᠭᠦᠪᠡᠯ ᠠᠭᠠᠷᠴᠠ ᠪᠣᠯᠤᠨ᠎ᠠ
 ᠠᠭᠠᠷᠴᠠ ᠪᠠᠨ ᠵᠦᠰᠦᠵᠤ ᠬᠤᠷᠤᠳ ᠬᠢᠨ᠎ᠡ
 ᠠᠭᠠᠷᠤᠤᠯ᠂ ᠱᠦᠬᠦᠮᠡᠯ᠂ ᠴᠥᠷᠮ᠎ᠡ ᠴᠤ᠌ ᠬᠢᠨ᠎ᠡ

 ᠰᠦ᠋  ᠪᠡᠨ ᠡᠭᠡᠳᠡᠭᠦᠯᠵᠦ ᠵᠥᠭᠡᠬᠡᠢ ᠠᠪᠤᠨ᠎ᠠ
 ᠵᠥᠬᠡᠬᠡᠢ ᠪᠡᠨ ᠪᠤᠴᠠᠯᠭᠠᠵᠤ ᠰᠢᠷ᠎ᠡ ᠲᠣᠰᠣ ᠭᠠᠷᠭᠠᠨ᠎ᠠ
 ᠡᠭᠡᠵᠡᠬᠡᠢ᠂ ᠴᠥᠴᠥᠭᠡᠢ ᠪᠢᠰᠢᠯᠠᠭ ᠬᠡᠳ
 ᠡᠯᠳᠡᠪ ᠶᠠᠩᠵᠤ  ᠪᠠᠷ ᠪᠣᠯᠪᠠᠰᠤᠷᠠᠭᠤᠯᠵᠤ ᠪᠣᠯᠤᠨ᠎ᠠ

 ᠠᠶ᠋ᠢᠷᠠᠭ ᠲᠠᠷᠠᠭ ᠴᠡᠬᠡ ᠵᠢᠨ
 ᠠᠯᠢ ᠨᠢ ᠪᠣᠯᠪᠠᠴᠤ ᠴᠠᠭᠠᠨ ᠢᠳᠡᠭᠡ
 ᠠᠷᠠᠵᠠ ᠬᠣᠷᠣᠵᠠ ᠰᠢᠷᠠᠵᠠ ᠴᠤ᠌
 ᠠᠳᠠᠯᠢᠬᠠᠨ ᠪᠦᠷ  ᠮᠠᠯ ‍ᠤᠨ ᠰᠢᠮ᠎ᠡ

 ᠴᠠᠭᠠᠨ ᠢᠳᠡᠭᠡ ᠰᠢᠮ᠎ᠡ ᠲᠠᠢ ᠰᠢᠤ
 ᠴᠡᠪᠡᠷ ᠮᠥᠷᠲᠡᠭᠡᠨ ᠠᠮᠲᠠᠲᠠᠢ ᠰᠢᠤ
 ᠲᠠᠪᠤᠨ  ᠬᠤᠰᠢᠭᠤ ᠮᠠᠯ ᠮᠢᠨᠢ 
 ᠲᠠᠩᠰᠤᠭ ᠬᠡᠰᠢᠭᠲᠤ ᠡᠷᠳᠡᠨᠢ ᠰᠢᠤ᠃

     ᠦᠰᠦᠭ ᠠᠮᠢᠯᠠᠭᠤᠯᠤᠭᠴᠢ᠄ ᠰᠣᠶᠣᠯᠴᠢᠮᠡᠭ
       ᠬᠢᠨᠠᠭᠴᠢ᠄   ᠬᠠᠳᠠᠴᠢ · ᠤᠷᠠᠨ᠎ᠠ