ᠤᠯᠠᠷᠢᠯ ᠦ᠋ᠨ ᠠᠮᠢᠰᠬᠤᠬ᠋ᠠ – ᠭ · ᠴᠢᠩᠪᠠᠭᠠᠲᠤᠷ Улирлын амьсгаа – Г · Чинбаатар
ᠤᠯᠠᠷᠢᠯ ᠦ᠋ᠨ ᠠᠮᠢᠰᠬᠤᠬ᠋ᠠ
ᠭ · ᠴᠢᠩᠪᠠᠭᠠᠲᠤᠷ
ᠨᠠᠮᠤᠷ ᠦ᠋ᠨ ᠣᠷᠣᠭᠰᠠᠨ ᠪᠣᠷᠣᠭᠠᠨ ᠳᠤᠮᠳᠠ ᠲᠥᠷᠥᠭᠰᠡᠨ ᠨᠤᠲᠤᠭ ᠶ᠋ᠢᠠᠨ ᠰᠠᠨᠠᠬᠤᠢ ᠳᠦ
ᠨᠠᠮᠬᠠᠨ ᠪᠣᠷᠣ ᠳᠣᠯᠣᠭᠠᠳ ᠦ᠋ᠨ ᠮᠢᠨᠢ ᠬᠠᠲᠠ ᠲᠠᠢ ᠣᠷᠣᠶ᠋ᠢᠳ ᠦᠭᠡᠢᠯᠡᠭᠳᠡᠨ᠎ᠡ
ᠵᠢᠷᠦᠬᠡᠨ ᠡᠴᠡ ᠠᠰᠬᠠᠷᠠᠭᠰᠠᠨ ᠨᠢᠯᠪᠤᠰᠤ ᠡᠩᠭᠡᠷ ᠳᠡᠪᠲᠦᠭᠡᠨ ᠮᠡᠯᠮᠡᠷᠡᠬᠦᠢ ᠳᠦ
ᠵᠡᠭᠦᠷᠮᠡᠭᠯᠡᠭᠴᠢ ᠬᠥᠬᠡ ᠮᠠᠨᠠᠨ ᠳᠦ ᠮᠥᠷᠥᠭᠡᠲᠦᠯ ᠦ᠋ᠨ ᠳᠠᠭᠤᠤ ᠮᠢᠨᠢ ᠠᠭᠤᠰᠤᠨ᠎ᠠ ᠃
ᠣᠷᠣᠢ ᠨᠠᠮᠤᠷ ᠦ᠋ᠨ ᠰᠠᠯᠬᠢᠨ ᠳᠦ ᠳᠡᠷᠡᠰᠦᠨ ᠲᠣᠯᠣᠭᠠᠢ ᠱᠤᠤᠭᠢᠬᠤᠢ ᠳᠦ
ᠣᠷᠣᠢ ᠳᠣᠯᠣᠭᠠᠳ ᠦ᠋ᠨ ᠴᠠᠭᠠᠨ᠎ᠠ ᠠ᠋ᠴᠠ ᠳᠡᠭᠦᠦ ᠶ᠋ᠢᠨ ᠮᠢᠨᠢ ᠭᠦᠶᠦᠬᠦ ᠬᠠᠷᠠᠭᠲᠠᠨ᠎ᠠ ᠯᠠ
ᠣᠷᠴᠢᠨ ᠥᠩᠭᠡᠷᠡᠬᠦ ᠴᠠᠭ ᠦ᠋ᠨ ᠰᠡᠮᠡᠷᠬᠡᠢ ᠬᠠᠲᠠᠭ ᠰᠢᠭ᠋ ᠡᠲᠦᠷ ᠦ᠋ᠳ
ᠣᠭᠲᠣᠬᠠᠨ ᠴᠤ᠌ ᠬᠡᠨᠡᠭ ᠦᠭᠡᠢ ᠤᠷᠤᠰᠤᠭᠰᠠᠭᠠᠷ ᠪᠣᠲᠣᠯ ᠦ᠋ᠨ ᠠᠲᠠᠷᠠᠮᠠ ᠶ᠋ᠢ ᠨᠡᠮᠡᠨ᠎ᠡ ᠯᠡ
ᠬᠢᠯᠭᠠᠨ᠎ᠠ ᠶ᠋ᠢᠨ ᠰᠢᠷᠭᠠᠯ ᠲᠣᠯᠣᠭᠠᠢ ᠳᠦ ᠤᠯᠠᠷᠢᠯ ᠦ᠋ᠨ ᠠᠮᠢᠰᠬᠤᠬ᠋ᠠ ᠴᠠᠩᠲᠤᠵᠤ
ᠬᠠᠬᠢᠷ ᠴᠠᠭᠠᠨ ᠡᠪᠦᠯ ᠦ᠋ᠨ ᠡᠬᠢᠨ ᠪ ᠰᠤᠷᠠᠭ ᠊ᠢ ᠠᠪᠴᠢᠷᠠᠨ᠎ᠠ
ᠬᠢᠵᠠᠭᠠᠷ ᠦᠭᠡᠢ ᠰᠠᠨᠰᠠᠷ ᠦ᠋ᠨ ᠭᠦᠨ ᠳᠦ ᠠᠮᠢ ᠨᠠᠰᠤ ᠶ᠋ᠢ ᠮᠢᠨᠢ ᠠᠷᠭᠠᠮᠵᠢᠬᠰᠠᠨ
ᠬᠠᠨ᠎ᠠ ᠲᠠᠢ ᠭᠡᠷ ᠦ᠋ᠨ ᠮᠢᠨᠢ ᠪᠦᠯᠢᠶᠡᠨ ᠡᠪᠦᠷ ᠰᠠᠨᠠᠭᠲᠠᠨ᠎ᠠ ᠯᠠ
ᠬᠥᠮᠦᠨ ᠡᠭᠦᠷᠯᠡᠭᠰᠡᠨ ᠬᠣᠲᠠ ᠶ᠋ᠢᠨ ᠪᠣᠬᠢᠷ ᠠᠭᠠᠷ ᠲᠤ ᠬᠠᠬᠠᠵᠤ
ᠬᠦᠰᠡᠯ ᠴᠤᠴᠠᠮ᠎ᠠ ᠠᠮᠢᠲᠤᠷᠠᠯ ᠦ᠋ᠨ ᠲᠡᠭᠦᠰᠬᠡᠯ ᠦᠭᠡᠢ ᠠᠶᠠᠨ ᠳᠦ ᠬᠠᠰᠢᠷᠠᠵᠤ
ᠬᠦᠢ ᠮᠢᠨᠢ ᠪᠤᠯᠠᠭᠠᠲᠠᠢ ᠨᠤᠲᠤᠭ ᠲᠠᠭᠠᠨ ᠬᠠᠷᠢᠭᠠᠳ ᠣᠴᠢᠮᠠᠷ ᠪᠣᠲᠣᠭᠲᠠᠬᠤ ᠶᠤᠮ
ᠬᠦᠦ ᠪᠡᠨ ᠬᠦᠯᠢᠶᠡᠭᠰᠡᠨ ᠡᠵᠢ ᠪᠡᠷ ᠶ᠋ᠢᠡᠨ ᠦᠨᠦᠰᠦᠭᠦᠯᠵᠦ ᠠᠭᠤᠵᠢᠷᠠᠮᠠᠷ ᠪᠣᠯᠬᠤ ᠶᠤᠮ
ᠨᠣᠶ᠋ᠢᠲᠠᠨ ᠠᠷᠭᠠᠯ ᠲᠠᠢ ᠠᠷᠤᠭ ᠰᠢᠭ᠋ ᠪᠣᠲᠣᠯ ᠮᠢᠨᠢ ᠬᠦᠨᠲᠦᠷᠡᠬᠦ ᠶ᠋ᠢᠨ ᠴᠠᠭ ᠲᠤ
ᠨᠣᠶ᠋ᠢᠷ ᠦᠭᠡᠢ ᠰᠥᠨᠢ ᠶ᠋ᠢᠨ ᠳᠡᠷᠡ ᠳᠦ ᠬᠠᠴᠠᠷ ᠶ᠋ᠢᠠᠨ ᠵᠢᠩᠲᠡᠭᠦᠯᠵᠦ ᠬᠣᠨᠣᠲᠠᠭ ᠠ᠋
ᠨᠤᠲᠤᠭ ᠤᠰᠤ ᠪᠠᠨ ᠰᠠᠨᠠᠭᠠᠳ ᠰᠡᠤᠠᠬᠢᠯ ᠰᠡᠮᠡᠷᠡᠬᠦ ᠶ᠋ᠢᠨ ᠦᠶ᠎ᠡ ᠳᠦ
ᠨᠣᠪᠰᠢ ᠲᠠᠢ ᠮᠠᠭᠤ ᠬᠣᠲᠠ ᠠ᠋ᠴᠠ ᠭᠦᠶᠦᠭᠡᠳ ᠬᠠᠷᠢᠮᠠᠷ ᠥᠨᠳᠡᠯᠵᠡᠳᠡᠭ ᠡ
ᠥᠷᠯᠥᠭᠡ ᠪᠣᠯᠭᠠᠨ ᠪᠢ ᠨᠤᠲᠤᠭ ᠦ᠋ᠨ ᠵᠦᠭ ᠶ᠋ᠢᠡᠨ ᠰᠠᠷᠠᠪᠴᠢᠯᠠᠨ᠎ᠠ
ᠡᠭᠦᠯᠡ ᠲᠡᠢ ᠲᠩᠷᠢ ᠶ᠋ᠢᠨ ᠳᠣᠣᠭᠤᠷ ᠬᠣᠯᠠ ᠶ᠋ᠢᠨ ᠠᠭᠤᠯᠠᠰ ᠴᠡᠩᠬᠡᠷᠯᠡᠨ᠎ᠡ
ᠦᠲᠡᠰᠢ ᠪᠣᠯᠭᠠᠨ ᠪᠢ ᠪᠠᠬ᠋᠎ᠠ ᠨᠠᠰᠤ ᠪᠠᠨ ᠵᠡᠭᠦᠲᠦᠯᠡᠨᠡ
ᠥᠭᠡᠨᠳᠦᠭᠴᠢ ᠠᠯᠠᠭ ᠬᠣᠷᠸ᠋᠎ᠠ ᠲᠡᠭᠡᠵᠦ ᠯᠡ ᠨᠠᠮ᠎ᠠ ᠶ᠋ᠢ 《 ᠵᠢᠷᠭᠠᠭᠠᠨ᠎ᠠ 》
2008.11.21 ᠪ ᠥᠷᠯᠥᠭᠡ
ᠦᠰᠦᠭ ᠠᠮᠢᠯᠠᠭᠤᠯᠤᠭᠴᠢ ᠄ ᠭᠡᠷᠡᠯ
ᠬᠢᠨᠠᠭᠴᠢ ᠄ ᠮᠥᠴᠢᠷ ᠪᠠᠭᠰᠢ
