ᠠᠪᠠ ᠶ᠋ᠢᠨ( ᠠᠩ ᠦ᠋ᠨ) ᠢᠷᠦᠭᠡᠯ Авын( Ангийн) ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠪᠠ ᠶ᠋ᠢᠨ( ᠠᠩ ᠦ᠋ᠨ) ᠢᠷᠦᠭᠡᠯ Авын( Ангийн) ерөөл

ᠠᠪᠠ ᠶ᠋ᠢᠨ( ᠠᠩ ᠦ᠋ᠨ) ᠢᠷᠦᠭᠡᠯ Авын( Ангийн) ерөөл

2023-03-02

266

ᠠᠪᠠ ᠶ᠋ᠢᠨ( ᠠᠩ ᠦ᠋ᠨ) ᠢᠷᠦᠭᠡᠯ


 ᠥᠨᠳᠥᠷ ᠳᠡᠭᠡᠳᠦ ᠬᠥᠬᠡ ᠲᠡᠭᠷᠢ
 ᠥᠷᠭᠡᠨ ᠶᠡᠬᠡ ᠲᠠᠯ᠎ᠠ ᠭᠠᠵᠠᠷ
 ᠦᠩ ᠪᠠᠶᠠᠨ ᠠᠯᠲᠠᠢ ᠬᠠᠩᠭᠠᠢ ᠮᠢᠨᠢ
 ᠥᠪᠡᠷ ᠎ ᠲᠡᠭᠡᠨ  ᠤᠷᠤᠰᠢᠬᠴᠢ
 ᠥᠯᠥᠭᠡᠢ  ᠳ᠋ᠡᠭᠡᠨ   ᠪᠡᠯᠴᠢᠭᠴᠢ
 ᠪᠤᠭᠤ ᠰᠤᠭᠤ ᠂ ᠪᠤᠯᠠᠬ᠋᠎ᠠ ᠰᠢᠯᠤᠭᠦᠰᠦ
 ᠬᠥᠬᠡ ᠴᠢᠨᠣ᠎ᠠ ᠂ ᠬᠥᠨᠳᠡᠢ ᠶ᠋ᠢᠨ ᠵᠡᠭᠡᠷ᠎ᠡ    
 ᠬᠠᠲᠠᠨ ᠪ ᠢᠷᠪᠢᠰ ᠂ ᠮᠣᠳᠣᠨ ᠪ ᠬᠡᠷᠡᠮᠦ
 ᠪᠦᠭᠦᠲᠡ ᠠᠩ ᠭᠦᠷᠤᠭᠡᠰᠤᠨ ᠪ ᠬᠡᠰᠢᠭ  ᠊ᠢ
 ᠥᠭᠭᠦᠨ ᠰᠣᠶᠣᠷᠬᠠᠮᠤ ᠃
 ᠬᠤᠷᠤᠢ ᠬᠤᠷᠤᠢ ᠬᠤᠷᠤᠢ᠃

 ᠬᠠᠭᠠᠨ ᠡᠵᠡᠨ ᠎ ᠳᠦ ᠮᠢᠨᠢ
 ᠬᠠᠶ᠋ᠢᠷᠠᠯᠠᠭᠤᠯᠤᠨ ᠰᠣᠶᠣᠷᠬᠠᠮᠤ᠃
 ᠬᠠᠨᠢ ᠨᠥᠬᠥᠳ ᠲᠦ ᠮᠢᠨᠢ
 ᠬᠠᠰᠢᠭᠤᠯᠤᠨ ᠰᠣᠶᠣᠷᠬᠠᠮᠤ᠃
 ᠬᠤᠷᠤᠢ ᠬᠤᠷᠤᠢ ᠬᠤᠷᠤᠢ᠃
 ᠬᠠᠨᠢᠯᠠᠬᠤ ᠣᠯᠠᠨ ᠨᠥᠬᠥᠳ ᠲᠦ
 ᠬᠠᠲᠠᠷᠢᠬᠤ ᠰᠠᠶ᠋ᠢᠨ ᠮᠤᠷᠢᠳ ᠊ᠢ
 ᠬᠠᠶ᠋ᠢᠷᠠᠯᠠᠨ ᠰᠣᠶᠣᠷᠬᠠᠮᠤ᠃
 ᠬᠤᠷᠤᠢ ᠬᠤᠷᠤᠢ ᠬᠤᠷᠤᠢ᠃

 ᠦᠶᠡᠯᠡᠬᠦ ᠰᠠᠶ᠋ᠢᠬᠠᠨ ᠨᠥᠬᠥᠳ
 ᠡᠭᠦᠷᠬᠦ ᠰᠠᠶ᠋ᠢᠬᠠᠨ  ᠫᠤᠤ
 ᠠᠷᠭᠤᠮᠠᠭ ᠰᠠᠶ᠋ᠢᠨ ᠮᠤᠷᠢ
 ᠠᠯᠲᠠ  ᠲᠠᠢ ᠰᠠᠶ᠋ᠢᠬᠠᠨ ᠳᠡᠪᠡᠯ 
 ᠠᠮᠠᠷᠠᠭ  ᠰᠠᠶ᠋ᠢᠨ ᠡᠷ᠎ᠡ
 ᠠᠷᠰᠯᠠᠨ ᠪ ᠶᠡᠬᠡ  ᠬᠦᠴᠦ
 ᠠᠶᠤᠯ ᠦᠭᠡᠢ  ᠶᠡᠬᠡ  ᠵᠤᠷᠢᠬ
 ᠬᠤᠷᠳᠤᠨ ᠰᠠᠶ᠋ᠢᠬᠠᠨ ᠤᠬᠠᠭᠠᠨ
 ᠬᠤᠷᠴᠠ ᠰᠠᠶ᠋ᠢᠨ ᠮᠡᠰᠡ
 ᠬᠠᠶ᠋ᠢᠷᠠᠯᠠᠨ ᠥᠷᠥᠰᠢᠶᠡᠵᠦ
 ᠬᠠᠷᠠᠵᠤ  ᠲᠠᠤᠠᠭᠦᠨ ᠰᠣᠶᠣᠷᠬᠠᠮᠤ᠃
 ᠬᠤᠷᠤᠢ ᠬᠤᠷᠤᠢ ᠬᠤᠷᠤᠢ᠃

 ᠰᠦᠮᠪᠦᠷ ᠠᠭᠤᠯᠠ ᠮᠡᠲᠦ ᠪᠠᠲᠤ
 ᠰᠦᠨ ᠳᠠᠯᠠᠢ ᠮᠡᠲᠦ  ᠲᠦᠭᠦᠷᠡᠩ
 ᠨᠠᠪᠴᠢ ᠴᠡᠴᠡᠭ ᠮᠡᠲᠦ ᠳᠡᠯᠭᠡᠷ
 ᠨᠠᠷᠠᠨ ᠮᠡᠲᠦ ᠭᠡᠭᠡᠨ
 ᠰᠠᠷᠠᠨ ᠮᠡᠲᠦ ᠲᠤᠩᠭᠠᠯᠠᠭ
 ᠰᠠᠶ᠋ᠢᠨ ᠵᠢᠷᠭᠠᠯ ᠎ᠰᠣᠶᠣᠷᠬᠠᠮᠤ᠃
 ᠬᠤᠷᠤᠢ ᠬᠤᠷᠤᠢ ᠬᠤᠷᠤᠢ᠃
 ᠳᠥᠷᠪᠡᠨ  ᠵᠦᠭ ᠤᠤᠠᠬᠤ ᠵᠠᠮ᠃
 ᠲᠦᠳᠡ ᠳᠥᠭᠥᠮ ᠪᠤᠯᠭᠠᠵᠤ ᠰᠣᠶᠣᠷᠬᠠᠮᠤ ᠃
 ᠨᠠᠢ᠍ᠮᠠᠨ ᠵᠣᠪᠬᠢᠰ ᠲᠤ ᠣᠳᠬᠤ ᠵᠠᠮ ᠎ ᠊ᠢ
 ᠨᠠᠶ᠋ᠢᠷ ᠲᠠᠢ ᠪᠣᠯᠭᠠᠨ  ᠰᠤᠶᠤᠷᠬᠠᠮᠤ ᠃
 ᠬᠤᠷᠤᠢ ᠬᠤᠷᠤᠢ ᠬᠤᠷᠤᠢ᠃

 ᠭᠤᠴᠢᠨ ᠭᠤᠷᠪᠠᠨ ᠬᠥᠬᠡ ᠲᠡᠭᠷᠢ
 ᠳᠠᠯᠠᠨ ᠳᠣᠯᠣᠭᠠᠨ ᠡᠳᠦᠭᠡᠨ ᠡᠬᠡ
 ᠬᠠᠮᠤᠭ ᠶᠡᠬᠡ  ᠪᠤᠶᠠᠨ ᠬᠡᠰᠢᠭ
 ᠬᠠᠶ᠋ᠢᠷᠠᠯᠠᠨ ᠰᠣᠶᠣᠷᠬᠠᠮᠤ᠃
 ᠬᠤᠷᠤᠢ ᠬᠤᠷᠤᠢ ᠬᠤᠷᠤᠢ᠃
 
      ᠥᠪᠥᠷ ᠮᠣᠩᠭᠣᠯ ᠦ᠋ᠨ ᠬᠡᠪᠯᠡᠯ ᠦ᠋ᠨ ᠪᠦᠯᠦᠭᠯᠡᠯ   
      ᠥᠪᠥᠷ ᠮᠣᠩᠭᠣᠯ ᠦ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ 
      《 ᠮᠣᠩᠭᠣᠯᠴᠤᠳ ᠦ᠋ᠨ ᠢᠷᠦᠭᠡᠯ》
               2017 ᠤᠨ ᠪ 9 ᠎ᠳ᠋ᠦ᠍ᠭᠡᠷ ᠰᠠᠷ᠎ᠠ  ᠳᠦ ᠠᠩᠬᠠᠲᠦᠭᠠᠷ ᠬᠡᠪ ᠊ᠢ ᠬᠢᠪᠠ ᠃
 
           ᠦᠰᠦᠭ ᠠᠮᠢᠯᠠᠭᠤᠯᠠᠭᠴᠢ ᠄ ᠲᠦᠩᠯᠢᠶᠣᠣ ᠮᠣᠩᠭᠣᠯ ᠰᠤᠷᠭᠠᠭᠤᠯᠢ ᠶ᠋ᠢᠨ ᠨᠠᠢ᠍ᠮᠠᠨ ᠪ ᠵᠢᠷᠭᠤᠬ᠋᠎ᠠ ᠵᠢᠨ ᠦᠨᠢᠷᠠᠭᠤᠯᠠ
           ᠬᠢᠨᠠᠭᠴᠢ ᠄ ᠪᠠᠯᠵᠢ  ᠪᠠᠭᠰᠢ