ᠨᠣᠮ ᠦ᠋ᠨ ᠰᠠᠩ – ᠭᠦᠷᠵᠠᠪ Номын сан – Гүржав
ᠨᠣᠮ ᠦ᠋ᠨ ᠰᠠᠩ
ᠭᠦᠷᠵᠠᠪ
ᠡᠪᠦᠭᠡ — ᠳᠡᠭᠡᠳᠦᠰ ᠦ᠋ᠨ ᠮᠢᠨᠢ ᠡᠪᠦᠷᠯᠡᠵᠦ ᠢᠷᠡᠭᠰᠡᠨ
ᠦᠮᠴᠢ — ᠬᠦᠷᠦᠩᠭᠡ
ᠥᠰᠪᠦᠷᠢ ᠪᠢᠲᠡᠨ ᠪ ᠬᠦᠬᠦᠵᠦ ᠲᠣᠷᠨᠢᠬᠤ
ᠥᠪ — ᠰᠢᠮ᠎ᠡ
ᠦᠯᠡᠮᠵᠢ ᠮᠡᠲᠡᠯᠭᠡ ᠪᠡᠷ
ᠱᠠᠲᠤᠯᠠᠨ ᠳᠡᠭᠲᠡᠷᠯᠡᠭᠰᠡᠨ
ᠥᠨᠲᠥᠷ ᠠᠭᠤᠯᠠ
ᠦᠨᠢᠷ ᠰᠣᠶᠣᠯ ᠶ᠋ᠢᠠᠷ
ᠱᠠᠭᠰᠢᠨ ᠱᠤᠤᠭᠢᠬᠰᠠᠨ
ᠥᠷᠭᠡᠨ ᠳᠠᠯᠠᠢ
ᠥᠯᠥᠰᠴᠦ ᠤᠮᠲᠠᠭᠠᠰᠬᠤ ᠳᠦ ᠮᠢᠨᠢ
ᠥᠯ ᠂ ᠲᠡᠵᠢᠭᠡᠯ ᠂ ᠤᠮᠲᠠ
ᠡᠯᠡᠭᠳᠡᠵᠦ ᠳᠠᠭᠠᠷᠠᠬᠤ ᠳᠦ ᠮᠢᠨᠢ
ᠢᠯᠴᠢ ᠂ ᠭᠡᠷᠡᠯ ᠂ ᠳᠦᠯᠦ
ᠤᠷᠤᠭᠤᠲᠠᠵᠤ ᠪᠤᠷᠤᠭᠤᠲᠠᠬᠤ ᠳᠦ ᠮᠢᠨᠢ
ᠤᠬᠠᠭᠠᠨ ᠂ ᠪᠣᠲᠣᠯᠬ᠋ᠠ ᠂ ᠵᠥᠭᠯᠡᠭᠦᠷ
ᠤᠴᠠᠭᠠᠷᠲᠠᠵᠤ ᠭᠠᠭᠴᠠᠭᠠᠷᠲᠠᠬᠤ ᠳᠦ ᠮᠢᠨᠢ
ᠬᠠᠨᠢ ᠂ ᠨᠠᠶ᠋ᠢᠵᠠ ᠂ ᠲᠦᠰᠢᠭ
ᠤᠶ᠋ᠢᠤᠠᠬᠠᠷ ᠪᠤᠬᠢᠨᠢᠲᠤᠯ ᠊ᠢ ᠮᠢᠨᠢ
ᠤᠬᠢᠶᠠᠵᠤ ᠲᠠᠶ᠋ᠢᠯᠤᠭᠴᠢ — ᠣᠷᠴᠢᠯᠠᠩ
ᠤᠷᠮ᠎ᠠ ᠴᠣᠭ ᠊ᠢ ᠮᠢᠨᠢ
ᠰᠡᠷᠭᠦᠭᠡᠵᠦ ᠲᠠᠲᠠᠭᠴᠢ — ᠪᠠᠭᠰᠢ
ᠨᠢᠲᠦᠨ ᠬᠠᠷᠠᠬ᠋᠎ᠠ ᠶ᠋ᠢ ᠮᠢᠨᠢ
ᠨᠡᠭᠡᠭᠡᠵᠦ ᠬᠣᠯᠠᠤᠠᠬᠠᠭᠴᠢ — ᠴᠣᠩᠬᠣ
ᠨᠢᠯᠬ᠎ᠠ ᠬᠦᠰᠡᠯ ᠊ᠢ ᠮᠢᠨᠢ
ᠨᠢᠰᠭᠡᠵᠦ ᠳᠠᠪᠲᠠᠭᠴᠢ — ᠲᠠᠯᠠᠪᠤᠷ
ᠨᠣᠮ ᠦ᠋ᠨ ᠰᠠᠩ ᠪᠢᠯᠡ ᠃
ᠨᠣᠶ᠋ᠢᠲᠠᠨ ᠵᠢᠭᠦᠷ ᠲᠡᠢ
ᠨᠣᠣᠷᠬᠠᠢ ᠨᠠᠰᠤ ᠶ᠋ᠢ ᠮᠢᠨᠢ
ᠨᠣᠭᠣᠭᠠᠨ ᠲᠠᠯ᠎ᠠ ᠠ᠋ᠴᠠ
ᠨᠣᠮ ᠦ᠋ᠨ 《 ᠲᠠᠯ᠎ᠠ 》 ᠲᠡᠶ᠋ᠢᠰᠢ ᠬᠥᠲᠥᠯᠦᠭᠰᠡᠨ
ᠳᠡᠯᠡᠬᠡᠢ ᠮᠢᠨᠢ ᠪᠢᠯᠡ ᠃
ᠢᠷᠡᠯᠲᠡ – ᠬᠡᠤᠭᠡᠳ ᠨᠠᠰᠤ ᠰᠠᠶ᠋ᠢᠬᠠᠨ
ᠭᠦᠷᠵᠠᠪ ᠵᠣᠬᠢᠶᠠᠪᠠ
ᠥᠪᠥᠷ ᠮᠣᠩᠭᠣᠯ ᠦ᠋ᠨ ᠠᠷᠠᠳ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠥᠪᠥᠷ ᠮᠣᠩᠭᠣᠯ ᠦ᠋ᠨ ᠰᠢᠨᠬᠤᠸᠠ ᠪᠢᠴᠢᠭ ᠦ᠋ᠨ ᠳᠡᠯᠭᠡᠭᠦᠷ ᠲᠠᠷᠬᠠᠭᠠᠪᠠ
ᠥᠪᠥᠷ ᠮᠣᠩᠭᠣᠯ ᠦ᠋ᠨ ᠭᠠᠵᠠᠷ ᠠᠭᠤᠷᠬᠠᠢ ᠶ᠋ᠢᠨ ᠬᠡᠪᠯᠡᠬᠦ ᠦᠢᠯᠡᠤᠠᠪᠦᠷᠢ ᠬᠡᠪᠯᠡᠪᠡ
2004 ᠣᠨ ᠪ 9 ᠰᠠᠷ᠎ᠠ ᠳᠦ ᠠᠩᠬᠠᠲᠤᠭᠠᠷ ᠬᠡᠪ ᠊ᠢ ᠬᠢᠪᠡ
2004 ᠣᠨ ᠪ 9 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠦᠰᠦᠭ ᠠᠮᠢᠯᠠᠭᠤᠯᠤᠭᠴᠢ ᠄ ᠤᠷᠠᠨᠴᠡᠴᠡᠭ
ᠬᠢᠨᠠᠭᠴᠢ ᠄ ᠪᠠᠶᠠᠷᠴᠡᠴᠡᠭ ᠪᠠᠭᠰᠢ
2023 ᠣᠨ ᠪ 2 ᠰᠠᠷ᠎ᠠ ᠶ᠋ᠢᠨ 28 ᠪ ᠡᠲᠦᠷ
