ᠰᠠᠨᠠᠭ᠎ᠠ ᠪᠡᠷ ᠶ᠋ᠢᠡᠨ ᠲᠤᠪᠲᠤᠯ ᠳ᠋ᠠ ᠂ ᠲᠡᠷᠬᠡ ᠮᠢᠨᠢ – ᠪ ·ᠪᠦᠷᠢᠨᠪᠡᠬᠢ Санаагаараа довтол доо ᠂ тэрэг  минь –  Б ·Бүрэнбэх ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠭ᠎ᠠ ᠪᠡᠷ ᠶ᠋ᠢᠡᠨ ᠲᠤᠪᠲᠤᠯ ᠳ᠋ᠠ ᠂ ᠲᠡᠷᠬᠡ ᠮᠢᠨᠢ – ᠪ ·ᠪᠦᠷᠢᠨᠪᠡᠬᠢ Санаагаараа довтол доо ᠂ тэрэг  минь –  Б ·Бүрэнбэх

ᠰᠠᠨᠠᠭ᠎ᠠ ᠪᠡᠷ ᠶ᠋ᠢᠡᠨ ᠲᠤᠪᠲᠤᠯ ᠳ᠋ᠠ ᠂ ᠲᠡᠷᠬᠡ ᠮᠢᠨᠢ – ᠪ ·ᠪᠦᠷᠢᠨᠪᠡᠬᠢ Санаагаараа довтол доо ᠂ тэрэг  минь –  Б ·Бүрэнбэх

2023-03-02

302

ᠰᠠᠨᠠᠭ᠎ᠠ ᠪᠡᠷ ᠶ᠋ᠢᠡᠨ ᠲᠤᠪᠲᠤᠯ ᠳ᠋ᠠ ᠂ ᠲᠡᠷᠬᠡ ᠮᠢᠨᠢ


            ᠪ᠂ ᠪᠦᠷᠢᠨᠪᠡᠬᠢ

 ᠰᠠᠷᠠᠭᠤᠯ ᠰᠠᠶ᠋ᠢᠬᠠᠨ ᠲᠠᠯ᠎ᠠ ᠪᠠᠶ᠋ᠢᠨ᠎ᠠ
 ᠰᠠᠨᠠᠬ᠋᠎ᠠ ᠪᠠᠷ ᠶ᠋ᠢᠠᠨ ᠲᠤᠪᠲᠤᠯ ᠳ᠋ᠠ ᠂ ᠲᠡᠷᠬᠡ ᠮᠢᠨᠢ ᠃
 ᠰᠠᠯᠤᠭᠠᠳ ᠤᠲᠠᠭᠰᠠᠨ ᠨᠤᠲᠤᠭ ᠲᠠᠢ  ᠮᠢᠨᠢ
 ᠰᠠᠭᠠᠳ ᠦᠭᠡᠢ  ᠲᠦᠷᠭᠡᠨ ᠤᠴᠠᠷᠠᠭᠤᠯ ᠳ᠋ᠠ ᠃

 ᠬᠤᠯᠠ ᠵᠢᠨ ᠬᠤᠯᠠ ᠵᠢᠨ ᠲᠤᠰᠬᠤᠨ ᠨᠤᠭᠤᠳ
 ᠲᠠᠪᠬᠢᠭᠠᠳ ᠲᠠᠪᠬᠢᠭᠠᠳ ᠢᠷᠡᠵᠦ ᠪᠠᠶ᠋ᠢᠨ᠎ᠠ ᠃
 ᠬᠤᠷᠰᠢᠶᠠᠨ ᠪ  ᠦᠷᠭᠦᠯᠵᠢᠯᠡᠭᠰᠡᠨ ᠲᠠᠷᠢᠶ᠎ᠠ ᠨᠤᠭᠤᠳ
 ᠨᠢᠰᠦᠬᠡᠳ ᠨᠢᠰᠦᠬᠡᠳ  ᠦᠩᠭᠡᠷᠡᠵᠦ ᠪᠠᠶ᠋ᠢᠨ᠎ᠠ ᠃

 ᠰᠠᠭᠤᠭᠰᠠᠨ ᠲᠡᠷᠬᠡ ᠮᠢᠨᠢ ᠵᠦᠭᠡᠯᠡᠨ ᠪᠠᠶ᠋ᠢᠲᠠᠯ᠎ᠡ ᠪᠠᠨ
 ᠰᠠᠭᠤᠭᠠᠳ ᠶᠠᠭᠠᠬᠢᠬᠰᠠᠨ ᠰᠠᠭᠤᠷᠢ ᠦᠬᠡᠢ ᠶᠤᠮ?
 ᠰᠤᠨᠤᠮ᠎ᠠ ᠰᠦᠨᠢᠵᠢᠨ ᠶᠠᠪᠤᠭᠰᠠᠨ ᠪᠠᠶ᠋ᠢᠲᠠᠯ᠎ᠡ ᠪᠠᠨ
 ᠤᠨᠲᠠᠭᠠᠳ ᠶᠠᠭᠠᠬᠢᠬᠰᠠᠨ ᠨᠤᠶ᠋ᠢᠷ ᠦᠬᠡᠢ ᠶᠤᠮ?

 ᠬᠤᠷᠰᠢᠶᠠᠨ ᠪ ᠮᠠᠯᠴᠢᠨ ᠪᠤᠯᠤᠯ᠎ᠡ ᠭᠡᠳ
 ᠠᠪᠤ ᠮᠢᠨᠢ ᠶᠠᠭᠠᠬᠢᠵᠤ ᠪᠠᠶᠠᠷᠯᠠᠵᠤ ᠪᠠᠶ᠋ᠢᠬᠤ ᠪᠤᠯ?
 ᠬᠣᠩᠭᠣᠷ ᠬᠦᠦ ᠳ᠋ᠡᠭᠡᠨ ᠬᠡᠯᠡᠶ᠎ᠡ ᠭᠡᠳ
 ᠡᠵᠢ ᠮᠢᠨᠢ ᠶᠠᠭᠠᠬᠢᠵᠤ ᠴᠦ᠍ ᠰᠠᠨᠲᠤᠷᠴᠤ ᠪᠠᠶ᠋ᠢᠬᠤ ᠪᠤᠯ?

 ᠮᠦᠩᠭᠦᠨ ᠴᠠᠭᠠᠨ ᠡᠯᠡᠰᠦᠨ  ᠳᠦ ᠮᠢᠨᠢ
 ᠰᠢᠨ᠎ᠡ ᠵᠠᠮ ᠵᠠᠰᠠᠭᠲᠠᠭᠰᠠᠨ ᠪᠠᠶ᠋ᠢᠬᠤ ᠡ ᠃
 ᠮᠦᠯᠢᠭᠡᠷ ᠤᠯᠠᠭᠠᠨ ᠬᠠᠲᠠᠨ  ᠳᠦ  ᠮᠢᠨᠢ
 ᠰᠢᠨᠵᠢᠯᠡᠭᠡᠨ ᠪ ᠲᠡᠮᠲᠡᠭ ᠪᠤᠰᠬᠠᠭᠲᠠᠭᠰᠠᠨ  ᠪᠠᠶ᠋ᠢᠬᠤ ᠡ ᠃

 ᠰᠡᠷᠢᠭᠦᠨ ᠰᠠᠶ᠋ᠢᠬᠠᠨ ᠲᠡᠨᠵᠢᠨ  ᠳᠦ ᠮᠢᠨᠢ
 ᠬᠤᠷᠰᠢᠶᠠᠨ ᠪ ᠵᠤᠰᠠᠯᠠᠩ ᠪᠠᠶ᠋ᠢᠷᠢᠯᠠᠭᠰᠠᠨ ᠪᠠᠶ᠋ᠢᠬᠤ ᠡ ᠃
 ᠰᠡᠤᠠᠭᠢᠯ ᠲᠡᠨᠢᠢᠮ᠎ᠡ ᠲᠠᠯ᠎ᠠ  ᠳᠦ ᠮᠢᠨᠢ
 ᠬᠠᠮᠲᠤ ᠶ᠋ᠢᠨ ᠰᠥᠷᠦᠭ ᠳᠦᠭᠦᠷᠦᠭᠰᠡᠨ ᠪᠠᠶ᠋ᠢᠬᠤ ᠡ ᠃

 ᠪᠠᠷᠢᠯᠲᠤᠵᠤ ᠪᠠᠶ᠋ᠢᠬᠰᠠᠨ ᠨᠦᠬᠦᠳ ᠡᠴᠡ ᠮᠢᠨᠢ
 ᠵᠢᠱ᠌ᠢᠶᠡᠴᠢ ᠬᠡᠴᠢᠨᠡᠨ ᠭᠠᠷᠤᠭᠰᠠᠨ ᠪᠤᠯ?
 ᠪᠠᠯᠴᠢᠷ ᠪᠠᠶ᠋ᠢᠬᠰᠠᠨ ᠲᠡᠭᠦᠦ ᠨᠠᠷ ᠠ᠋ᠴᠠ ᠮᠢᠨᠢ
 ᠬᠤᠰᠢᠭᠤᠴᠢ ᠬᠡᠴᠢᠨᠡᠨ ᠰᠢᠯᠭᠠᠷᠠᠭᠰᠠᠨ ᠪᠤᠯ?

 ᠡᠪᠦᠭᠡᠨ ᠪᠤᠯᠤᠭᠰᠠᠨ ᠠᠪᠤ ᠶ᠋ᠢᠨ ᠮᠢᠨᠢ
 ᠮᠠᠩᠨᠠᠢ ᠶ᠋ᠢᠨ ᠠᠲᠤᠷᠢᠶ᠎ᠡ ᠨᠢ  ᠲᠡᠨᠡᠢᠭᠰᠡᠨ ᠪᠠᠶ᠋ᠢᠬᠤ ᠡ ᠃
 ᠥᠲᠡᠯᠦᠭᠡ ᠪᠤᠯᠤᠭᠰᠠᠨ ᠡᠵᠢ ᠮᠢᠨᠢ
 ᠦᠰᠦᠨ ᠪ  ᠬᠢᠨᠢ ᠪᠤᠭᠤᠷᠤᠯ ᠨᠢ ᠭᠠᠷᠤᠭᠰᠠᠨ ᠪᠠᠶ᠋ᠢᠬᠤ ᠡ ᠃

 ᠭᠦᠬᠡᠷᠡᠨ ᠬᠠᠷᠠᠭᠲᠠᠬᠤ ᠠᠭᠤᠯᠠ ᠨᠤᠭᠤᠳ ᠡ
 ᠬᠦᠵᠦᠭᠦᠦ ᠪᠡᠨ ᠪᠠᠬᠠᠨ  ᠪᠦᠬᠦᠶ᠋ᠢᠭᠡᠴᠢ!
 ᠬᠦᠭᠡᠷᠦᠬᠦᠨ ᠰᠢᠨ᠎ᠡ ᠨᠤᠲᠤᠭ ᠊ᠢ ᠮᠢᠨᠢ
 ᠬᠦᠨᠲᠡᠯᠢᠰᠦᠨ ᠪᠢᠲᠡᠭᠡᠢ  ᠬᠠᠯᠬᠠᠯᠠᠭᠠᠴᠢ!

 ᠵᠢᠷᠪᠢᠯᠵᠡᠨ  ᠦᠵᠡᠭᠳᠡᠬᠦ ᠵᠡᠷᠬᠡᠯᠬᠡᠨ ᠨᠤᠭᠦᠳ ᠡ
 ᠵᠢᠭᠦᠷ ᠶ᠋ᠢᠡᠨ ᠪᠠᠬᠠᠨ ᠬᠤᠮᠪᠢᠭᠠᠴᠢ!
 ᠵᠢᠷᠦᠬᠡᠨ ᠪ ᠬᠠᠶ᠋ᠢᠷᠠᠲᠤ ᠨᠤᠲᠤᠭ ᠦ᠋ᠨ ᠮᠢᠨᠢ
 ᠵᠢᠰᠦ ᠶ᠋ᠢ ᠨᠢ ᠪᠤᠤ ᠪᠠᠯᠠᠷᠠᠭᠤᠯᠤᠭᠠᠴᠢ!

 ᠠᠯᠠᠭ ᠦᠭᠡᠷ ᠶ᠋ᠢᠡᠨ ᠬᠦᠯᠴᠢᠬᠡᠭᠡᠳ
 ᠠᠷᠠᠯᠲᠤ ᠲᠡᠷᠭᠡᠨ ᠳ᠋ᠡᠭᠡᠨ ᠰᠠᠭᠤᠴᠢᠬᠠᠭᠠᠳ
 ᠠᠷᠠᠳ ᠦ᠋ᠨ ᠴᠡᠷᠢᠭ  ᠲᠦ ᠤᠷᠤᠬᠤ ᠭᠡᠳ
 ᠠᠯᠬᠤᠭᠤᠯᠵᠤ ᠪᠠᠶ᠋ᠢᠬᠰᠠᠨ ᠵᠠᠮ ᠶ᠋ᠢᠠᠷ  ᠮᠢᠨᠢ

 ᠭᠠᠯ ᠲᠡᠷᠬᠡ ᠲᠠᠪᠬᠢᠵᠤ
 ᠭᠠᠵᠠᠷ ᠦ᠋ᠨ ᠬᠤᠯᠠ ᠵᠢ ᠲᠤᠪᠴᠢᠯᠠᠨ
 ᠲᠥᠷᠥᠭᠰᠡᠨ ᠠᠭᠤᠯᠠ ᠤᠰᠤ ᠲᠠᠢ ᠮᠢᠨᠢ
 ᠲᠦᠲᠡᠬᠡᠨ ᠵᠠᠭᠤᠷ᠎ᠠ ᠤᠴᠠᠷᠠᠭᠤᠯᠬᠤ ᠬᠡᠵᠦ ᠪᠠᠶ᠋ᠢᠨ᠎ᠠ ᠃

 ᠡᠴᠢᠬᠡ ᠶ᠋ᠢᠨ ᠮᠢᠨᠢ ᠲᠠᠪᠠᠭᠯᠠᠭᠰᠠᠨ ᠰᠢᠭᠦᠰᠦ ᠵᠢ
 ᠴᠠᠷᠴᠠᠬᠤ ᠡᠴᠡ ᠡᠮᠦᠨ᠎ᠡ ᠬᠦᠷᠦᠨ᠎ᠡ ᠪᠠᠶ᠋ᠢᠬᠤ ᠡ ᠃
 ᠡᠵᠢ ᠶ᠋ᠢᠨ ᠮᠢᠨᠢ ᠲᠠᠭᠱᠠᠯᠠᠭᠰᠠᠨ ᠴᠠᠢ ᠶ᠋ᠢ
 ᠬᠦᠷᠦᠬᠦ ᠡᠴᠡ ᠤᠷᠢᠳ ᠤᠴᠢᠨ᠎ᠡ ᠪᠠᠶ᠋ᠢᠬᠤ ᠡ ᠃

 ᠵᠢᠷᠤᠬ᠋᠎ᠠ ᠬᠤᠯᠠ ᠪᠠᠨ ᠤᠨᠤᠭᠰᠠᠨ ᠴᠦ᠍
 ᠡᠲᠦᠢ ᠵᠦᠭᠡᠯᠡᠨ ᠪᠠᠶ᠋ᠢᠨ᠎ᠠ ‍ᠤᠤ ᠳ᠋ᠠ ᠃
 ᠵᠤᠭᠲᠤᠷ ᠲᠠᠢ ᠠᠲᠠ ᠪᠠᠨ  ᠲᠡᠰᠢᠭᠦᠯᠦᠭᠰᠡᠨ ᠴᠦ᠍
 ᠡᠶ᠋ᠢᠮᠦ ᠬᠤᠷᠲᠤᠨ ᠪᠤᠯᠤᠨ᠎ᠡ ‍ᠦᠦ ᠳ᠋ᠠ ᠃

 ᠰᠠᠷᠠᠭᠤᠯ ᠰᠠᠶ᠋ᠢᠬᠠᠨ ᠲᠠᠯ᠎ᠠ ᠪᠠᠶ᠋ᠢᠨ᠎ᠠ
 ᠰᠠᠨᠠᠬ᠋᠎ᠠ ᠪᠠᠷ ᠶ᠋ᠢᠠᠨ ᠲᠤᠪᠲᠤᠯ ᠳ᠋ᠠ ᠂ ᠲᠡᠷᠬᠡ ᠮᠢᠨᠢ ᠃
 ᠰᠠᠯᠤᠭᠠᠳ ᠤᠲᠠᠭᠰᠠᠨ ᠨᠤᠲᠤᠭ ᠲᠠᠢ ᠮᠢᠨᠢ
 ᠰᠠᠭᠠᠳ ᠦᠭᠡᠢ ᠲᠦᠷᠭᠡᠨ ᠤᠴᠠᠷᠠᠭᠤᠯ ᠳ᠋ᠠ ᠃

       ᠭᠤᠷᠪᠠᠨ ᠵᠢᠯ ᠦ᠋ᠨ ᠲᠡᠭᠡᠲᠦ  ᠵᠡᠷᠭᠡ ᠶ᠋ᠢᠨ ᠲᠤᠮᠲᠠᠲᠤ ᠰᠤᠷᠭᠠᠭᠤᠯᠢ  ᠳᠦ ᠦᠵᠡᠬᠦ 
          ( ᠬᠡᠯᠡ ᠪᠢᠴᠢᠭ )_ ᠨᠢᠬᠡᠲᠦᠬᠡᠷ ᠲᠡᠪᠲᠡᠷ
         ᠦᠪᠦᠷ ᠮᠤᠩᠭᠤᠯ ᠦ᠋ᠨ ᠰᠤᠷᠭᠠᠨ ᠬᠦᠮᠦᠵᠢᠯ ᠦ᠋ᠨ ᠬᠡᠪᠯᠡᠯ ᠦ᠋ᠨ ᠬᠤᠷᠢᠶ᠎ᠡ  ᠨᠠᠶ᠋ᠢᠷᠠᠭᠤᠯᠤᠨ ᠬᠡᠪᠯᠡᠭᠦᠯᠪᠡ ᠃
          1991 ᠤᠨ ᠪ 6 ᠰᠠᠷ᠎ᠠ  ᠳᠦ ᠠᠩᠬᠠᠲᠤᠭᠠᠷ ᠬᠡᠪ  ᠊ᠢ ᠬᠢᠪᠡ ᠃
 
          ᠦᠰᠦᠭ ᠠᠮᠢᠯᠠᠭᠤᠯᠤᠭᠴᠢ — ᠪᠣᠥ ᠴᠢᠩ  ᠬᠤ᠌
           ᠬᠢᠨᠠᠭᠴᠢ ᠄ ᠮᠥᠴᠢᠷ  ᠪᠠᠭᠰᠢ