ᠡᠬᠡ – 《 ᠬᠣᠯᠪᠣᠭ᠎ᠠ 》 Эх – Холбоо ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠬᠡ – 《 ᠬᠣᠯᠪᠣᠭ᠎ᠠ 》 Эх – Холбоо

ᠡᠬᠡ – 《 ᠬᠣᠯᠪᠣᠭ᠎ᠠ 》 Эх – Холбоо

2023-03-01

527

ᠡᠬᠡ



              《 ᠬᠣᠯᠪᠣᠬ᠋᠎ᠠ 》

 ᠡᠩ ᠦᠭᠡᠢ ᠶᠡᠬᠡ ᠶᠢᠷᠲᠢᠨᠴᠦ ᠶ᠋ᠢ
 ᠡᠬᠡ ᠳᠡᠯᠡᠬᠡᠢ ᠭᠡᠳᠡᠭ ᠪᠢᠲᠡ ᠂
 ᠡᠩᠭᠡᠷᠯᠡᠵᠦ  ᠲᠥᠷᠥᠭᠰᠡᠨ ᠡᠬᠡ ᠶ᠋ᠢ ᠪᠡᠨ
 ᠡᠨᠡᠷᠢᠯᠲᠦ ᠡᠵᠢ ᠭᠡᠵᠦ ᠬᠦᠨᠳᠦᠯᠡᠳᠡᠭ ᠪᠢᠲᠡ ᠃
 ᠠᠭᠤᠲᠠᠮ ᠶᠡᠬᠡ ᠣᠷᠴᠢᠯᠠᠩ ᠊ᠢ
 ᠠᠯᠲᠠᠨ ᠳᠡᠯᠡᠬᠡᠢ ᠭᠡᠳᠡᠭ ᠪᠢᠲᠡ ᠂
 ᠠᠮᠢᠯᠠᠭᠤᠯᠵᠤ  ᠲᠥᠷᠥᠭᠰᠡᠨ ᠡᠬᠡ ᠶ᠋ᠢ ᠪᠡᠨ
 ᠠᠴᠢᠲᠤ ᠡᠵᠢ ᠭᠡᠵᠦ ᠠᠴᠢᠯᠠᠲᠠᠭ ᠪᠢᠲᠡ ᠃
 ᠠᠭᠤᠯᠠ ᠰᠥᠮᠪᠥᠷ ᠦᠨᠲᠦᠷ ᠶᠡᠬᠡ
 ᠠᠰᠠᠭᠰᠠᠨ ᠡᠬᠡ ᠨᠢ ᠭᠠᠵᠠᠷ ᠠ᠋ᠴᠠ
 ᠠᠮᠢᠲᠠᠨ ᠪᠦᠬᠦᠨ ᠪ ᠨᠢᠭᠡ ᠠᠲᠠᠯᠢ
 ᠠᠯᠢ ᠬᠦᠨᠲᠦ ᠨᠢ ᠡᠵᠢ ᠬᠥᠮᠦᠨ ᠳ᠋ᠠ ᠃
 ᠬᠦᠬᠡᠮᠥ᠋ᠷᠡᠨ ᠤᠷᠲᠤ ᠶᠡᠬᠡ
 ᠬᠦᠷᠬᠢᠷ᠎ᠡ ᠡᠬᠡ ᠨᠢ ᠪᠤᠯᠠᠭ ᠳ᠋ᠠ ᠂
 ᠬᠥᠮᠦᠨ ᠠᠮᠢᠲᠠᠨ ᠪᠦᠬᠦᠨ ᠪ
 ᠬᠦᠨᠲᠦ ᠪᠣᠯᠬᠤ ᠨᠢ ᠡᠵᠢ ᠬᠥᠮᠦᠨ ᠳ᠋ᠠ ᠃
 ᠥᠷᠭᠡᠨ ᠶᠡᠬᠡ ᠳᠠᠯᠠᠢ ᠶ᠋ᠢᠨ
 ᠥᠩ ᠰᠢᠮ᠎ᠡ ᠨᠢ ᠰᠢᠷᠣᠢ ᠳ᠋ᠠ ᠂
 ᠦᠭᠡᠶ᠋ᠢᠭᠦᠦ ᠪᠠᠶᠠᠨ ᠬᠡᠨ  ᠳᠦ  ᠴᠤ᠌ 
 ᠦᠷᠭᠦᠯᠵᠢ ᠬᠠᠶ᠋ᠢᠷᠠᠲᠠᠢ ᠨᠢ ᠡᠵᠢ ᠳ᠋ᠠ ᠃
 ᠭᠠᠯᠪᠠ ᠬᠡᠴᠢᠨᠡᠭᠡᠨ ᠤᠯᠠᠷᠢᠪᠠᠴᠤ
 ᠭᠠᠭᠴᠠ ᠨᠢᠭᠡ ᠯᠡ ᠨᠠᠷᠠ ᠲᠠᠢ ᠶᠤᠮ ᠂
 ᠭᠠᠶ᠋ᠢᠬᠠᠮᠰᠢᠬ ᠳᠣᠣᠷᠠᠳᠤ ᠬᠡᠨ ᠳᠦ  ᠴᠤ᠌ 
 ᠭᠠᠭᠴᠠᠬᠠᠨ ᠡᠵᠢ ᠵᠠᠶᠠᠭᠠᠭᠲᠠᠬᠤ ᠶᠤᠮ ᠃
 ᠡᠷᠬᠢᠮ ᠳᠡᠭᠡᠳᠦ ᠡᠷᠲᠡᠮᠲᠡᠨ  ᠴᠤ᠌ 
 ᠡᠬᠡ ᠶ᠋ᠢᠨ ᠤᠮᠠᠢ ᠶ᠋ᠢ ᠰᠢᠷᠭᠤᠲᠠᠭ ᠶᠤᠮ ᠂
 ᠡᠵᠡᠨ ᠪᠣᠭᠲᠠ ᠪᠠᠭᠠᠲᠤᠷ ᠦ᠋ᠳ ᠊ᠢ  ᠴᠤ᠌ 
 ᠡᠵᠢ ᠬᠥᠮᠦᠨ  ᠲᠥᠷᠥᠭᠦᠯᠳᠡᠭ ᠶᠤᠮ ᠃
 ᠲᠥᠷᠥ ᠶ᠋ᠢᠨ ᠲᠤᠯᠭᠠᠭᠤᠷᠢ ᠡᠵᠡᠳ ᠊ᠢ  ᠴᠤ᠌ 
 ᠲᠡᠪᠡᠷᠢᠵᠦ ᠡᠵᠢ ᠨᠢ ᠥᠰᠭᠡᠳᠡᠭ ᠶᠤᠮ ᠂
 ᠲᠦᠯᠡᠭᠡᠴᠢᠨ ᠲᠠᠷᠢᠶᠠᠴᠢᠨ ᠠᠷᠠᠳ ᠊ᠢ  ᠴᠤ᠌ 
 ᠲᠥᠷᠦᠭᠰᠡᠨ ᠡᠵᠢ ᠨᠢ ᠪᠣᠶ᠋ᠢᠵᠢᠭᠤᠯᠲᠠᠭ ᠶᠤᠮ ᠃
 ᠬᠡᠪᠡᠯᠢ ᠳᠣᠲᠣᠷ᠎ᠠ ᠪᠠᠨ  ᠬᠥᠪᠦᠷᠡᠭᠦᠯᠦᠭᠰᠡᠭᠡᠷ
 ᠬᠦᠰᠡᠯ ᠲᠠᠯᠪᠢᠬᠤ ᠨᠢ ᠡᠵᠢ ᠬᠥᠮᠦᠨ ᠂
 ᠬᠦᠦ ᠬᠡᠦᠬᠡᠨ ᠠᠯᠢᠨ  ᠳᠦ  ᠴᠤ᠌ 
 ᠬᠦᠨᠲᠦ ᠪᠣᠯᠬᠤ ᠨᠢ ᠡᠵᠢ ᠬᠥᠮᠦᠨ ᠃
 ᠬᠠᠯᠠᠭᠤᠨ ᠬᠡᠪᠡᠯᠢ ᠳᠦ  ᠰᠢᠮᠡᠳᠦᠭᠰᠡᠭᠡᠷ
 ᠬᠠᠶ᠋ᠢᠷᠠᠯᠠᠵᠤ ᠰᠠᠨᠠᠬᠤ ᠨᠢ ᠡᠵᠢ ᠬᠥᠮᠦᠨ ᠂
 ᠬᠠᠷᠰᠢᠯ ᠦᠭᠡᠢ  ᠬᠥᠩᠭᠡᠵᠢᠬᠥᠯᠬᠥ ᠪᠡᠷ
 ᠬᠠᠮᠠᠭᠠᠯᠠᠵᠤ ᠶᠠᠪᠤᠬᠤ ᠨᠢ ᠡᠵᠢ ᠬᠥᠮᠦᠨ ᠃
 ᠡᠪᠦᠯ ᠬᠠᠪᠤᠷ ᠬᠡᠵᠢᠶ᠎ᠡ ᠶᠤᠮ
 ᠵᠤᠨ ᠨᠠᠮᠤᠷ ᠠᠯᠢᠨ ᠳᠦ ᠶᠤᠮ ᠂
 ᠦᠷ᠎ᠡ ᠨᠢᠭᠡ ᠶ᠋ᠢᠨ ᠬᠤᠪᠢ ᠪᠠᠷ ᠪᠢᠲᠡ
 ᠡᠬᠡ ᠶ᠋ᠢᠨ ᠬᠡᠪᠡᠯᠢ ᠡᠴᠡ ᠵᠠᠶᠠᠭᠠᠲᠠᠭ ᠰᠠᠨ ᠃
 ᠬᠣᠩᠭᠣᠷ ᠴᠠᠷᠢᠭᠤᠨ ᠳᠠᠭᠤ ᠪᠠᠷ
 ᠬᠣᠷᠸ᠋᠎ᠠ ᠳᠦ ᠪᠥᠮᠪᠥᠷᠢᠨ  ᠡᠬᠢᠯᠡᠳᠡᠭ ᠰᠠᠨ ᠂
 ᠬᠣᠶ᠋ᠢᠴᠢ ᠶ᠋ᠢᠨ ᠠᠮᠢ ᠨᠠᠰᠤ ᠶ᠋ᠢ ᠮᠢᠨᠢ
 ᠬᠤᠪᠢᠲᠤ ᠡᠬᠡ ᠮᠢᠨᠢ ᠠᠮᠢᠵᠢᠷᠠᠭᠤᠯᠲᠠᠭ ᠰᠠᠨ ᠃
 ᠬᠦᠨᠲᠦᠷᠡᠵᠦ ᠵᠣᠪᠠᠬᠤ ᠶ᠋ᠢᠨ ᠡᠪᠡᠷᠰᠢᠶᠡᠯ  ᠳᠦ
 ᠬᠦᠨᠲᠦᠲᠦ ᠡᠬᠡ ᠮᠢᠨᠢ ᠰᠢᠨᠠᠯᠲᠠᠭ ᠰᠠᠨ ᠂
 ᠬᠦᠢᠰᠦ ᠰᠠᠯᠬᠤ ᠦᠶ᠎ᠡ ᠡᠴᠡ  ᠮᠢᠨᠢ
 ᠬᠦᠰᠡᠯ ᠶ᠋ᠢᠡᠨ ᠡᠵᠢ ᠮᠢᠨᠢ ᠲᠠᠯᠪᠢᠲᠠᠭ  ᠰᠠᠨ ᠃
 ᠠᠯᠢᠪᠠ ᠬᠦᠨᠲᠦ ᠶ᠋ᠢ ᠤᠮᠠᠷᠲᠠᠭᠠᠳ
 ᠠᠮᠢᠲᠤ ᠡᠷᠲᠡᠨᠢ ᠪᠣᠯᠭᠠᠲᠠᠭ ᠰᠠᠨ ᠂
 ᠠᠮᠢ ᠨᠠᠰᠤ ᠲᠠᠢ ᠪᠠᠨ ᠬᠣᠯᠪᠣᠭᠠᠳ
 ᠠᠷᠢᠭᠤᠨ ᠬᠠᠶ᠋ᠢᠷ᠎ᠠ ᠪᠠᠨ ᠵᠣᠷᠢᠭᠤᠯᠲᠠᠭ ᠰᠠᠨ ᠃
 ᠬᠠᠯᠠᠭᠤᠨ ᠵᠥᠭᠡᠯᠡᠨ ᠭᠠᠷ ᠶ᠋ᠢᠠᠷ ᠶ᠋ᠢᠠᠨ
 ᠬᠠᠯᠠᠮᠵᠢᠯᠠᠵᠤ  ᠲᠡᠪᠡᠷᠢᠳᠡᠭ ᠪᠠᠶ᠋ᠢᠵᠤ ᠰᠠᠨ ᠂
 ᠬᠠᠲᠠᠨ ᠡᠷ᠎ᠡ ᠪᠣᠯᠭᠠᠬᠤ ᠶ᠋ᠢᠨ
 ᠬᠠᠮᠤᠭ ᠠᠩᠬᠠᠷᠤᠯ ᠶ᠋ᠢᠠᠨ ᠲᠠᠯᠪᠢᠲᠠᠭ ᠰᠠᠨ ᠃
 ᠠᠩᠭᠢᠷ ᠰᠢᠷ᠎ᠠ ᠤᠭᠤᠷᠠᠭ ᠊ᠢ
 ᠡᠵᠢ ᠶ᠋ᠢᠨ  ᠬᠥᠬᠥ ᠡᠴᠡ  ᠯᠡ  ᠰᠢᠮᠡᠳᠡᠭ ᠪᠢᠲᠡ ᠂
 ᠠᠮᠢᠵᠢᠷᠠᠯ ᠲᠣᠷᠨᠢᠯ ᠦ᠋ᠨ ᠬᠦᠴᠦ ᠶ᠋ᠢ
 ᠡᠵᠢ ᠶ᠋ᠢᠨ ᠰᠦᠨ ᠡᠴᠡ  ᠯᠡ ᠣᠯᠲᠠᠭ ᠪᠢᠲᠡ ᠃
 ᠡᠭᠡᠰᠢᠭ  ᠪᠦᠪᠡᠢ ᠶ᠋ᠢᠨ ᠳᠠᠭᠤ ᠶ᠋ᠢ
 ᠡᠬᠡ ᠬᠥᠮᠦᠨ ᠡᠴᠡ ᠯᠡ ᠰᠣᠨᠣᠰᠲᠠᠭ ᠪᠢᠲᠡ ᠂
 ᠢᠯᠴᠢ ᠶ᠋ᠢᠨ ᠳᠡᠭᠡᠳᠦ ᠬᠠᠯᠠᠭᠤᠨ ᠊ᠢ
 ᠡᠵᠢ ᠶ᠋ᠢᠨ ᠡᠪᠦᠷ ᠡᠴᠡ ᠯᠡ  ᠮᠡᠳᠡᠳᠡᠭ ᠪᠢᠲᠡ ᠃
 ᠬᠡᠪᠡᠯᠢ ᠶ᠋ᠢᠨ ᠬᠦᠨᠲᠦ ᠳᠠᠷᠤᠭᠠᠰᠤ ᠠ᠋ᠴᠠ
 ᠬᠥᠩᠭᠡᠷᠡᠵᠦ ᠰᠠᠯᠤᠭᠰᠠᠨ ᠡᠵᠢ ᠮᠢᠨᠢ ᠂
 ᠬᠦᠦ ᠬᠡᠦᠬᠡᠨ ᠲᠡᠢ ᠪᠣᠯᠴᠢᠬᠠᠭᠠᠳ
 ᠬᠦᠰᠡᠯ ᠨᠢ ᠬᠠᠨᠤᠭᠰᠠᠨ ᠡᠵᠢ ᠮᠢᠨᠢ ᠃
 ᠦᠷ᠎ᠡ ᠮᠠᠨ ᠊ᠢ ᠲᠥᠷᠥᠭᠦᠯᠦᠯ᠎ᠡ
 ᠡᠭᠦᠷᠭᠡ ᠨᠢ ᠣᠲᠣ ᠬᠥᠩᠭᠡᠷᠡᠴᠢᠬᠡᠬᠦ ‍ᠦᠦ ?
 ᠥᠰᠬᠡᠵᠦ ᠮᠠᠨ ᠊ᠢ ᠲᠣᠷᠨᠢᠭᠤᠯᠤᠯ᠎ᠠ
 ᠡᠭᠦᠷᠲᠦᠬᠦ ᠴᠥᠬᠥᠷᠡᠲᠡᠬᠥ ᠨᠢ ᠪᠠᠭᠠᠰᠴᠢᠬᠠᠬᠤ ‍ᠦᠦ ?
 ᠦᠯᠵᠡᠢ ᠮᠥᠷ ᠊ᠢ  ᠦᠵᠡᠴᠢᠬᠡᠯ᠎ᠡ
 ᠡᠲᠦᠷ ᠦ᠋ᠨ ᠪᠣᠲᠣᠯ ᠨᠢ ᠠᠭᠤᠵᠢᠷᠠᠴᠢᠬᠠᠬᠤ ‍ᠦᠦ ?
 ᠡᠪᠦᠳᠦᠭ ᠳᠡᠭᠡᠷ᠎ᠡ ᠪᠡᠨ ᠵᠣᠭᠰᠣᠴᠢᠬᠠᠯ᠎ᠠ
 ᠦᠲᠡᠰᠢ ᠶ᠋ᠢᠨ ᠨᠣᠶ᠋ᠢᠷ ᠲᠤ ᠪᠠᠨ ᠠᠮᠤᠷᠯᠢᠴᠢᠬᠠᠬᠤ ‍ᠦᠦ ?
 ᠦᠷᠢᠶ᠎ᠡ ᠪᠡᠨ ᠮᠣᠷᠢ ᠪᠣᠯᠭᠠᠬᠤ  ᠭᠡᠭᠴᠢ
 ᠡᠵᠡᠨ ᠪ ᠰᠡᠤᠠᠬᠢᠯ ᠬᠡᠵᠢᠶᠡᠲᠡ ᠶᠤᠮ ᠂
 ᠦᠷ᠎ᠡ ᠪᠡᠨ ᠬᠥᠮᠦᠨ ᠪᠣᠯᠭᠠᠬᠤ  ᠭᠡᠭᠴᠢ
 ᠡᠵᠢ ᠶ᠋ᠢᠨ ᠰᠠᠨᠠᠯ ᠦᠷᠭᠦᠯᠵᠢ  ᠳᠦ ᠪᠡᠨ ᠶᠤᠮ ᠃
 ᠬᠠᠩᠭᠢᠨᠠᠨ ᠣᠷᠢᠯᠠᠬᠤ ᠳᠠᠭᠤ ᠪᠠᠷ ᠮᠢᠨᠢ
 ᠬᠠᠷᠠᠩᠭᠤᠢ ᠰᠥᠨᠢ ᠪᠡᠷ ᠪᠣᠰᠲᠠᠭ ᠰᠠᠨ ᠂
 ᠬᠠᠭᠠᠷᠢᠬᠤ ᠬᠦᠢᠲᠡᠨ ᠬᠤᠴᠢᠯᠬ᠋᠎ᠠ ᠶ᠋ᠢ ᠮᠢᠨᠢ
 ᠬᠠᠯᠠᠭᠤᠰᠬᠠᠵᠤ ᠪᠦᠯᠢᠶᠡᠰᠬᠡᠵᠦ  ᠥᠭᠳᠡᠭ ᠰᠠᠨ ᠃
 ᠬᠠᠯᠠᠭᠤᠨ ᠰᠦ᠋ ᠪᠡᠨ  ᠮᠥᠮᠦᠭᠦᠯᠦᠭᠰᠡᠨ
 ᠬᠠᠮᠤᠭ ᠰᠢᠮ᠎ᠡ ᠪᠡᠨ  ᠬᠦᠷᠲᠡᠭᠡᠳᠡᠭ ᠰᠠᠨ ᠂
 ᠬᠠᠶ᠋ᠢᠷᠠᠯᠠᠵᠤ ᠢᠪᠡᠭᠡᠵᠦ ᠴᠠᠤᠠᠬᠠᠭᠠᠳ
 ᠬᠠᠩᠭᠠᠮᠵᠢ ᠰᠠᠶ᠋ᠢᠲᠠᠢ ᠪᠣᠯᠭᠠᠲᠠᠭ ᠰᠠᠨ ᠃
 ᠵᠤᠩᠭᠠᠭ ᠨᠣᠶ᠋ᠢᠲᠠᠨ ᠊ᠢ ᠬᠠᠭᠤᠷᠠᠶ᠋ᠢᠯᠠᠭᠠᠳ
 ᠵᠤᠯᠠᠢ ᠳᠡᠭᠡᠷ᠎ᠡ ᠮᠢᠨᠢ  ᠥᠨᠥᠰᠳᠡᠭ ᠰᠠᠨ ᠂
 ᠵᠣᠷᠢᠬ ᠳᠤᠷ᠎ᠠ ᠪᠠᠷ ᠣᠷᠢᠯᠠᠬᠤ  ᠳᠦ ᠮᠢᠨᠢ
 ᠵᠣᠪᠠᠵᠤ ᠰᠢᠨᠠᠯᠪᠠ ‍ᠦᠦ ᠭᠡᠵᠦ ᠠᠶᠤᠲᠠᠭ ᠰᠠᠨ ᠃
 ᠬᠠᠷ᠎ᠠ ᠡᠪᠦᠯ ᠦ᠋ᠨ ᠬᠦᠢᠲᠡᠨ  ᠳᠦ ᠭᠡᠳ
 ᠬᠠᠶ᠋ᠢᠷᠠᠲᠤ ᠡᠵᠢ ᠮᠢᠨᠢ  ᠰᠢᠷᠭᠡᠢᠳᠡᠭ ᠦᠭᠡᠢ ᠂
 ᠬᠢᠷᠠᠬ᠋᠎ᠠ ᠦᠦᠷ ᠦ᠋ᠨ ᠵᠢᠩ  ᠳᠦ ᠭᠡᠳ
 ᠬᠠᠯᠠᠮᠵᠢᠲᠤ ᠡᠵᠢ ᠮᠢᠨᠢ ᠬᠠᠯᠠᠰᠢᠷᠠᠲᠠᠭ ᠦᠭᠡᠢ ᠃
 ᠬᠠᠬᠢᠷ ᠡᠪᠦᠯ ᠦ᠋ᠨ ᠰᠠᠯᠬᠢᠨ  ᠳᠦ ᠭᠡᠳ
 ᠬᠠᠯᠠᠭᠤᠨ ᠶ᠋ᠢᠠᠨ ᠡᠵᠢ ᠮᠢᠨᠢ ᠬᠤᠷᠢᠶᠠᠲᠠᠭ ᠦᠭᠡᠢ ᠂
 ᠬᠠᠲᠠᠨ ᠵᠤᠨ ᠪ ᠬᠠᠯᠠᠭᠤᠨ ᠳᠦ ᠭᠡᠳ
 ᠬᠠᠯᠠᠰᠢᠷᠠᠵᠤ ᠡᠵᠢ ᠮᠢᠨᠢ ᠨᠢᠴᠤᠲᠠᠭ ᠦᠭᠡᠢ ᠃
 ᠰᠡᠷᠢᠭᠦᠨ ᠨᠠᠮᠤᠷ ᠦ᠋ᠨ ᠵᠢᠬᠡᠭᠦᠨ  ᠳᠦ ᠭᠡᠳ
 ᠰᠡᠤᠠᠬᠢᠯᠲᠦ ᠡᠵᠢ ᠮᠢᠨᠢ  ᠴᠥᠬᠥᠳᠡᠭ ᠦᠭᠡᠢ ᠂
 ᠰᠥᠨᠢ ᠡᠲᠦᠷ ᠦ᠋ᠨ ᠤᠷᠲᠤ  ᠳᠦ ᠭᠡᠳ
 ᠰᠡᠷᠡᠮᠵᠢ ᠪᠡᠨ ᠡᠵᠢ ᠮᠢᠨᠢ ᠠᠯᠲᠠᠲᠠᠭ ᠦᠭᠡᠢ ᠃
 ᠡᠵᠢ ᠶ᠋ᠢᠨ ᠬᠠᠯᠠᠭᠤᠨ ᠭᠠᠷ ᠮᠢᠨᠢ
 ᠢᠯᠴᠢᠲᠦ ᠨᠠᠷᠠᠨ ᠠ᠋ᠴᠠ ᠡᠭᠡᠯᠢᠲᠡᠢ ᠶᠤᠮ ᠂
 ᠡᠨᠡᠷᠢᠯ ᠢᠪᠡᠭᠡᠯᠲᠦ ᠡᠵᠢ ᠶ᠋ᠢᠨ ᠬᠠᠷᠠᠴᠠ
 ᠡᠷᠲᠡᠨᠢ ᠶ᠋ᠢᠨ ᠨᠠᠷᠠᠨ ᠠ᠋ᠴᠠ ᠳᠤᠯᠠᠭᠠᠨ ᠶᠤᠮ ᠃
 ᠤᠷᠭᠤᠬ᠋᠎ᠠ ᠰᠠᠶ᠋ᠢᠬᠠᠨ ᠪᠡᠶ᠎ᠡ ᠨᠤᠭᠦᠳ ᠮᠢᠨᠢ
 ᠤᠲᠠ ᠤᠯᠢᠶᠠᠰᠤ  ᠰᠢᠭ᠋ ᠤᠷᠭᠤᠬ᠋᠎ᠠ ᠦᠭᠡᠢ ᠶᠤᠮ ᠂
 ᠤᠶᠠᠨ ᠰᠡᠤᠠᠬᠢᠯᠲᠦ ᠡᠵᠢ ᠶ᠋ᠢᠨ ᠶ᠋ᠢᠡᠨ
 ᠤᠷᠠᠨ ᠭᠠᠷ ᠶ᠋ᠢᠠᠷ ᠰᠤᠭᠲᠠᠶ᠋ᠢᠬᠰᠠᠨ ᠶᠤᠮ ᠃
 ᠬᠠᠩᠬᠠᠭᠠᠷ ᠰᠠᠶ᠋ᠢᠬᠠᠨ ᠪᠡᠶ᠎ᠡ ᠨᠤᠭᠦᠳ ᠮᠢᠨᠢ
 ᠬᠠᠶ᠋ᠢᠲᠠᠩ ᠠᠲᠠᠯᠢ ᠳᠡᠯᠭᠡᠷᠡᠭᠡ ᠦᠭᠡᠢ ᠶᠤᠮ ᠂
 ᠬᠠᠯᠠᠮᠵᠢᠲᠤ ᠡᠨᠡᠷᠢᠯᠲᠦ ᠡᠵᠢ ᠶ᠋ᠢᠨ ᠶ᠋ᠢᠡᠨ
 ᠬᠠᠯᠠᠭᠤᠨ ᠬᠠᠶ᠋ᠢᠷ᠎ᠠ ᠪᠠᠷ ᠪᠣᠶ᠋ᠢᠵᠢᠬᠰᠠᠨ ᠶᠤᠮ ᠃
 ᠬᠦᠵᠦᠭᠦᠦ ᠲᠣᠯᠣᠭᠠᠢ ᠨᠢ ᠭᠢᠯᠵᠢᠢᠬᠦ ᠪᠤᠢ
 ᠬᠡᠪᠲᠡᠵᠦ ᠤᠨᠲᠠᠬᠤ ᠶ᠋ᠢ  ᠲᠡᠭᠰᠢᠯᠡᠳᠡᠭ᠂
 ᠬᠥᠯ ᠭᠠᠷ ᠨᠢ ᠮᠠᠶ᠋ᠢᠵᠢᠢᠬᠤ ᠪᠤᠢ
 ᠬᠥᠪᠴᠢ ᠶ᠋ᠢ ᠴᠢᠩᠬ᠋᠎ᠠ  ᠥᠯᠥᠭᠡᠢᠳᠡᠳᠡᠭ᠃
 ᠬᠠᠷᠠᠬᠤ ᠨᠢᠲᠦ ᠨᠢ ᠶᠥᠭᠡᠷᠪᠡᠯ
 ᠬᠠᠯᠠᠭᠤᠨ ᠰᠦ᠋ ᠪᠡᠨ ᠳᠤᠰᠤᠭᠠᠳᠠᠭ ᠂
 ᠬᠠᠴᠠᠷ ᠨᠢᠭᠤᠷ ᠨᠢ ᠤᠰᠬᠤᠷᠲᠤᠪᠠᠯ
 ᠬᠠᠯᠢᠮ ᠵᠥᠭᠡᠬᠡᠢ  ᠳᠦᠷᠬᠢᠳᠡᠭ ᠃
 ᠭᠠᠩᠭᠠᠩ ᠭᠤᠸᠠᠯᠢᠬ ᠥᠰᠬᠦ ᠮᠢᠨᠢ
 ᠭᠠᠭᠴᠠ ᠡᠵᠢ ᠶ᠋ᠢᠨ ᠮᠢᠨᠢ ᠳᠣᠳᠣᠮᠳᠠᠯ ᠶᠤᠮ ᠂
 ᠭᠠᠯᠪᠢᠷ  ᠰᠦᠷᠯᠢᠭ ᠶᠠᠪᠤᠬ᠋᠎ᠠ ᠮᠢᠨᠢ
 ᠭᠠᠶ᠋ᠢᠬᠠᠮᠰᠢᠬᠲᠤ ᠡᠬᠡ ᠶ᠋ᠢᠨ ᠮᠢᠨᠢ ᠥᠰᠬᠡᠯ ᠶᠤᠮ ᠃
 ᠪᠣᠯᠴᠣᠷ ᠴᠣᠯᠴᠣᠷ ᠠᠯᠬᠤᠯ᠎ᠠ ᠭᠡᠳ
 ᠪᠣᠯᠤᠯ᠎ᠠ ᠂ ᠡᠵᠢ ᠮᠢᠨᠢ ᠵᠠᠶ᠋ᠢᠯᠠᠴᠢᠬᠠᠬᠤ ‍ᠦᠦ ?
 ᠪᠣᠶ᠋ᠢᠯᠠᠵᠤ  ᠲᠤᠰᠴᠤ ᠬᠥᠲᠥᠯᠴᠢᠬᠡᠭᠡᠳ
 ᠪᠤᠰᠢᠭᠤ ᠭᠦᠶᠦᠬᠦ ᠶ᠋ᠢ ᠬᠦᠰᠡᠬᠦ ᠶᠤᠮ ᠃
 ᠭᠦᠶᠦᠬᠦ ᠴᠢᠲᠠᠯ ᠣᠷᠣᠬᠤ  ᠳᠦ ᠮᠢᠨᠢ
 ᠭᠦᠢᠴᠡᠤᠠᠬᠡᠬᠦ ᠠᠵᠢᠯ ᠨᠢ ᠪᠠᠷᠠᠴᠢᠬᠠᠬᠤ ‍ᠦᠦ ?
 ᠭᠦᠷᠦᠨ  ᠳᠦ ᠵᠦᠭ ᠲᠡᠢ ᠶᠠᠪᠤᠭ ᠳ᠋ᠠ 
 ᠭᠦᠨ ᠰᠡᠤᠠᠬᠢᠯ ᠶ᠋ᠢᠡᠨ ᠲᠠᠯᠪᠢᠬᠤ ᠶᠤᠮ ᠃
 ᠬᠥᠮᠦᠨ ᠲᠡᠢ ᠠᠲᠠᠯᠢ ᠶᠠᠪᠤᠭᠤᠯᠬᠤ ᠭᠡᠵᠦ
 ᠬᠦᠪᠦᠷᠢᠤᠠᠴᠦ ᠣᠶᠣᠬᠤ ᠨᠢ ᠠᠷᠪᠢᠲᠠᠬᠤ ᠶᠤᠮ ᠂
 ᠬᠥᠯ ᠨᠤᠭᠤᠯᠬᠤ ᠴᠢᠯᠥᠭᠡ  ᠴᠤ᠌  ᠦᠭᠡᠢ 
 ᠬᠡᠦᠬᠡᠳ ᠶ᠋ᠢᠡᠨ ᠭᠡᠳ ᠯᠡ ᠵᠢᠤᠠᠬᠦᠬᠦ ᠶᠤᠮ ᠃
 ᠤᠯᠤᠰ ᠲᠠᠢ ᠠᠲᠠᠯᠢ ᠶᠠᠪᠤᠭᠤᠯᠬᠤ ᠭᠡᠵᠦ
 ᠤᠷᠠᠯᠠᠵᠤ ᠭᠣᠶᠣᠯᠠᠬᠤ ᠨᠢ  ᠡᠯᠪᠡᠭᠵᠢᠬᠦ ᠶᠤᠮ ᠂
 ᠤᠨᠲᠠᠬᠤ ᠢᠲᠡᠬᠦ ᠴᠢᠯᠥᠭᠡ ᠦᠭᠡᠢ ᠴᠦ᠍
 ᠤᠷᠤᠭᠰᠢ ᠵᠢᠤᠠᠬᠦᠨ ᠴᠢᠷᠮᠠᠶ᠋ᠢᠬᠤ ᠶᠤᠮ ᠃
 ᠠᠯᠠᠭ ᠰᠠᠶ᠋ᠢᠬᠠᠨ ᠬᠤᠪᠴᠠᠰᠤ ᠶ᠋ᠢ ᠮᠢᠨᠢ
 ᠠᠷᠤ ᠶ᠋ᠢᠨ ᠮᠠᠶ᠋ᠢᠮᠠᠢ  ᠬᠦᠷᠭᠡᠭᠰᠡᠨ ᠪᠢᠰᠢ ᠂
 ᠠᠵᠢᠯᠴᠢ ᠦᠢᠯᠡᠴᠢ ᠡᠵᠢ ᠶ᠋ᠢᠨ ᠮᠢᠨᠢ
 ᠠᠷᠪᠠᠨ ᠬᠤᠷᠤᠭᠤᠨ ᠪ ᠤᠷᠠᠯᠠᠯ ᠶᠤᠮ ᠃
 ᠳᠠᠩᠳᠠ  ᠲᠡᠭᠰᠢ ᠵᠠᠰᠠᠯ ᠊ᠢ ᠮᠢᠨᠢ
 ᠳᠠᠮᠨᠠᠭᠤᠷ ᠮᠠᠶ᠋ᠢᠮᠠᠢ  ᠬᠦᠷᠭᠡᠭᠰᠡᠨ ᠪᠢᠰᠢ ᠂
 ᠳᠠᠶ᠋ᠢᠴᠢᠨ ᠠᠵᠢᠯᠰᠠᠭ ᠡᠵᠢ ᠶ᠋ᠢᠨ ᠮᠢᠨᠢ
 ᠳᠠᠷᠤᠭᠤᠯᠵᠤ ᠣᠶᠣᠭᠰᠠᠨ ᠡᠷᠲᠡᠮ ᠶᠤᠮ ᠃
 ᠤᠬᠠᠭᠠᠨ ᠲᠦᠭᠦᠬᠡ ᠲᠡᠢ ᠲᠣᠮᠣᠭᠠᠵᠢᠯ᠎ᠠ ᠭᠡᠳ
 ᠣᠬᠣᠷᠢᠭᠠᠳ ᠡᠵᠢ ᠮᠢᠨᠢ ᠰᠠᠯᠴᠢᠬᠠᠬᠤ  ‍ᠦᠦ ?
 ᠤᠯᠤᠰ ᠠ᠋ᠴᠠ ᠳᠡᠭᠡᠲᠡᠢ ᠶᠠᠪᠤᠭᠤᠯᠬᠤ  ᠭᠡᠵᠦ
 ᠤᠯᠠᠮ ᠰᠠᠨᠠᠬ᠋᠎ᠠ ᠲᠠᠯᠪᠢᠬᠤ ᠶᠤᠮ ᠃
 

 ᠠᠵᠢᠯ ᠦᠢᠯᠡᠰ ᠲᠦ ᠰᠤᠷᠭᠠᠭᠠᠳ
 ᠠᠮᠵᠢᠯᠲᠠ ᠣᠯᠬᠤ ᠶ᠋ᠢ ᠵᠢᠭᠠᠬᠤ ᠶᠤᠮ ᠂
 ᠠᠷᠢᠭᠤᠨ ᠴᠡᠪᠡᠷ ᠲᠦ ᠵᠠᠩᠰᠢᠭᠤᠯᠤᠭᠠᠳ
 ᠠᠷᠤᠤᠬᠠᠨ ᠶᠠᠪᠤᠬᠤ ᠶ᠋ᠢ ᠬᠦᠰᠡᠭᠦᠯᠬᠦ ᠶᠤᠮ ᠃
 ᠡᠷᠲᠡᠮ ᠨᠣᠮ ᠲᠠᠢ ᠪᠣᠯᠭᠠᠬᠤ  ᠪᠠᠷ
 ᠡᠬᠡ ᠰᠤᠷᠭᠠᠭᠤᠯᠢ ᠳᠦ ᠣᠷᠣᠭᠤᠯᠲᠠᠭ  ᠰᠠᠨ ᠂
 ᠡᠬᠢᠯᠡᠵᠦ ᠦᠰᠦᠭ ᠲᠠᠨᠢᠬᠤ ᠪᠠᠷ ᠮᠢᠨᠢ
 ᠢᠨᠢᠶᠡᠵᠦ ᠪᠡᠶᠡᠰᠦᠨ  ᠬᠥᠭᠰᠡᠳᠡᠭ ᠰᠠᠨ ᠃
 ᠪᠠᠬᠠᠲᠠᠢ ᠰᠠᠶ᠋ᠢᠬᠠᠨ ᠰᠤᠷᠬᠤ  ᠳᠦ ᠮᠢᠨᠢ
 ᠪᠠᠶᠠᠷᠯᠠᠵᠤ ᠰᠡᠤᠠᠬᠢᠯ  ᠨᠢ ᠠᠭᠤᠵᠢᠷᠠᠬᠤ ᠶᠤᠮ  ᠂
 ᠪᠠᠲᠤᠤ ᠪᠣᠷᠣ ᠭᠠᠷᠭᠠᠬᠤ  ᠳᠦ ᠮᠢᠨᠢ
 ᠪᠠᠶ᠋ᠢᠲᠠᠭ ᠤᠬᠠᠭᠠᠨ ᠶ᠋ᠢᠠᠷ ᠠᠷᠭᠠᠲᠠᠬᠤ ᠶᠤᠮ ᠃
 ᠰᠤᠶᠤᠯ ᠡᠷᠲᠡᠮ ᠲᠡᠢ ᠪᠣᠯᠤᠭᠰᠠᠨ ᠮᠢᠨᠢ
 ᠰᠣᠯᠣᠩᠬ᠋᠎ᠠ ᠠᠲᠠᠯᠢ ᠲᠠᠲᠠᠴᠢᠬᠠᠪᠠ ‍ᠦᠦ ?
 ᠰᠤᠷᠭᠠᠯ ᠠᠰᠠᠷᠠᠯᠲᠤ ᠡᠵᠢ ᠶ᠋ᠢᠨ ᠮᠢᠨᠢ
 ᠰᠤᠪᠢᠯᠠᠯ ᠰᠤᠷᠭᠠᠯ ᠦ᠋ᠨ ᠠᠴᠢ ᠶᠤᠮ ᠃
 ᠰᠣᠲᠣ ᠮᠡᠷᠭᠡᠨ ᠪᠣᠯᠤᠭᠰᠠᠨ ᠮᠢᠨᠢ
 ᠰᠤᠲᠠᠷᠢᠰᠤᠨ ᠣᠷᠣᠨ  ᠠ᠋ᠴᠠ ᠵᠠᠶᠠᠭᠠᠭᠲᠠᠪᠠ ‍ᠦᠦ ?
 ᠰᠤᠲᠤᠷ ᠨᠣᠮ  ᠳᠦ ᠰᠢᠮᠲᠠᠭᠤᠯᠤᠭᠰᠠᠨ
 ᠰᠤᠷᠭᠠᠯᠲᠤ ᠡᠵᠢ ᠶ᠋ᠢᠨ ᠮᠢᠨᠢ ᠠᠴᠢ ᠶᠤᠮ ᠃
 ᠬᠠᠲᠠᠨ ᠡᠷᠡᠯᠬᠡᠭ᠋ ᠪᠠᠭᠠᠲᠤᠷ ᠮᠢᠨᠢ
 ᠬᠠᠨ ᠬᠤᠷᠮᠤᠰᠲᠠ ᠠ᠋ᠴᠠ ᠢᠪᠡᠭᠡᠪᠡ ‍ᠦᠦ ?
 ᠬᠠᠷᠢᠴᠠᠯᠠᠰᠢ ᠦᠭᠡᠢ ᠡᠵᠢ ᠶ᠋ᠢᠨ ᠮᠢᠨᠢ
 ᠬᠠᠮᠠᠭᠠᠯᠠᠵᠤ  ᠥᠰᠭᠡᠭᠰᠡᠨ ᠠᠴᠢ ᠶᠤᠮ ᠃
 ᠥᠩᠭᠡ ᠭᠡᠷᠡᠯ ᠠᠯᠲᠠᠷ ᠮᠢᠨᠢ
 ᠦᠨᠲᠦᠷ ᠲᠩᠷᠢ ᠡᠴᠡ ᠪᠠᠭᠤᠪᠠ ‍ᠦᠦ ?
 ᠥᠨᠢᠷ ᠬᠠᠶ᠋ᠢᠷᠠᠲᠤ ᠡᠵᠢ ᠶ᠋ᠢᠨ ᠮᠢᠨᠢ
 ᠥᠪᠯᠡᠵᠦ  ᠥᠭᠭᠦᠭᠰᠡᠨ ᠠᠪᠬᠠᠯᠵᠢ ᠶᠤᠮ ᠃
 ᠲᠥᠷᠥ  ᠳᠦ ᠮᠠᠨᠲᠤᠬᠤ ᠨᠡᠷ᠎ᠡ ᠮᠢᠨᠢ
 ᠲᠦᠨᠡᠷᠡᠵᠦ ᠥᠪᠡᠷᠲᠡᠭᠡᠨ ᠪᠠᠲᠠᠷᠠᠪᠠ ‍ᠦᠦ ?
 ᠲᠥᠷᠥᠭᠦᠯᠵᠦ  ᠥᠰᠭᠡᠭᠰᠡᠨ ᠡᠵᠢ ᠶ᠋ᠢᠨ ᠮᠢᠨᠢ
 ᠲᠡᠤᠠᠬᠦᠵᠦ  ᠵᠢᠳᠬᠦᠭᠰᠡᠨ ᠠᠷᠠᠨᠰᠢᠨ ᠶᠤᠮ ᠃
 ᠬᠥᠮᠦᠨ ᠪ ᠡᠷᠬᠢᠮ ᠪᠣᠯᠤᠯ᠎ᠠ ᠭᠡᠳ
 ᠬᠦᠰᠡᠯ ᠶ᠋ᠢᠡᠨ ᠡᠵᠢ ᠬᠥᠮᠦᠨ ᠬᠤᠷᠢᠶᠠᠬᠤ ‍ᠦᠦ ?
 ᠬᠦᠨᠲᠦ  ᠬᠡᠷᠬᠡᠮ ᠊ᠢ ᠣᠯᠤᠯ᠎ᠠ ᠭᠡᠳ
 ᠬᠥᠮᠦᠵᠢᠯ ᠶ᠋ᠢᠡᠨ ᠡᠵᠢ ᠬᠥᠮᠦᠨ ᠵᠣᠭᠰᠣᠭᠠᠬᠤ ‍ᠦᠦ ?
 ᠬᠢᠴᠢᠶᠡᠩᠭᠦᠢ ᠳᠠᠷᠤᠤ ᠶᠠᠪᠤᠭᠠᠷᠠᠢ  ᠭᠡᠵᠦ
 ᠬᠡᠯᠡᠵᠦ ᠰᠤᠷᠭᠠᠬᠤ ᠦᠷᠭᠦᠯᠵᠢ ᠶᠤᠮ  ᠂
 ᠬᠡᠷᠬᠡᠮ ᠊ᠢ ᠣᠯᠤᠭᠰᠠᠨ  ᠴᠤ᠌  ᠨᠣᠮᠣᠬᠠᠨ ᠪᠠᠢ  ᠭᠡᠵᠦ
 ᠬᠡᠮᠨᠡᠵᠦ ᠵᠢᠭᠠᠬᠤ ᠨᠢ ᠤᠯᠠᠮ ᠶᠤᠮ ᠃
 《 ᠠᠷᠠᠳ ᠣᠯᠠᠨ ᠲᠦᠮᠡᠨ ᠳᠦ ᠪᠡᠨ
 ᠠᠯᠠᠭ ᠦᠭᠡᠢ ᠵᠢᠤᠠᠬᠦ  ᠳ᠋ᠠ !
 ᠠᠯᠲᠠᠨ ᠳᠡᠯᠡᠬᠡᠢ ᠶ᠋ᠢᠨ ᠳᠡᠭᠡᠷ᠎ᠡ
 ᠠᠷᠢᠭᠤᠨ ᠮᠥᠷ ᠲᠡᠢ ᠶᠠᠪᠤ ᠳ᠋ᠠ !
 ᠦᠭᠡᠶ᠋ᠢᠭᠦᠦ ᠪᠠᠶᠠᠨ ᠬᠣᠶᠠᠷ ᠴᠢᠨᠢ
 ᠥᠷᠯᠥᠭᠡ ᠦᠲᠡᠰᠢ ᠶ᠋ᠢᠨ ᠰᠢᠭᠦᠲᠡᠷᠢ ᠰᠢᠦ !
 ᠥᠨᠡᠨ ᠰᠢᠲᠤᠷᠭᠤ ᠥᠢᠯᠡᠰ ᠯᠡ ᠪᠤᠯ
 ᠥᠨᠢ ᠡᠭᠦᠷᠢᠲᠡ ᠮᠥᠩᠬᠡ ᠶᠤᠮ ᠰᠢᠦ !
 ᠠᠩᠬᠠᠨ ᠪ ᠳᠠᠭᠤᠳᠠᠬᠤ ᠨᠡᠷ᠎ᠡ ᠶ᠋ᠢ ᠴᠢᠨᠢ
 ᠠᠪᠤ ᠡᠵᠢ ᠴᠢᠨᠢ ᠣᠯᠭᠣᠲᠠᠭ ᠰᠢᠦ !
 ᠠᠯᠲᠠᠷ ᠳᠠᠭᠤᠷᠢᠰᠬᠤ ᠨᠡᠷ᠎ᠡ ᠶ᠋ᠢ ᠪᠡᠨ
 ᠠᠵᠢᠯ ᠦᠢᠯᠡᠰ ᠶ᠋ᠢᠡᠷ ᠣᠯᠲᠠᠭ ᠰᠢᠦ ! 》 ᠭᠡᠵᠦ
 ᠬᠠᠯᠠᠮᠵᠢᠲᠤ ᠨᠠᠨᠲᠢᠨ ᠰᠤᠷᠭᠠᠯ ᠶ᠋ᠢᠠᠨ
 ᠬᠠᠶ᠋ᠢᠷᠠᠲᠤ ᠡᠵᠢ ᠮᠢᠨᠢ ᠬᠠᠶ᠋ᠢᠷᠠᠯᠠᠲᠠᠭ ᠂
 ᠬᠠᠶ᠋ᠢᠷ᠎ᠠ  ᠰᠠᠨᠠᠯ ᠦ᠋ᠨ ᠰᠡᠤᠠᠬᠢᠯ  ᠶ᠋ᠢᠡᠨ
 ᠬᠠᠮᠢᠬ᠋᠎ᠠ ᠬᠡᠵᠢᠶ᠎ᠡ  ᠴᠤ᠌  ᠪᠢᠯᠬᠠᠭᠤᠯᠲᠠᠭ ᠃
 ᠬᠥᠮᠦᠨ ᠰᠠᠶ᠋ᠢᠲᠠᠢ ᠶᠠᠪᠤᠬᠤ ᠶ᠋ᠢ ᠮᠢᠨᠢ
 ᠬᠦᠰᠡᠮᠵᠢᠯᠡᠵᠦ ᠡᠭᠦᠷᠢᠲᠡ ᠰᠠᠨᠠᠭᠤᠯᠲᠠᠭ  ᠂
 ᠬᠦᠨᠲᠦ ᠪᠡᠨ ᠪᠠᠷᠠᠵᠤ ᠠᠯᠲᠠᠬᠤ ᠶ᠋ᠢ ᠮᠢᠨᠢ
 ᠬᠥᠨᠥᠭᠡᠯ ᠮᠡᠲᠦ ᠪᠡᠷ ᠴᠡᠭᠡᠷᠯᠡᠭᠦᠯᠳᠡᠭ᠃
 ᠰᠠᠶ᠋ᠢᠨ ᠪ ᠵᠦᠭ ᠲᠦ ᠶᠠᠪᠤᠬᠤ ᠶ᠋ᠢ ᠮᠢᠨᠢ
 ᠰᠠᠬᠢᠯ ᠮᠡᠲᠦ ᠪᠡᠷ ᠲᠤᠰᠢᠶᠠᠲᠠᠭ ᠂
 ᠰᠠᠮᠠᠭᠤᠨ ᠵᠠᠪᠬᠠᠢ ᠶᠠᠪᠤᠬᠤ ᠶ᠋ᠢ ᠮᠢᠨᠢ
 ᠰᠠᠯᠤᠰᠢ ᠦᠭᠡᠢ  ᠰᠡᠷᠡᠮᠵᠢᠯᠡᠭᠦᠯᠳᠡᠭ᠃
 ᠮᠠᠩᠯᠠᠢ ᠡᠷᠲᠡᠮ ᠰᠤᠷᠬᠤ ᠪᠠᠷ
 ᠮᠠᠷᠭᠠᠰᠢ ᠬᠠᠷᠢ ᠤᠯᠤᠰ ᠲᠤ ᠮᠣᠷᠲᠠᠯ᠎ᠠ ᠭᠡᠳ
 ᠮᠠᠰᠢ ᠬᠠᠶ᠋ᠢᠷᠠᠲᠠᠢ ᠡᠵᠢ ᠮᠢᠨᠢ
 ᠮᠠᠭᠠᠳ ᠰᠠᠨᠠᠬᠤ ᠪᠠᠨ ᠪᠠᠶ᠋ᠢᠴᠢᠬᠠᠬᠤ ‍ᠦᠦ ?
 《 ᠬᠠᠷᠢ ᠭᠠᠵᠠᠷ ᠬᠡᠴᠡᠭᠦᠦ  ᠰᠢᠦ
 ᠬᠠᠯᠠᠭᠤᠨ  ᠳᠣᠲᠣᠨᠣᠰᠣᠭ ᠶᠠᠪᠤᠭᠠᠷᠠᠢ !
 ᠬᠠᠮᠤᠭ ᠡᠷᠲᠡᠮ ᠊ᠢ ᠰᠠᠶ᠋ᠢᠨ ᠰᠤᠷ !
 ᠬᠠᠷᠠᠵᠤ ᠰᠠᠭᠤᠶ᠎ᠠ ᠡᠵᠢ ᠨᠢ ᠳ᠋ᠠ 》
 ᠥᠯᠵᠡᠢ ᠮᠥᠷ ᠲᠡᠢ ᠶᠠᠪᠤᠬᠤ ᠶ᠋ᠢ
 ᠡᠮᠡᠭᠡᠨ ᠡᠵᠢ ᠮᠢᠨᠢ  ᠢᠷᠦᠭᠡᠳᠡᠭ ᠂
 ᠥᠭᠡᠲᠡ ᠪᠡᠨ ᠲᠩᠷᠢ  ᠳᠦ ᠳᠠᠭᠠᠳᠬᠠᠨ
 ᠥᠨᠢᠷ ᠰᠡᠤᠠᠬᠢᠯ ᠶ᠋ᠢᠡᠷ ᠵᠠᠯᠪᠠᠷᠢᠲᠠᠭ ᠃
 ᠤᠴᠢᠷ ᠲᠠᠢ ᠰᠠᠶ᠋ᠢᠬᠠᠨ ᠦᠭᠡᠰ ᠶ᠋ᠢᠡᠨ
 ᠤᠬᠠᠭᠠᠨᠲᠤ ᠡᠵᠢ ᠯᠡ ᠤᠷᠤᠰᠬᠠᠲᠠᠭ ᠂
 ᠤᠶᠠᠷᠠᠯ ᠦ᠋ᠨ ᠬᠠᠯᠠᠭᠤᠨ ᠨᠢᠯᠪᠤᠰᠤ ᠪᠠᠨ
 ᠤᠷᠢᠲᠠᠵᠤ ᠡᠵᠢ ᠯᠡ ᠤᠨᠠᠭᠠᠲᠠᠭ ᠃
 ᠰᠦᠷ ᠰᠦᠯᠲᠡ  ᠳᠦ ᠢᠲᠡᠭᠡᠮᠵᠢᠯᠡᠬᠦ
 ᠰᠦᠰᠦᠭ ᠡᠵᠢ  ᠳᠦ ᠯᠡ  ᠲᠥᠷᠥᠭᠳᠡᠳᠡᠭ ᠂
 ᠰᠦ᠋ ᠪᠡᠨ ᠯᠡ ᠡᠷᠭᠦᠭᠡᠳ ᠬᠣᠴᠣᠷᠤᠭᠰᠠᠨ  ᠴᠤ᠌ 
 ᠰᠡᠤᠠᠬᠢᠯ ᠨᠢ ᠬᠡᠦᠬᠡᠳ ᠶ᠋ᠢᠡᠨ ᠳᠠᠭᠠᠴᠢᠬᠠᠳᠠᠭ ᠃
 ᠥᠲᠡᠯᠦᠭᠡ ᠪᠤᠭᠤᠷᠤᠯ ᠪᠣᠯᠬᠤ  ᠳᠦ  ᠴᠤ᠌ 
 ᠦᠷ᠎ᠡ ᠮᠢᠨᠢ ᠭᠡᠳ ᠯᠡ  ᠡᠩᠬᠦᠷᠡᠢᠯᠡᠳᠡᠭ ᠂
 ᠥᠷᠥᠭᠡ ᠳᠦᠭᠦᠷᠡᠩ ᠴᠤᠭᠯᠠᠷᠠᠪᠠᠯ
 ᠥᠷᠥᠴᠡ ᠨᠢ ᠳᠦᠭᠦᠷᠡᠩ ᠪᠠᠶᠠᠷᠯᠠᠲᠠᠭ ᠃
 ᠭᠠᠩᠭᠠᠩ ᠡᠷ᠎ᠡ ᠪᠣᠯᠭᠠᠯ᠎ᠠ  ᠭᠡᠵᠦ
 ᠭᠠᠪᠢᠶ᠎ᠠ ᠲᠣᠭᠠᠴᠢᠬᠤ ᠡᠵᠢ ᠦᠭᠡᠢ ᠳ᠋ᠡ
 ᠭᠠᠰᠢᠭᠤᠨ ᠵᠣᠪᠠᠯᠠᠩ ᠠᠮᠰᠠᠯ᠎ᠠ ᠭᠡᠵᠦ
 ᠭᠠᠰᠠᠯᠵᠤ ᠵᠣᠪᠠᠬᠤ ᠡᠵᠢ ᠦᠭᠡᠢ ᠳ᠋ᠡ ᠃
 ᠠᠶ᠋ᠢᠯ ᠭᠡᠷ ᠪᠣᠯᠭᠠᠯ᠎ᠠ ᠭᠡᠵᠦ
 ᠠᠮᠠᠷᠠᠬᠤ ᠪᠠᠨ ᠪᠣᠯᠢᠬᠤ ᠡᠵᠢ ᠦᠭᠡᠢ ᠳ᠋ᠡ ᠂
 ᠠᠯᠢ ᠨᠢ ᠰᠠᠶ᠋ᠢᠨ ᠮᠠᠭᠤ ᠶᠤᠮ ᠭᠡᠵᠦ
 ᠠᠯᠠᠭ ᠲᠠᠢ ᠪᠣᠲᠣᠬᠤ ᠡᠵᠢ  ᠦᠭᠡᠢ ᠳ᠋ᠡ ᠃
 ᠥᠰᠭᠡᠭᠰᠡᠨ ᠠᠴᠢ ᠪᠠᠨ ᠠᠪᠤᠶ᠎ᠠ ᠭᠡᠵᠦ
 ᠦᠷᠢ ᠲᠠᠯᠪᠢᠬᠤ ᠡᠵᠢ ᠦᠭᠡᠢ ᠳ᠋ᠡ ᠂
 ᠥᠪᠡᠷᠲᠡᠭᠡᠨ ᠣᠲᠣ  ᠴᠤ᠌  ᠵᠢᠷᠭᠠᠶ᠎ᠠ  ᠭᠡᠵᠦ
 ᠦᠨᠡᠷᠬᠡᠵᠦ ᠰᠠᠭᠤᠬᠤ ᠡᠵᠢ ᠦᠭᠡᠢ ᠳ᠋ᠡ ᠃
 ᠬᠦᠲᠡᠩᠲᠦ ᠬᠣᠷᠸ᠋᠎ᠠ ᠶ᠋ᠢᠨ ᠡᠲᠦᠷ ᠦ᠋ᠳ ᠊ᠢ
 ᠬᠡᠦᠬᠡᠳ ᠶ᠋ᠢᠡᠨ  ᠭᠡᠭᠰᠡᠭᠡᠷ ᠡᠯᠡᠭᠡᠳᠡᠭ᠂
 ᠬᠥᠭᠡᠷᠦᠬᠦᠢ ᠦᠷ᠎ᠡ ᠮᠢᠨᠢ ᠭᠡᠵᠦ  ᠵᠢᠳᠬᠦᠭᠰᠡᠭᠡᠷ
 ᠬᠦᠴᠢᠷ ᠵᠣᠪᠠᠭᠤᠷᠢ  ᠳᠦ ᠲᠠᠷᠴᠢᠯᠠᠲᠠᠭ ᠃
 ᠡᠲᠦᠷ ᠬᠣᠨᠣᠭ ᠦ᠋ᠨ ᠤᠷᠲᠤ ᠶ᠋ᠢ
 ᠦᠷ᠎ᠡ ᠶ᠋ᠢᠨ ᠶ᠋ᠢᠡᠨ ᠲᠥᠯᠥᠭᠡ  ᠨᠥᠭᠴᠢᠭᠡᠳᠡᠭ᠂
 ᠥᠪᠡᠷ ᠦ᠋ᠨ ᠵᠢᠷᠭᠠᠯ ᠊ᠢ  ᠪᠣᠲᠣᠲᠠᠭ ᠦᠭᠡᠢ
 ᠥᠯᠮᠡᠢ  ᠨᠤᠭᠤᠯᠬᠤ ᠦᠭᠡᠢ  ᠵᠢᠳᠬᠦᠳᠡᠭ᠃
 ᠮᠠᠰᠢ ᠰᠠᠶ᠋ᠢᠨ ᠶᠠᠪᠤᠬᠤ  ᠳᠦ ᠮᠢᠨᠢ
 ᠮᠠᠩᠨᠠᠢ ᠪᠠᠨ ᠢᠯᠪᠢᠭᠡᠳ ᠪᠠᠶᠠᠷᠯᠠᠲᠠᠭ ᠂
 ᠮᠠᠭᠤ ᠮᠠᠭᠤᠬᠠᠢ ᠶᠠᠪᠤᠪᠠᠯ
 ᠮᠢᠬ᠎ᠠ ᠴᠢᠰᠤ ᠨᠢ  ᠰᠢᠩᠭᠡᠷᠡᠳᠡᠭ ᠃
 ᠡᠵᠢ ᠶ᠋ᠢᠨ ᠳᠡᠯᠭᠡᠷ ᠠᠴᠢ ᠶ᠋ᠢ
 ᠡᠩᠨᠡᠭᠦᠯᠵᠦ ᠶᠠᠭᠤ ᠲᠠᠢ ᠵᠦᠢᠷᠯᠡᠨ᠎ᠡ ᠪᠤᠢ ?
 ᠡᠷᠢᠶᠡᠨ ᠠᠯᠠᠭ ᠬᠣᠷᠸ᠋᠎ᠠ ᠳᠡᠭᠡᠷ᠎ᠡ
 ᠡᠷᠭᠢᠭᠦᠯᠵᠦ ᠶᠠᠭᠤ ᠲᠠᠢ ᠵᠢᠱ᠌ᠢᠶᠡᠯᠡᠨ᠎ᠡ ᠪᠤᠢ ?
 ᠮᠠᠭᠲᠠᠵᠤ ᠬᠡᠯᠡᠬᠦ ᠰᠡᠴᠡᠨ ᠦᠭᠡ
 ᠮᠠᠭᠠᠳ ᠡᠷᠢᠭᠡᠳ ᠣᠯᠲᠠᠬᠤ ᠦᠭᠡᠢ ᠂
 ᠮᠠᠶᠢᠬᠯᠠᠵᠤ ᠳᠦᠢᠬᠦ ᠵᠦᠢᠷᠯᠡᠯ
 ᠮᠢᠨᠦ ᠳᠣᠲᠣᠷ᠎ᠠ ᠰᠠᠭᠤᠭᠲᠠᠬᠤ ᠦᠭᠡᠢ ᠃
 ᠠᠭᠤᠯᠠ ᠰᠥᠮᠪᠥᠷ ᠲᠡᠢ ᠵᠦᠢᠷᠯᠡᠬᠦ ‍ᠦᠦ ?
 ᠤᠨᠠᠵᠤ ᠨᠤᠷᠠᠬᠤ ᠶ᠋ᠢ ᠨᠢ ᠶᠠᠭᠠᠬᠢᠯᠲᠠᠢ ᠂
 ᠤᠰᠤ ᠮᠥᠷᠡᠨ ᠲᠡᠢ ᠵᠦᠢᠷᠯᠡᠬᠦ ‍ᠦᠦ ?
 ᠰᠢᠷᠭᠢᠵᠦ ᠳᠤᠨᠳᠠᠷᠠᠬᠤ  ᠶ᠋ᠢ ᠨᠢ ᠶᠠᠭᠠᠬᠢᠯᠲᠠᠢ ᠃
 ᠣᠭᠲᠠᠷᠭᠤᠢ  ᠲᠡᠭᠷᠢ ᠲᠡᠢ ᠵᠦᠢᠷᠯᠡᠬᠦ ‍ᠦᠦ ?
 ᠣᠷᠴᠢᠯ ᠬᠤᠪᠢᠷᠠᠯ ᠨᠢ ᠪᠡᠷᠬᠡ ᠲᠡᠢ ᠂
 ᠣᠷᠣᠨ ᠳᠡᠯᠡᠬᠡᠢ ᠲᠡᠢ  ᠵᠡᠷᠭᠡᠴᠡᠭᠦᠯᠬᠦ ‍ᠦᠦ ?
 ᠤᠯᠠᠷᠢᠵᠤ ᠬᠤᠪᠢᠰᠬᠤ ᠨᠢ ᠬᠦᠴᠢᠷ ᠲᠡᠢ ᠃
 ᠨᠠᠷᠠ ᠰᠠᠷᠠ ᠲᠠᠢ ᠵᠦᠢᠷᠯᠡᠬᠦ ‍ᠦᠦ ?
 ᠡᠲᠦᠷ ᠲᠡᠢ ᠰᠥᠨᠢ ᠲᠡᠢ ᠬᠡᠴᠡᠭᠦᠦ ᠶᠤᠮ ᠂
 ᠨᠠᠪᠴᠢ ᠴᠡᠴᠡᠭ ᠲᠡᠢ ᠵᠦᠢᠷᠯᠡᠬᠦ ‍ᠦᠦ ?
 ᠥᠩ ᠲᠡᠢ ᠭᠠᠩ ᠲᠠᠢ  ᠬᠡᠪᠡᠷᠡᠭ ᠶᠤᠮ ᠃
 ᠲᠦᠮᠡᠨ ᠡᠷᠲᠡᠮ ᠊ᠢ ᠲᠡᠭᠦᠰᠬᠡᠭᠡᠳ
 ᠲᠥᠷᠥ  ᠳᠦ  ᠠᠯᠲᠠᠷ ᠮᠠᠨᠲᠤᠭᠰᠠᠳ
 ᠲᠥᠷᠥᠭᠰᠡᠨ ᠡᠬᠡ ᠶ᠋ᠢᠨ ᠶ᠋ᠢᠡᠨ ᠠᠴᠢ ᠶ᠋ᠢ
 ᠲᠡᠭᠦᠯᠲᠡᠷ ᠬᠠᠷᠠᠭᠤᠯᠤᠭᠰᠠᠨ ᠨᠢ ᠬᠡᠨ ᠪᠤᠢ ?
 ᠠᠨᠠᠪᠠᠳ ᠶᠡᠬᠡ ᠠᠴᠢᠯᠠᠯ ᠲᠠᠢ
 ᠠᠷᠢᠭᠤᠨ ᠦᠵᠡᠰᠬᠦᠯᠡᠩᠲᠦ ᠡᠵᠢ  ᠪᠡᠨ ᠪᠢᠲᠡ ᠂
 ᠠᠭᠤᠲᠠᠮ ᠡᠨᠡ ᠳᠡᠯᠡᠬᠡᠢ ᠡᠴᠡ
 ᠠᠯᠲᠠᠪᠠᠯ ᠡᠷᠢᠵᠦ ᠣᠯᠲᠠᠭ ᠦᠭᠡᠢ ᠶᠤᠮ ᠃
 ᠠᠭᠠᠰᠢ ᠡᠷᠬᠡ ᠪᠡᠨ ᠡᠷᠲᠡᠮᠰᠢᠯᠡᠵᠦ
 ᠠᠴᠢ  ᠬᠠᠷᠢᠭᠤᠯᠠᠪᠠᠯ ᠲᠠᠭᠠᠷᠠᠬᠤ ‍ᠦᠦ ?
 ᠠᠭᠰᠢᠷᠠᠬ᠋᠎ᠠ ᠪᠤᠭᠤᠷᠤᠯ ᠪᠣᠯᠲᠠᠯ᠎ᠠ ᠨᠢ
 ᠠᠰᠠᠷᠠᠵᠤ ᠠᠴᠢᠯᠠᠪᠠᠯ  ᠰᠠᠶ᠋ᠢᠬᠠᠨ ‍ᠦᠦ ?
 ᠡᠳ᠋ ᠥᠩᠭᠡ  ᠳᠦ ᠰᠢᠨᠤᠬᠠᠶ᠋ᠢᠷᠠᠵᠤ
 ᠡᠵᠢ ᠪᠡᠨ ᠮᠠᠷᠲᠠᠪᠠᠯ  ᠰᠠᠶ᠋ᠢᠬᠠᠨ ‍ᠦᠦ ?
 ᠡᠴᠦᠰ ᠨᠠᠰᠤ ᠪᠠᠨ ᠦᠵᠡᠲᠡᠯ᠎ᠡ ᠨᠢ
 ᠡᠷᠭᠦᠵᠦ ᠬᠦᠨᠲᠦᠯᠡᠪᠡᠯ ᠶᠣᠰᠣ ‍ᠦᠦ ?
 ᠠᠮᠤᠭᠤᠯᠠᠩ ᠲᠣᠮᠣᠬ᠋᠎ᠠ ᠲᠠᠢ ᠬᠡᠦᠬᠡᠳ ᠪᠢᠲᠡ
 ᠠᠩᠬᠠᠷᠴᠤ ᠪᠣᠲᠣᠪᠠᠯ ᠵᠣᠬᠢᠰᠲᠠᠢ ᠂
 ᠠᠴᠢ ᠶ᠋ᠢ ᠨᠢ  ᠬᠦᠷᠲᠡᠭᠰᠡᠨ ᠪᠦᠬᠦᠨ  ᠶ᠋ᠢᠡᠷ
 ᠠᠭᠤᠵᠢᠭᠤᠤᠠᠬᠠᠵᠤ ᠦᠵᠡᠪᠡᠯ ᠲᠠᠭᠠᠷᠠᠯᠲᠠᠢ ᠃
 ᠡᠮ᠎ᠡ ᠦᠷ᠎ᠡ ᠲᠡᠢ ᠪᠣᠯᠤᠭᠰᠠᠭᠠᠷ
 ᠡᠮᠸ ᠪᠡᠨ ᠮᠠᠷᠲᠠᠪᠠᠯ  ᠰᠢᠪᠰᠢᠭ᠌  ᠳ᠋ᠡ ᠂
 ᠥᠲᠡᠯᠦᠭᠡ ᠪᠤᠭᠤᠷᠤᠯ ᠪᠣᠯᠬᠤ  ᠳᠦ
 ᠥᠲᠡᠬᠡᠷᠬᠡᠵᠦ ᠠᠲᠠᠯᠠᠪᠠᠯ ᠴᠢᠤᠠᠭᠥᠷ ᠳ᠋ᠡ ᠃
 ᠬᠥᠮᠦᠨ ᠪ ᠲᠤᠶ᠋ᠢᠯ ᠳᠦ  ᠬᠦᠷᠦᠭᠰᠡᠭᠡᠷ
 ᠬᠦᠰᠡᠯ ᠊ᠢ ᠨᠢ ᠠᠯᠲᠠᠪᠠᠯ ᠭᠤᠲᠤᠮᠰᠢᠬ ᠳ᠋ᠠ ᠂
 ᠬᠦᠭᠰᠢᠨ ᠪᠤᠭᠤᠷᠤᠯ ᠪᠣᠯᠬᠤ  ᠳᠦ ᠨᠢ
 ᠬᠦᠢᠲᠡᠨ ᠬᠠᠨᠲᠤᠪᠠᠯ ᠣᠯᠢᠬ ᠦᠭᠡᠢ ᠳ᠋ᠡ ᠃
 ᠮᠥᠩᠬᠡ ᠶ᠋ᠢᠨ ᠷᠠᠰᠢᠶᠠᠨ  ᠣᠯᠲᠠᠭ ᠪᠣᠯ
 ᠮᠥᠮᠥ  ᠳᠦ ᠪᠡᠨ ᠤᠤᠭᠤᠯᠭᠠᠵᠤ ᠪᠣᠯᠬᠤ ᠶᠤᠮ ᠂
 ᠮᠡᠨᠲᠦ ᠠᠮᠤᠷ ᠵᠢᠷᠭᠠᠭᠤᠯᠤᠭᠠᠳ
 ᠰᠡᠤᠠᠬᠢᠯ ᠊ᠢ ᠨᠢ ᠪᠠᠶᠠᠰᠬᠠᠪᠠᠯ ᠵᠦᠢ ᠶᠤᠮ ᠃
 ᠽᠠᠨᠲᠠᠨ ᠠᠭᠠᠷᠤ ᠮᠣᠲᠣᠨ ᠶ᠋ᠢᠠᠷ
 ᠰᠠᠶ᠋ᠢᠬᠠᠨ ᠬᠠᠨ᠎ᠠ ᠪᠠᠨ ᠴᠢᠮᠡᠭᠯᠡᠶ᠎ᠡ ᠂
 ᠰᠠᠮᠠᠭᠠᠨ ᠪᠤᠭᠤᠷᠤᠯ ᠡᠵᠢ ᠶ᠋ᠢ ᠪᠡᠨ
 ᠰᠠᠨᠠᠭᠠᠨ ᠲᠠᠪᠠ ᠪᠠᠷ  ᠨᠢ ᠵᠢᠷᠭᠠᠭᠤᠯᠤᠶ᠎ᠠ ᠃
 ᠤᠯᠤᠰ ᠣᠷᠣᠨ ᠨᠤᠲᠤᠭ ᠊ᠢ ᠪᠡᠨ
 ᠤᠯᠠᠮ ᠠ᠋ᠴᠠ ᠤᠯᠠᠮ  ᠴᠡᠴᠡᠭᠯᠡᠭᠦᠯᠦᠶ᠎ᠡ !
 ᠤᠶᠠᠬᠠᠨ ᠰᠡᠤᠠᠬᠢᠯᠲᠦ ᠡᠵᠢ ᠶ᠋ᠢ ᠪᠡᠨ
 ᠤᠷᠲᠤ ᠨᠠᠰᠤᠯᠠᠭᠤᠯᠤᠨ ᠵᠢᠷᠭᠠᠭᠤᠯᠤᠶ᠎ᠠ !

          ᠠᠯᠲᠠᠨ᠌ᠣ᠋ᠳᠣ᠌᠂ ᠲᠤᠶᠠᠬ᠋᠎ᠠ ᠂ ᠰᠡᠴᠡᠨ ᠨᠠᠶ᠋ᠢᠷᠠᠭᠤᠯᠤᠨ ᠵᠣᠬᠢᠶᠠᠭᠰᠠᠨ《 ᠮᠣᠩᠭᠣᠯᠴᠤᠳ ᠦ᠋ᠨ ᠬᠣᠯᠪᠣᠬ᠋᠎ᠠ 》
               2021 ᠣᠨ ᠪ10 ᠰᠠᠷ᠎ᠠ  ᠳᠦ  ᠬᠢᠭᠰᠡᠨ ᠠᠩᠬᠠᠲᠤᠭᠠᠷ ᠬᠡᠪ ᠠ᠋ᠴᠠ ᠰᠡᠶ᠋ᠢᠷᠡᠭᠦᠯᠪᠡ ᠃

         ᠦᠰᠦᠭ ᠠᠮᠢᠯᠠᠭᠤᠯᠤᠭᠴᠢ ᠄   ᠮᠢᠩᠭᠠᠳ  ᠴᠢᠮᠡᠭ
          ᠬᠢᠨᠠᠭ᠍ᠴᠢ ᠪᠠᠭ᠍ᠰᠢ ᠄   ᠳ᠋ᠦ᠋ᠩ ᠹᠸᠩ