ᠲᠡᠮᠡᠭᠡᠨ ᠦ ᠪᠠᠶᠠᠷТэмээний баяр-2018
ᠤᠪᠰ ᠠᠢᠮᠠᠭ ᠤᠨ ᠵᠠᠪᠬᠠᠨ ᠰᠤᠮᠤ 《ᠲᠡᠮᠡᠭᠡᠨ ᠦ ᠪᠠᠶᠠᠷ-2018》
ᠡᠪᠦᠯ ᠦᠨ ᠠᠶᠠᠯᠠᠯ ᠵᠢᠭᠤᠯᠴᠢᠯᠠᠯ ᠤᠨ ᠨᠢᠭᠡᠨ ᠴᠢᠬᠤᠯᠠ ᠴᠢᠭᠯᠡᠯ ᠪᠣᠯ ᠶᠠᠭᠠᠬᠢᠬᠤ ᠶᠢᠨ ᠠᠷᠭ᠎ᠠ ᠦᠭᠡᠢ 《ᠲᠡᠮᠡᠭᠡᠨ ᠦ ᠪᠠᠶᠠᠷ》 ᠶᠤᠮ᠃ ᠲᠡᠮᠡᠭᠡ ᠤᠨᠠᠬᠤ᠂ ᠲᠡᠮᠡᠭᠡᠨ ᠦ ᠤᠷᠤᠯᠳᠤᠭᠠᠨ ᠦᠵᠡᠬᠦ᠂
ᠣᠷᠣᠭᠰᠠᠨ ᠪᠤᠤᠷ ᠢ ᠬᠠᠷᠠᠬᠤ᠂ 1000 ᠲᠡᠮᠡᠭᠡ ᠨᠢᠭᠡ
ᠳᠣᠣᠷ᠎ᠠ ᠪᠠᠢᠭ᠎ᠠ ᠶᠢ ᠨᠢ ᠦᠵᠡᠬᠦ ᠭᠡᠰᠡᠨ ᠣᠯᠠᠨ ᠬᠦᠮᠦᠰ ᠤᠪᠰ ᠠᠢᠮᠠᠭ ᠤᠨ ᠵᠠᠪᠬᠠᠨ ᠰᠤᠮᠤᠨ ᠳᠤ ᠵᠣᠬᠢᠶᠠᠨ
ᠪᠠᠢᠭᠤᠯᠤᠭᠳᠠᠭᠰᠠᠨ 《ᠲᠡᠮᠡᠭᠡᠨ ᠦ ᠪᠠᠶᠠᠷ-2018》 ᠢ ᠵᠣᠷᠢᠵᠤ ᠪᠠᠢᠯ᠎ᠠ᠃
ᠵᠠᠪᠬᠠᠨ ᠰᠤᠮᠤ ᠲᠡᠳᠦᠢ ᠦᠭᠡᠢ ᠠᠢᠮᠠᠭ ᠤᠨ ᠲᠥᠪ᠂ ᠵᠡᠷᠭᠡᠯᠡᠯᠳᠦᠭᠡᠬᠢ ᠰᠤᠮᠤ ᠣᠷᠣᠨ
ᠨᠤᠲᠤᠭ ᠤᠨ ᠬᠢᠨ ᠬᠠᠮᠲᠤ ᠪᠠᠷ ᠢᠶᠠᠨ ᠢᠷᠡᠵᠦ ᠣᠷᠣᠯᠴᠠᠭᠰᠠᠨ᠂ ᠭᠠᠳᠠᠭᠠᠳᠤ ᠶᠢᠨ ᠵᠣᠴᠢᠳ ᠭᠡᠢᠴᠢᠳ ᠤᠨ
ᠰᠣᠨᠢᠷᠬᠠᠯ ᠢ ᠲᠠᠲᠠᠭᠰᠠᠨ ᠥᠷᠭᠡᠨ ᠳᠡᠯᠭᠡᠷ ᠨᠠᠭᠠᠳᠤᠮ ᠪᠣᠯᠤᠯ᠎ᠠ᠃
ᠨᠠᠭᠠᠳᠤᠮ ᠤᠨ ᠦᠶ᠎ᠡ ᠪᠡᠷ ᠲᠡᠮᠡᠭᠡ ᠣᠷᠣᠯᠴᠠᠭᠰᠠᠨ ᠣᠯᠠᠨ ᠬᠥᠭᠵᠢᠶᠡᠨᠲᠦ
ᠲᠡᠮᠡᠴᠡᠭᠡᠨ ᠵᠣᠬᠢᠶᠠᠭᠳᠠᠵᠤ ᠬᠦᠷᠦᠯᠴᠡᠨ ᠢᠷᠡᠭᠰᠡᠨ ᠵᠣᠴᠢᠳ ᠭᠡᠢᠴᠢᠳ ᠢ ᠵᠡᠭᠡᠭᠰᠡᠨ ᠰᠠᠢᠬᠠᠨ
ᠬᠥᠭᠵᠢᠭᠡᠭᠰᠡᠨ᠃ 《ᠪᠤᠢᠯᠠ ᠵᠣᠷᠬᠤ》᠂ 《ᠪᠤᠷᠠᠨᠲᠠᠭ ᠲᠣᠮᠣᠬᠤ》᠂ ᠲᠡᠮᠡᠭᠡᠨ ᠦ
ᠰᠡᠳᠦᠪ ᠲᠡᠢ ᠭᠠᠷ ᠵᠢᠷᠤᠭ ᠤᠨ ᠤᠷᠤᠯᠳᠤᠭᠠᠨ᠂ 《ᠭᠠᠩᠭᠠᠨ ᠲᠡᠮᠡᠭᠡ ᠲᠡᠢ
ᠬᠣᠣᠰ》᠂ 《ᠰᠢᠯᠢᠮᠡᠯ ᠢᠩᠭᠡ》᠂ 《ᠰᠢᠯᠢᠮᠡᠯ ᠪᠤᠤᠷ》 ᠵᠡᠷᠭᠡ ᠲᠡᠮᠡᠴᠡᠭᠡᠨ ᠨᠦᠭᠦᠳ ᠰᠣᠳᠣᠨ ᠪᠠᠢᠭᠰᠠᠨ ᠴᠤ᠂ ᠬᠤᠷᠳᠤ
ᠰᠢᠨᠳᠠᠰᠤ ᠶᠢ ᠰᠣᠷᠢᠭᠰᠠᠨ ᠲᠡᠮᠡᠭᠡᠨ ᠤᠷᠤᠯᠳᠤᠭᠠᠨ ᠣᠨᠴᠠᠭᠠᠢ ᠪᠠᠢᠭᠰᠠᠨ᠃ ᠡᠨᠡ ᠵᠢᠯ ᠦᠨ ᠤᠷᠤᠯᠳᠤᠭᠠᠨ ᠳᠤ 70 ᠲᠡᠮᠡᠭᠡ ᠬᠤᠷᠳᠤ᠂ ᠬᠦᠴᠦ ᠪᠡᠨ
ᠦᠵᠡᠭᠰᠡᠨ ᠰᠠᠢᠬᠠᠨ ᠨᠠᠭᠠᠳᠤᠮ ᠪᠠᠢᠯ᠎ᠠ᠃ ᠡᠨᠡ ᠵᠢᠯ ᠦᠨ ᠬᠢ ᠵᠣᠬᠢᠶᠠᠨ ᠪᠠᠢᠭᠤᠯᠤᠯᠲᠠ ᠰᠠᠢᠲᠠᠢ᠂ ᠥᠷᠭᠡᠨ
ᠳᠡᠯᠭᠡᠷ ᠪᠠᠶᠠᠷ ᠪᠣᠯᠤᠯ᠎ᠠ᠃
