ᠳᠠᠭᠠᠭᠠᠴᠠ даац ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠠᠭᠠᠴᠠ даац

ᠳᠠᠭᠠᠭᠠᠴᠠ даац

2023-03-01

368

ᠳᠠᠭᠠᠭᠠᠴᠠ



 ᠠ ᠄ ᠴᠢ ᠬᠡᠯᠡᠪᠡᠯ ᠬᠠᠮᠤᠭ ᠦ᠋ᠨ ᠶᠡᠬᠡ ᠳᠠᠭᠠᠭᠠᠴᠠ ᠲᠠᠢ ᠶᠠᠭᠤᠮ᠎ᠠ ᠶᠠᠭᠤ ᠪᠤᠢ ?
 ᠡ ᠄ ᠭᠠᠵᠠᠷ
 ᠠ ᠄ ᠭᠠᠵᠠᠷ ᠶᠠᠭᠤ ᠶ᠋ᠢ ᠳᠠᠭᠠᠭᠠᠨ᠎ᠠ ᠪᠤᠢ ?
 ᠡ ᠄  ᠭᠠᠵᠠᠷ ᠨᠢ ᠤᠰᠤ  ᠪᠠᠨ ᠳᠠᠭᠠᠭᠠᠨ᠎ᠠ
 ᠠ ᠄ ᠤᠰᠤ ᠨᠢ ᠶᠠᠭᠤ ᠪᠠᠨ ᠳᠠᠭᠠᠭᠠᠨ᠎ᠠ ᠪᠤᠢ ?
 ᠡ ᠄ ᠤᠰᠤ ᠨᠢ ᠮᠥᠰᠥ ᠪᠡᠨ ᠳᠠᠭᠠᠭᠠᠨ᠎ᠠ
 ᠠ ᠄ ᠮᠥᠰᠥ ᠨᠢ ᠶᠠᠭᠤ ᠪᠠᠨ ᠳᠠᠭᠠᠭᠠᠨ᠎ᠠ ᠪᠤᠢ ?
 ᠡ ᠄ ᠮᠥᠰᠥ ᠨᠢ ᠮᠣᠷᠢ ᠪᠠᠨ ᠳᠠᠭᠠᠭᠠᠨ᠎ᠠ
 ᠠ ᠄ ᠮᠣᠷᠢ ᠨᠢ ᠶᠠᠭᠤ ᠪᠠᠨ ᠳᠠᠭᠠᠭᠠᠨ᠎ᠠ ᠪᠤᠢ ?
 ᠡ ᠄ ᠮᠣᠷᠢ ᠨᠢ ᠡᠮᠡᠭᠡᠯ ᠶ᠋ᠢᠡᠨ ᠳᠠᠭᠠᠭᠠᠨ᠎ᠠ
 ᠠ ᠄ ᠡᠮᠡᠭᠡᠯ ᠨᠢ ᠶᠠᠭᠤ ᠪᠠᠨ ᠳᠠᠭᠠᠭᠠᠨ᠎ᠠ ᠪᠤᠢ ?
 ᠡ ᠄ ᠡᠮᠡᠭᠡᠯ ᠨᠢ ᠬᠥᠮᠦᠨ ᠶ᠋ᠢᠡᠨ ᠳᠠᠭᠠᠭᠠᠨ᠎ᠠ
 ᠠ ᠄ ᠬᠥᠮᠦᠨ ᠨᠢ ᠶᠠᠭᠤ ᠪᠠᠨ ᠳᠠᠭᠠᠭᠠᠨ᠎ᠠ ᠪᠤᠢ ?
 ᠡ ᠄ ᠬᠥᠮᠦᠨ ᠨᠢ ᠬᠦᠵᠦᠭᠦᠦ ᠪᠡᠨ ᠳᠠᠭᠠᠭᠠᠨ᠎ᠠ
 ᠠ ᠄ ᠬᠦᠵᠦᠭᠦᠦ  ᠨᠢ ᠶᠠᠭᠤ ᠪᠠᠨ ᠳᠠᠭᠠᠭᠠᠨ᠎ᠠ ᠪᠤᠢ ?
 ᠡ ᠄ ᠬᠦᠵᠦᠭᠦᠦ ᠨᠢ ᠲᠣᠯᠣᠭᠠᠢ ᠪᠠᠨ ᠳᠠᠭᠠᠭᠠᠨ᠎ᠠ
 ᠠ ᠄ ᠲᠣᠯᠣᠭᠠᠢ ᠨᠢ ᠶᠠᠭᠤ ᠪᠠᠨ ᠳᠠᠭᠠᠭᠠᠨ᠎ᠠ ᠪᠤᠢ ?
 ᠡ ᠄ ᠪᠥᠨᠲᠥᠭᠡᠷ ᠲᠣᠯᠣᠭᠠᠢ ᠠ᠋ᠴᠠ ᠤᠬᠠᠭᠠᠨ ᠤᠨᠲᠤᠷᠴᠤ ᠪᠥᠬᠥ ᠵᠦᠢᠯᠡᠰ ᠊ᠢ ᠪᠦᠲᠦᠭᠡᠵᠦ ᠳᠡᠶ᠋ᠢᠯᠦᠨ᠎ᠡ
 ᠠ ᠄ ᠵᠠ ᠂ ᠲᠡᠶ᠋ᠢᠮᠦ ᠪᠣᠯᠲᠤᠭᠠᠢ ! ᠦᠭᠡ ᠣᠯᠠᠲᠤᠯ᠎ᠠ ᠂ ᠦᠬᠡᠷ ᠬᠣᠯᠠᠲᠤᠯ᠎ᠠ
 ᠡ ᠄ ᠣᠲᠣ ᠶᠠᠪᠤᠵᠤ ᠤᠨᠠᠬ᠋᠎ᠠ ᠪᠠᠨ ᠤᠷᠭᠠᠯᠠᠶ᠎ᠠ ᠂ ᠳᠠᠬ᠋᠎ᠠ ᠪᠠᠨ ᠳᠡᠯᠯᠡᠶ᠎ᠡ


            ᠦᠰᠦᠭ ᠠᠮᠢᠯᠠᠭᠤᠯᠤᠭᠴᠢ ᠄  ᠮᠢᠩᠭᠠᠳ ᠂  ᠴᠢᠮᠡᠭ
                 ᠬᠢᠨᠠᠭᠴᠢ ᠄  ᠬᠠᠳᠠᠴᠢ · ᠤᠷᠠᠨ᠎ᠠ