ᠡᠬᠡ ᠬᠡᠯᠡ – ᠯᠠᠮᠠᠵᠠᠪ ᠦ᠋ᠨ ᠮᠢᠬᠮᠠᠷᠰᠦ᠋ᠷᠦᠩ Эх хэл – Ламжавын Мягмарсүрэн
ᠡᠬᠡ ᠬᠡᠯᠡ
ᠯᠠᠮᠠᠵᠠᠪ ᠦ᠋ᠨ ᠮᠢᠬᠮᠠᠷᠰᠦ᠋ᠷᠦᠩ
ᠡᠬᠡ ᠬᠡᠯᠡ ᠪᠡᠷ ᠶ᠋ᠢᠠᠨ ᠶᠠᠷᠢᠬᠤ ᠳᠦ
ᠡᠴᠢᠭᠡ ᠶ᠋ᠢᠨ ᠶ᠋ᠢᠡᠨ ᠡᠪᠦᠷ ᠳᠡᠭᠡᠷ᠎ᠡ ᠰᠠᠭᠤᠬ᠋ᠠ ᠰᠢᠭ᠋ ᠣᠮᠣᠭ ᠲᠡᠭᠦᠯᠲᠡᠷ
ᠡᠬᠡ ᠶ᠋ᠢᠨ ᠶ᠋ᠢᠡᠨ ᠰᠦᠨ ᠊ᠢ ᠠᠮᠲᠠᠯᠠᠵᠤ ᠪᠠᠶ᠋ᠢᠬ᠋᠎ᠠ ᠰᠢᠭ᠋ ᠡᠷᠬᠡ ᠵᠢᠷᠭᠠᠯ ᠲᠠᠢ
ᠡᠬᠡ ᠬᠡᠯᠡᠨ ᠪ ᠪᠡᠨ ᠭᠦᠨ ᠢᠷᠠᠭᠤ ᠂ ᠲᠠᠩᠰᠤᠭ ᠠᠷᠪᠢᠨ ᠊ᠢ
ᠡᠮᠡᠭᠡᠳ ᠦ᠋ᠨ ᠳᠣᠮᠣᠭ ᠡᠴᠡ ᠠᠮᠲᠠᠯᠠᠨ᠎ᠠ
ᠡᠬᠢᠯᠡᠵᠦ ᠬᠦᠯ ᠳᠦ ᠣᠷᠣᠵᠤ ᠪᠠᠶ᠋ᠢᠬ᠋᠎ᠠ ᠬᠡᠦᠬᠡᠳ ᠦ᠋ᠨ
ᠡᠩᠭᠦᠷᠠᠢ ᠢᠯᠲᠠᠮ ᠂ ᠡᠷᠬᠡ ᠵᠦᠭᠡᠯᠡᠨ ᠶᠠᠷᠢᠶᠠᠨ ᠠ᠋ᠴᠠ ᠲᠠᠨᠢᠨ᠎ᠠ
ᠢᠷᠲᠦ ᠰᠡᠯᠡᠮ᠎ᠡ ᠪᠡᠷ ᠪᠦᠲᠦᠭᠡᠭᠰᠡᠨ ᠥᠪ ᠰᠣᠶᠣᠯ ᠭᠡᠵᠦ ᠦᠭᠡᠢ
ᠡᠬᠡ ᠬᠡᠯᠡ ᠪᠡᠷ ᠪᠦᠲᠦᠭᠡᠭᠰᠡᠨ ᠥᠪ ᠰᠣᠶᠣᠯ ᠭᠡᠵᠦ ᠪᠤᠢ
ᠢᠷᠲᠦ ᠰᠡᠯᠡᠮ᠎ᠡ ᠪᠠᠷᠢᠵᠤ ᠲᠣᠯᠤᠭᠠᠨ ᠳᠦ ᠪᠠᠭᠠᠲᠤᠷ ᠪᠣᠯᠲᠠᠭ ᠰᠢᠭ᠋
ᠡᠬᠡ ᠬᠡᠯᠡ ᠪᠡᠷ ᠶ᠋ᠢᠡᠨ ᠪᠠᠭᠠᠲᠤᠷᠯᠠᠵᠤ ᠮᠥᠩᠬᠡᠷᠡᠭᠰᠡᠨ ᠬᠥᠮᠦᠨ ᠪᠤᠢ
ᠡᠬᠡ ᠬᠡᠯᠡ ᠪᠡᠷ ᠶ᠋ᠢᠡᠨ ᠪᠠᠭᠠᠲᠤᠷᠯᠠᠭᠰᠠᠨ ᠬᠥᠮᠦᠨ
ᠬᠠᠮᠤᠭ ᠦ᠋ᠨ ᠲᠤᠩᠭᠠᠯᠠᠭ
ᠬᠠᠮᠤᠭ ᠦ᠋ᠨ ᠰᠢᠲᠤᠷᠭᠤ
ᠢᠨᠢᠶᠡᠭᠰᠡᠨ ᠳᠠᠶ᠋ᠢᠰᠤᠨ ᠂
ᠡᠯᠲᠡᠪ ᠦ᠋ᠨ ᠪᠠᠴᠢᠲᠠᠨ ᠊ᠢ ᠠᠭᠤᠲᠠᠯᠯᠠᠨ ᠢᠯᠡᠴᠢᠯᠡᠬᠦ ᠳᠦ ᠨᠥᠬᠥᠷ
ᠨᠣᠮ ᠶ᠋ᠢᠠᠨ ᠪᠢᠴᠢᠭᠡᠳ ᠨᠡᠷ᠎ᠡ ᠪᠡᠨ ᠮᠠᠷᠲᠠᠭᠰᠠᠨ
ᠢᠷᠠᠭᠤ ᠨᠠᠶ᠋ᠢᠷᠠᠭᠴᠢ 《 ᠨᠢᠭᠤᠴᠠ ᠲᠣᠪᠴᠢᠶ᠎ᠠ 》
ᠨᠡᠩ ᠡᠷᠲᠡᠨ ᠪ ᠪᠣᠯᠪᠠᠴᠤ ᠰᠡᠤᠠᠬᠢᠯ ᠳᠦ
ᠠᠮᠢᠲᠤ ᠰᠡᠷᠡᠭᠦᠨ ᠬᠡᠪ ᠶ᠋ᠢᠡᠷ ᠣᠷᠤᠰᠢᠨ᠎ᠠ
《 ᠬᠥᠬᠡ ᠰᠤᠲᠤᠷ 》 ᠂ 《 ᠨᠢᠭᠡᠨ ᠳᠠᠪᠬᠤᠷ ᠠᠰᠠᠷ 》 ᠊ᠢ ᠪᠦᠲᠦᠭᠡᠭᠰᠡᠨ
ᠲᠠᠶ᠋ᠢᠵᠢ ᠢᠨᠵᠠᠨᠨᠠᠰᠢ
ᠬᠥᠮᠦᠨ ᠪᠣᠯᠭᠠᠨ ᠪ ᠠᠮᠤᠷ ᠊ᠢ ᠠᠶ᠋ᠢᠯᠡᠤᠠᠬᠠᠨ
ᠠᠨᠤᠤᠬᠠᠨ ᠶ᠋ᠢᠠᠷ ᠲᠡᠦᠬᠡ ᠬᠦᠦᠷᠨᠢᠨ᠎ᠡ
《 ᠳᠠᠮᠤ ᠳᠠᠮᠤ ᠭᠡᠪᠡᠴᠦ ᠳᠠᠮᠤ ᠬᠠᠮᠢᠬ᠋᠎ᠠ ᠠ᠋ᠴᠠ ᠪᠠᠶ᠋ᠢᠬᠤ ᠪᠤᠢ
ᠲᠠᠮᠲᠤᠭ ᠦᠭᠡᠢ ᠶᠠᠪᠤᠪᠠᠰᠤ ᠲᠠᠮᠤ ᠴᠢᠨᠢ ᠲᠡᠷᠡ ᠪᠤᠢ 》 ᠭᠡᠵᠦ
ᠬᠣᠲᠤᠭᠲᠦ ᠷᠠᠪᠵᠠᠢ ᠣᠲᠣ ᠴᠤ᠌ ᠠᠲᠢᠰᠯᠠᠨᠠ
ᠨᠠᠮᠲᠠᠷ ᠲᠡᠦᠬᠡ ᠡᠴᠡ ᠨᠢ ᠰᠤᠷᠠᠭᠯᠠᠭᠠᠳ ᠂
ᠮᠢᠨᠦ ᠨᠠᠰᠤᠨ ᠠ᠋ᠴᠠ ᠬᠡᠲᠦ ᠠᠬᠠᠲᠠᠬᠤ
ᠨᠣᠮ ᠦ᠋ᠨ ᠮᠡᠷᠭᠡᠳ ᠂ ᠡᠪᠦᠭᠡᠳ ᠳᠡᠭᠡᠳᠦᠰ ᠲᠠ ᠮᠢᠨᠢ
ᠨᠠᠴᠤᠭᠲᠣᠷᠵᠢ ᠂ ᠷᠢᠨᠴᠢᠨ ᠂ ᠢᠪᠡᠤᠬᠤᠯᠠᠨ ᠂ ᠴᠠᠲᠠᠨᠲᠣᠷᠵᠢ
ᠨᠡᠷᠡᠯᠡᠭᠡᠳ ᠬᠡᠵᠢᠶ᠎ᠡ ᠴᠦ᠍ ᠪᠠᠷᠠᠰᠢ ᠦᠭᠡᠢ
ᠮᠢᠨᠦ ᠮᠣᠩᠭᠣᠯ ᠬᠡᠯᠡ !
ᠡᠨᠡ ᠶᠢᠷᠲᠢᠨᠴᠦ ᠶ᠋ᠢᠨ ᠬᠠᠮᠢᠬ᠋᠎ᠠ ᠴᠦ᠍ ᠶᠠᠪᠤᠭᠰᠠᠨ ᠂
ᠬᠡᠨ ᠲᠠᠢ ᠴᠦ᠍ ᠠᠭᠤᠯᠵᠠᠭᠰᠠᠨ
ᠡᠬᠡ ᠬᠡᠯᠡ ᠮᠢᠨᠢ ᠮᠢᠨᠦ ᠪᠠᠬᠠᠷᠬᠠᠯ !
ᠦᠰᠦᠭ ᠠᠮᠢᠯᠠᠭᠤᠯᠤᠭᠴᠢ ᠄ ᠴᠸᠨ ᠬᠤᠪᠢᠰᠬᠠᠯ
