ᠥᠯᠦᠭᠡᠢ ᠶ᠋ᠢᠨ ᠢᠷᠦᠭᠡᠯ Өлгийн ерөөл
ᠥᠯᠦᠭᠡᠢ ᠶ᠋ᠢᠨ ᠢᠷᠦᠭᠡᠯ
ᠵᠠ
ᠪᠥᠷᠲᠡ ᠴᠢᠨᠣ᠎ᠠ ᠬᠠᠨ ᠤ
ᠪᠥᠲᠥᠭᠡᠵᠦ ᠵᠣᠬᠢᠶᠠᠭᠰᠠᠨ ᠳᠣᠮᠣᠭ ᠲᠠᠢ
ᠪᠣᠯᠪᠠᠷᠠᠢ ᠦᠷ᠎ᠡ ᠪᠡᠨ ᠪᠦᠪᠡᠶ᠋ᠢᠯᠡᠭᠴᠢ
ᠪᠤᠶᠠᠨᠲᠤ ᠥᠯᠥᠭᠡᠢ ᠪᠡᠨ ᠮᠢᠯᠢᠶᠠᠨ ᠢᠷᠦᠭᠡᠮᠦ ᠃
ᠦᠮᠦ ᠽᠠᠨᠳᠠᠨ ᠠᠷᠠᠯ ᠲᠠᠢ
ᠦᠷᠢᠯ ᠮᠤᠳᠤᠨ ᠢᠯᠠᠣ ᠲᠠᠢ
ᠬᠤᠰᠤᠨ ᠮᠦᠴᠢᠷ ᠦᠨ ᠬᠠᠷᠠᠭ᠎ᠠ ᠲᠠᠢ
ᠬᠠᠶ᠋ᠢᠯᠠᠰᠤᠨ ᠮᠣᠳᠣᠨ ᠬᠦᠷᠳᠦ ᠲᠡᠢ
ᠠᠯᠠᠭ ᠦᠷ᠎ᠡ ᠪᠡᠨ ᠠᠷᠭᠠᠳᠠᠬᠤ
ᠠᠯᠲᠠᠨ ᠥᠯᠥᠭᠡᠢ ᠪᠡᠨ ᠮᠢᠯᠢᠶᠠᠨ ᠢᠷᠦᠭᠡᠮᠦ ᠃
ᠲᠦᠬᠦᠷᠢᠭ ᠰᠠᠷᠠᠨ ᠤ ᠬᠡᠯᠪᠡᠷᠢ ᠲᠡᠢ
ᠲᠣᠬᠢᠯᠢᠬ ᠰᠠᠶ᠋ᠢᠬᠠᠨ ᠬᠠᠷᠠᠭ᠎ᠠ ᠲᠠᠢ
ᠦᠷ᠎ᠡ ᠶ᠋ᠢᠨ ᠪᠤᠳᠠᠭ᠎ᠠ ᠠᠭᠤᠯᠤᠭᠰᠠᠨ
ᠡᠪᠯᠢᠭ ᠰᠠᠶ᠋ᠢᠬᠠᠨ ᠳᠡᠷᠡ ᠲᠡᠢ
ᠬᠦᠬᠡ ᠡᠷᠢᠶᠡᠨ ᠲᠣᠷᠭ᠎ᠠ ᠪᠠᠷ ᠬᠢᠭᠰᠡᠨ
ᠬᠠᠯᠠᠭᠤᠨ ᠳᠤᠯᠠᠭᠠᠨ ᠬᠤᠴᠢᠯᠭ᠎ᠠ ᠲᠠᠢ
ᠠᠯᠲᠠᠨ ᠴᠠᠭᠠᠨ ᠬᠣᠮᠠᠭ ᠦᠨ
ᠠᠬᠣ ᠵᠥᠬᠡᠯᠡᠨ ᠳᠡᠪᠢᠰᠭᠡᠷ ᠲᠡᠢ
ᠰᠠᠯᠠᠭ᠎ᠠ ᠭᠣᠣᠯ ᠤᠨ ᠳᠦᠷᠰᠦᠯᠡᠪᠦᠷᠢ
ᠰᠤᠷ ᠤᠨ ᠰᠠᠶ᠋ᠢᠬᠠᠨ ᠬᠥᠪᠴᠢ ᠲᠡᠢ
ᠠᠶᠤᠬᠤ ᠰᠣᠴᠢᠬᠤ ᠶ᠋ᠢ ᠵᠠᠶ᠋ᠢᠯᠠᠭᠤᠯᠳᠠᠭ
ᠠᠪᠤᠷᠠᠯ ᠲᠡᠭᠷᠢ ᠶ᠋ᠢᠨ ᠰᠤᠮᠤ ᠲᠠᠢ
ᠠᠮᠠᠷᠠᠭ ᠦᠷ᠎ᠡ ᠶ᠋ᠢᠨ ᠢᠶ᠋ᠡᠨ ᠥᠯᠥᠭᠡᠢ ᠶ᠋ᠢ
ᠠᠮᠠᠨ ᠤ ᠪᠡᠯᠭᠡ ᠪᠡᠷ ᠮᠢᠯᠢᠶᠠᠨ ᠢᠷᠦᠭᠡᠮᠦ ᠃
ᠠᠵᠠ ᠵᠢᠷᠭᠠᠯ ᠤᠨ ᠲᠡᠭᠷᠢ ᠢᠪᠡᠭᠡᠳᠦᠬᠡᠢ ᠃
ᠠᠰᠢᠳᠠ ᠶ᠋ᠢᠨ ᠶᠡᠬᠡ ᠪᠡᠯᠭᠡ ᠳᠣᠭᠲᠠᠲᠤᠭᠠᠢ ᠃
ᠦᠰᠦᠭ ᠠᠮᠢᠯᠠᠭᠤᠯᠤᠭᠴᠢ — ᠳ᠋ᠦ᠋ᠩ ᠹᠸᠩ
ᠬᠢᠨᠠᠭᠴᠢ — ᠴᠢᠮᠡᠭ
