ᠭᠡᠷ ᠮᠢᠯᠢᠶᠠᠬᠤ ᠢᠷᠦᠭᠡᠯ Гэр мялаах ерөөл ᠢᠷᠥᠭᠡᠯ ᠮᠠᠭᠲᠠᠭᠠᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠡᠷ ᠮᠢᠯᠢᠶᠠᠬᠤ ᠢᠷᠦᠭᠡᠯ Гэр мялаах ерөөл

ᠭᠡᠷ ᠮᠢᠯᠢᠶᠠᠬᠤ ᠢᠷᠦᠭᠡᠯ Гэр мялаах ерөөл

2023-02-28

501

ᠭᠡᠷ ᠮᠢᠯᠢᠶᠠᠬᠤ ᠢᠷᠦᠭᠡᠯ


 1
 ᠤᠸᠮ  ᠰᠠᠶ᠋ᠢᠨ ᠠᠮᠤᠭᠤᠯᠠᠩ ᠪᠤᠯᠲᠤᠭᠠᠢ
 ᠡᠩᠬᠡ ᠰᠠᠶ᠋ᠢᠨ ᠠᠮᠤᠭᠤᠯᠠᠩ ᠪᠤᠯᠲᠤᠭᠠᠢ
 ᠵᠢᠪᠬᠤᠯᠠᠩᠲᠤ ᠰᠦᠮᠪᠦᠷ ᠠᠭᠤᠯᠠ ᠶ᠋ᠢᠨ ᠲᠦᠷᠪᠡᠨ ᠲᠢᠪ ᠦ᠋ᠨ ᠲᠡᠬᠡᠷ᠎ᠡ
 ᠵᠠᠶᠠᠬ᠋᠎ᠠ ᠪᠤᠶᠠᠨ ᠪᠦᠷᠢᠳᠦᠭᠰᠡᠨ ᠵᠠᠺᠠᠪᠠᠷᠲᠠᠢ ᠬᠠᠭᠠᠨ ᠪ
 ᠵᠢᠭᠠᠵᠤ ᠲᠤᠭᠲᠠᠭᠠᠭᠰᠠᠨ ᠵᠠᠩ ᠵᠢᠷᠦᠮ ᠎᠎ ᠎ᠢ᠋  ᠲᠠᠭᠠᠵᠤ
 ᠡᠵᠡᠨ ᠴᠢᠩᠭᠢᠰ ᠦ᠋ᠨ ᠵᠤᠬᠢᠶᠠᠭᠰᠠᠨ
 ᠡᠨᠡ ᠰᠠᠶ᠋ᠢᠨ ᠦᠯᠵᠡᠶ᠋ᠢᠲᠦ ᠡᠲᠦᠷ᠎ᠡ
 ᠬᠦᠭᠡ ᠮᠦᠩᠭᠦᠨ ᠤᠭᠲᠠᠷᠭᠤᠢ ᠵᠢᠨ ᠡᠪᠴᠢᠭᠦᠨ ᠲᠤᠤᠷ᠎ᠡ
 ᠬᠦᠷᠦᠰᠦᠲᠦ ᠠᠯᠲᠠᠨ ᠲᠡᠯᠡᠬᠡᠢ ᠵᠢᠨ ᠦᠷᠦᠴᠡᠨ ᠲᠡᠭᠡᠷ᠎ᠡ
 ᠬᠦᠷᠬᠢᠷᠡᠨ ᠤᠷᠤᠰᠬᠤ ᠮᠦᠷᠡᠨ ᠪ ᠲᠡᠨᠵᠢ ᠲᠡᠭᠡᠷ᠎ᠡ
 ᠬᠦᠪᠴᠢᠨ ᠨᠤᠭᠤᠭᠠᠨ ᠤᠢ ᠵᠢᠨ ᠲᠦᠪ ᠲᠤᠮᠲᠠ
 ᠠᠪᠤ ᠲᠡᠬᠡᠲᠦ ᠵᠢᠨ ᠦᠶ᠎ᠡ ᠡᠴᠡ ᠨᠤᠲᠤᠭᠯᠠᠭᠰᠠᠭᠠᠷ ᠢᠷᠡᠭᠰᠡᠨ
 ᠠᠮᠤᠷᠯᠠᠩᠭᠤᠢ ᠰᠠᠶ᠋ᠢᠬᠠᠨ ᠡᠨᠡ ᠨᠤᠲᠤᠭ ᠲᠤ
 ᠦᠷᠭᠡᠨ ᠴᠠᠭᠠᠨ ᠪᠠᠭᠤᠴᠠᠨ ᠲᠡᠭᠡᠷ᠎ᠡ
 ᠦᠨᠲᠦᠷ ᠴᠠᠭᠠᠨ ᠭᠡᠷ ᠎ ᠊ᠢ ᠪᠠᠶ᠋ᠢᠭᠤᠯᠵᠤ
 ᠠᠮᠲᠠᠲᠤ ᠰᠠᠷᠬᠤᠳ ᠊ᠢ ᠰᠦᠩᠨᠡᠵᠦ
 ᠠᠯᠠᠭ ᠢᠲᠡᠬᠡ ᠵᠢ ᠲᠠᠪᠠᠭᠯᠠᠵᠤ
 ᠠᠶᠠᠯᠭᠤ  ᠬᠦᠭ ᠊ᠢ ᠨᠡᠶ᠋ᠢᠯᠡᠭᠦᠯᠵᠦ
 ᠠᠷᠢᠭᠤᠨ ᠴᠠᠭᠠᠨ ᠬᠬᠢᠪ ᠊ᠢ
 ᠠᠰᠠᠷᠠᠯ ᠦ᠋ᠨ ᠦᠨᠲᠦᠷ ᠲᠤᠭᠤᠨᠤᠨ  ᠳᠦ
 ᠠᠰᠢᠲᠠ ᠶ᠋ᠢᠨ ᠴᠢᠮᠡᠭ ᠪᠤᠯᠭᠠᠨ ᠵᠡᠭᠦᠯᠭᠡᠰᠦᠭᠡᠢ ᠃
 ᠶᠠᠷᠭᠠᠢ ᠽᠠᠨᠲᠠᠨ ᠴᠠᠭᠠᠷᠢᠬ ᠲᠠᠢ
 ᠶᠠᠰᠢᠯ ᠽᠠᠨᠲᠠᠨ ᠲᠠᠭ᠎ᠡ ᠲᠠᠢ
 ᠬᠦᠷᠡᠩ ᠽᠠᠨᠲᠠᠨ  ᠬᠦᠷᠢᠶ᠎ᠡ ᠲᠠᠢ
 ᠬᠦᠲᠡᠷ ᠽᠠᠨᠲᠠᠨ ᠨᠢᠷᠤᠭᠤ ᠲᠠᠢ
 ᠠᠯᠲᠠᠨ ᠬᠤᠷᠯᠤ᠎ᠡ ᠭᠤᠤᠯ ᠲᠠᠢ
 ᠠᠷᠪᠠᠨ ᠡᠷᠲᠡᠨᠢ ᠶ᠋ᠢᠨ ᠰᠡᠶ᠋ᠢᠯᠪᠦᠷᠢ ᠲᠠᠢ
 ᠽᠠᠨᠲᠠᠨ ᠮᠣᠲᠣ ᠶ᠋ᠢ ᠵᠠᠭᠠᠵᠤ ᠬᠢᠭᠰᠡᠨ
 ᠵᠠᠭᠠᠨ ᠪ ᠵᠣ᠋ ᠪᠡᠷ ᠦᠲᠡᠵᠦ ᠬᠢᠭᠰᠡᠨ
 ᠰᠡᠩᠲᠡᠩ ᠮᠤᠲᠤ ᠵᠢ ᠰᠡᠶ᠋ᠢᠯᠵᠦ 
 ᠰᠠᠷᠯᠤᠭ ᠦ᠋ᠨ ᠵᠣ᠋ ᠪᠡᠷ ᠦᠲᠡᠵᠦ ᠬᠢᠭᠰᠡᠨ
 ᠵᠢᠷᠠᠨ ᠲᠦᠷᠪᠡᠨ ᠬᠤᠷᠤᠭᠤ ᠲᠠᠢ
 ᠵᠢᠷᠭᠤᠭᠠᠨ ᠰᠠᠯᠠᠬ᠋᠎ᠠ ᠬᠡᠴᠡ ᠲᠠᠢ
 ᠨᠠᠷᠠᠨ ᠰᠠᠷᠠᠨ ᠪ ᠬᠡᠷᠡᠯ ᠰᠠᠴᠤᠷᠠᠭᠰᠠᠨ
 ᠨᠠᠢ᠍ᠮᠠᠨ ᠦᠯᠵᠡᠢ ᠶ᠋ᠢᠨ ᠰᠢᠨᠵᠢ ᠪᠦᠷᠢᠳᠦᠭᠰᠡᠨ
 ᠡᠷᠬᠢᠮ ᠬᠤᠶᠠᠷ ᠵᠢᠭᠠᠰᠤ
 ᠡᠯᠢᠭᠡ ᠪᠡᠷ ᠶ᠋ᠢᠡᠨ  ᠨᠡᠢᠯᠡᠭᠰᠡᠨ
 ᠱ᠌ᠢᠷᠦᠨ ᠤᠯᠠᠭᠠᠨ  ᠦᠩᠭᠡᠲᠡᠢ
 ᠰᠢᠬᠦᠷ ᠡᠷᠲᠡᠨᠢ ᠶ᠋ᠢᠨ ᠲᠤᠭᠤᠨᠤ ᠶ᠋ᠢ ᠴᠢᠨᠢ ᠮᠢᠯᠢᠶᠠᠶ᠎ᠠ !

 ᠡᠷᠲᠡᠨᠢ ᠶ᠋ᠢᠨ ᠴᠠᠭᠠᠨ ᠬᠦᠯᠦᠭ ᠦ᠋ᠨ ᠲᠡᠯ ᠶ᠋ᠢᠡᠷ ᠲᠠᠮᠤᠵᠤ ᠬᠢᠭᠰᠡᠨ
 ᠡᠬᠡᠴᠢ ᠲᠡᠬᠦᠦ ᠨᠠᠷ ᠦ᠋ᠨ ᠭᠠᠷ ᠦ᠋ᠨ ᠲᠠᠮᠢᠷ ᠶ᠋ᠢᠠᠷ ᠨᠡᠶ᠋ᠢᠤᠠᠭᠡᠵᠦ ᠪᠦᠲᠦᠭᠡᠭᠰᠡᠨ
 ᠠᠯᠲᠠᠨ ᠵᠤᠭᠤᠰ ᠠᠷᠢᠭᠤᠨ ᠬᠬᠢᠪ ᠦ᠋ᠨ ᠴᠢᠮᠡᠭ ᠲᠡᠢ
 ᠠᠯᠢᠪᠠ ᠬᠡᠰᠢᠭ ᠪᠤᠶᠠᠨ ᠬᠤᠷᠠᠭᠰᠠᠨ ᠴᠢᠨᠲᠠᠬ᠋᠎ᠠ ᠶ᠋ᠢ ᠴᠢᠨᠢ ᠮᠢᠯᠢᠶᠠᠶ᠎ᠠ !

 ᠰᠦᠮᠪᠦᠷ ᠠᠭᠤᠯᠠ ᠶ᠋ᠢᠨ ᠰᠡᠭᠦᠲᠡᠷ ᠲᠦ
 ᠰᠦᠯᠵᠢᠨ ᠭᠠᠩᠬᠤᠵᠤ ᠤᠷᠭᠤᠭᠰᠠᠨ
 ᠨᠠᠪᠴᠢᠲᠤ ᠽᠠᠨᠲᠠᠨ ᠮᠣᠲᠣ ᠶ᠋ᠢ ᠪᠠᠭᠤᠯᠭᠠᠵᠤ
 ᠨᠠᠮ ᠭᠠᠵᠠᠷ ᠠᠪᠴᠢᠷᠠᠵᠤ
 ᠨᠠᠮᠠᠬ᠋᠎ᠠ ᠰᠠᠯᠠᠬ᠋᠎ᠠ ᠶ᠋ᠢ ᠨᠢ ᠠᠷᠢᠯᠭᠠᠵᠤ
 ᠨᠠᠷᠢᠨ ᠪᠦᠲᠦᠭᠦᠨ ᠊ᠢ ᠨᠢ ᠲᠡᠩᠴᠡᠭᠦᠯᠵᠦ
 ᠰᠤᠮᠤ ᠰᠢᠭ᠋ ᠱᠤᠯᠤᠵᠤ  ᠬᠢᠭᠰᠡᠨ
 ᠰᠦᠮᠪᠦ ᠰᠢᠭ᠌ ᠵᠦᠯᠭᠦᠵᠦ ᠬᠢᠭᠰᠡᠨ
 ᠨᠠᠢ᠍ᠮᠠᠨ ᠯᠢᠩᠬᠤ᠎ᠠ ᠶ᠋ᠢᠨ ᠰᠢᠨᠵᠢ  ᠪᠦᠷᠢᠲᠦᠭᠰᠡᠨ
 ᠨᠠᠷᠢᠨ ᠰᠠᠶ᠋ᠢᠬᠠᠨ ᠤᠨᠢ ᠶ᠋ᠢ ᠴᠢᠨᠢ ᠮᠢᠯᠢᠶᠠᠶ᠎ᠠ !

 ᠬᠠᠷᠭᠠᠢ ᠽᠠᠨᠲᠠᠨ ᠊ᠢ ᠬᠠᠭᠠᠯᠤᠨ ᠴᠠᠪᠴᠢᠵᠤ
 ᠬᠠᠨ᠎ᠠ ᠶ᠋ᠢᠨ ᠬᠡᠪ ᠊ᠢ ᠪᠠᠶ᠋ᠢᠭᠤᠯᠵᠤ
 ᠡᠷ᠎ᠡ ᠰᠠᠶ᠋ᠢᠲᠠᠢ ᠬᠦᠮᠦᠨ ᠡᠪᠯᠡᠭᠦᠯᠦᠨ ᠵᠠᠰᠠᠭᠠᠳ
 ᠡᠷᠲᠡᠮ ᠰᠠᠶ᠋ᠢᠲᠠᠢ ᠮᠤᠲᠤᠴᠢᠨ ᠡᠷᠭᠢᠴᠡᠭᠦᠯᠦᠨ ᠬᠢᠭᠡᠳ
 ᠡᠷ᠎ᠡ ᠲᠤᠮᠲᠠ ᠶ᠋ᠢᠨ ᠪᠤᠤᠷ᠎ᠠ ᠰᠢᠷᠢ ᠪᠡᠷ
 ᠰᠢᠭᠦᠰᠦ ᠭᠠᠷᠲᠠᠯ᠎ᠡ ᠲᠠᠲᠠᠵᠤ
 ᠰᠢᠭᠦᠷᠴᠢᠯᠡᠨ ᠡᠷᠭᠢᠭᠦᠯᠦᠭᠡᠳ
 ᠱᠦᠷᠭᠡᠴᠢᠯᠡᠨ ᠦᠲᠡᠵᠦ ᠬᠢᠭᠰᠡᠨ
 ᠦᠯᠵᠡᠢ ᠵᠠᠩᠭᠢᠶ᠎ᠠ ᠬᠡᠯᠪᠡᠷᠢ ᠲᠡᠢ
 ᠠᠷᠪᠠᠨ ᠵᠢᠷᠭᠤᠭᠠᠨ ᠲᠤᠯᠤᠭᠠᠢ ᠲᠠᠢ 
 ᠠᠰᠤᠷᠤ ᠰᠠᠶ᠋ᠢᠬᠠᠨ ᠬᠠᠨ᠎ᠠ ᠶ᠋ᠢ ᠴᠢᠨᠢ ᠮᠢᠯᠢᠶᠠᠶ᠎ᠠ !

 ᠠᠭᠠᠷᠤ ᠽᠠᠨᠲᠠᠨ ᠬᠠᠲᠠᠪᠴᠢ ᠲᠠᠢ
 ᠠᠷᠴᠠᠲᠤ ᠽᠠᠨᠲᠠᠨ ᠬᠠᠭᠠᠯᠬ᠋᠎ᠠ ᠲᠠᠢ
 ᠬᠦᠷᠡᠩ ᠽᠠᠨᠲᠠᠨ ᠬᠦᠷᠢᠶ᠎ᠡ ᠲᠠᠢ
 ᠬᠦᠲᠡᠷ ᠪᠤᠯᠤᠳ ᠤᠨᠢᠰᠤ ᠲᠠᠢ
 ᠬᠦᠮᠦᠨ ᠪᠦᠬᠦᠨ  ᠪ ᠤᠷᠤᠵᠤ ᠭᠠᠷᠲᠠᠭ
 ᠬᠠᠭᠠᠯᠬ᠋᠎ᠠ ᠬᠠᠲᠠᠪᠴᠢ ᠶ᠋ᠢ ᠴᠢᠨᠢ ᠮᠢᠯᠢᠶᠠᠶ᠎ᠠ ! 
 ᠠᠬᠤᠷ ᠦ᠋ᠨ ᠬᠤᠨᠢᠨ ᠪ ᠦᠰᠦ ᠶ᠋ᠢ
 ᠠᠯᠠᠬ᠋᠎ᠠ ᠲᠠᠷᠤᠮ᠎ᠡ ᠵᠤᠵᠠᠭᠠᠯᠠᠵᠤ
 ᠡᠩ ᠦᠭᠡᠢ ᠦᠷᠭᠡᠨ ᠬᠦᠰᠢᠭᠡᠨ ᠲᠡᠭᠡᠷ᠎ᠡ
 ᠡᠪ ᠊ᠢ ᠮᠠᠲᠠᠵᠤ ᠵᠤᠯᠤᠭᠠᠳ
 ᠪᠦᠯᠢᠶᠡᠨ ᠤᠰᠤ ᠪᠠᠷ ᠪᠦᠷᠢᠯᠲᠦᠭᠦᠯᠵᠤ
 ᠪᠦᠭᠦᠲᠡ ᠶ᠋ᠢᠨ ᠭᠠᠷ ᠶ᠋ᠢᠠᠷ ᠰᠢᠷᠢᠯᠲᠦᠭᠦᠯᠵᠦ ᠬᠢᠭᠰᠡᠨ
 ᠡᠪᠲᠡᠷᠡᠯ ᠦᠭᠡᠢ ᠪᠠᠲᠤ
 ᠡᠯᠡᠭᠳᠡᠯ ᠦᠭᠡᠢ ᠪᠡᠬᠢ
 ᠡᠷᠲᠡᠨᠢ ᠶ᠋ᠢᠨ ᠴᠠᠭᠠᠨ ᠢᠰᠡᠭᠡᠢ ᠶ᠋ᠢ
 ᠬᠤᠷᠠᠭᠰᠠᠨ ᠤᠯᠠᠨ ᠠᠪᠠᠭᠠᠢ ᠪᠡᠷᠭᠡᠳ
 ᠬᠤᠷᠤᠭᠤᠨ ᠪ ᠤᠷᠠᠨ ᠊ᠢ ᠭᠠᠷᠭᠠᠨ ᠬᠠᠶ᠋ᠢᠴᠢᠯᠠᠵᠤ
 ᠢᠷᠠᠶ᠋ᠢᠲᠠᠯ᠎ᠡ ᠤᠶᠤᠵᠤ
 ᠶᠠᠭᠰᠢᠲᠠᠯ᠎ᠡ  ᠵᠡᠭᠡᠭᠯᠡᠭᠰᠡᠨ
 ᠬᠤᠨ ᠴᠠᠭᠠᠨ ᠪᠦᠷᠢᠶᠡᠰᠦ ᠵᠢ ᠴᠢᠨᠢ ᠮᠢᠯᠢᠶᠠᠶ᠎ᠠ !
 ᠬᠠᠷ᠎ᠠ ᠮᠤᠷᠢᠨ ᠪ ᠲᠡᠯ ᠰᠡᠭᠦᠯ ᠊ᠢ
 ᠬᠠᠮᠤᠭ ᠤᠯᠠᠨ ᠡᠭᠡᠴᠢ ᠲᠡᠭᠦᠦ ᠨᠠᠷ
 ᠤᠷᠠᠨ ᠰᠡᠮᠡᠴᠢᠵᠦ
 ᠴᠢᠲᠠᠯ  ᠶᠡᠬᠡ ᠲᠠᠢ ᠵᠠᠯᠠᠭᠤ
 ᠴᠢᠩᠬ᠋᠎ᠠ ᠡᠷᠴᠢᠮᠲᠡᠢ ᠲᠠᠮᠤᠵᠤ
 ᠴᠢᠬᠢᠷᠠᠭ ᠪᠡᠶ᠎ᠡ ᠲᠠᠢ ᠬᠡᠦᠬᠡᠨ
 ᠴᠢᠩᠭᠠᠭᠠᠨ ᠲᠠᠲᠠᠵᠤ  ᠡᠭᠰᠢᠭᠦᠯᠦᠭᠰᠡᠨ
 ᠲᠠᠰᠤᠷᠠᠬᠤ ᠵᠢ ᠮᠡᠲᠡᠬᠦ ᠦᠭᠡᠢ ᠪᠦᠬᠡ
 ᠰᠤᠯᠠᠷᠠᠬᠤ ᠵᠢ ᠮᠡᠲᠡᠬᠦ ᠦᠭᠡᠢ ᠴᠢᠩᠬ᠋᠎ᠠ
 ᠪᠠᠲᠤ ᠰᠠᠶ᠋ᠢᠬᠠᠨ ᠤᠭᠤᠰᠤᠷ ᠪᠦᠰᠡᠯᠡᠭᠦᠷ
 ᠪᠠᠤᠠᠮ᠎ᠠ ᠰᠠᠶ᠋ᠢᠬᠠᠨ ᠬᠦᠯᠲᠦᠷᠭᠡ ᠶ᠋ᠢ ᠴᠢᠨᠢ ᠮᠢᠯᠢᠶᠠᠶ᠎ᠠ !

 ᠬᠠᠨ᠎ᠠ ᠡᠴᠡ ᠠᠪᠤᠭᠠᠳ
 ᠬᠠᠯᠢᠭᠤ ᠪᠤᠯᠭᠠᠨ ᠲᠡᠪᠢᠰᠭᠡᠷ ᠲᠠᠢ
 ᠬᠠᠲᠠᠪᠴᠢᠨ ᠡᠴᠡ ᠪᠠᠨ ᠠᠪᠤᠭᠠᠳ
 ᠬᠠᠩᠪᠤ ᠲᠤᠷᠭᠠᠨ ᠬᠦᠰᠢᠭᠡ ᠲᠠᠢ
 ᠡᠨᠡ ᠰᠠᠶ᠋ᠢᠬᠠᠨ ᠬᠡᠷ ᠦ᠋ᠨ
 ᠲᠦᠪ ᠲᠤᠮᠲᠠ  ᠳᠦ
 ᠪᠠᠯᠪᠤ ᠶ᠋ᠢᠨ ᠲᠠᠷᠬᠠᠨ ᠪᠠᠯᠪᠠᠵᠤ  ᠬᠢᠭᠰᠡᠨ
 ᠪᠠᠰᠠ ᠨᠢᠭᠡᠨ ᠲᠠᠷᠬᠠᠨ ᠵᠠᠰᠠᠵᠤ  ᠬᠢᠭᠰᠡᠨ
 ᠤᠷᠠᠨ ᠲᠠᠷᠬᠠᠨ ᠤᠭᠠᠯᠵᠠᠯᠠᠵᠤ ᠬᠢᠭᠰᠡᠨ
 ᠤᠬᠠᠭᠠᠨᠲᠤ ᠲᠠᠷᠬᠠᠨ ᠰᠡᠶ᠋ᠢᠯᠵᠦ  ᠬᠢᠭᠰᠡᠨ
 ᠲᠤᠯᠬ᠋᠎ᠠ ᠶ᠋ᠢ ᠴᠢᠨᠢ ᠮᠢᠯᠢᠶᠠᠶ᠎ᠠ !

 ᠬᠦᠷᠡᠯ ᠰᠢᠷᠡᠮᠦ ᠶ᠋ᠢ ᠬᠠᠶ᠋ᠢᠯᠤᠭᠤᠯᠵᠤ ᠬᠢᠭᠰᠡᠨ
 ᠬᠦᠷᠢᠶ᠎ᠡ ᠭᠠᠵᠠᠷ ᠴᠢᠤᠠᠬᠤᠵᠤ ᠬᠢᠭᠰᠡᠨ
 ᠬᠦᠮᠦᠨ ᠪᠦᠬᠦᠨ ᠪ ᠤᠮᠲᠠ ᠬᠤᠭᠤᠯᠠ ᠶ᠋ᠢ ᠪᠠᠵᠠᠭᠠᠭᠴᠢ
 ᠬᠦᠷᠡᠯ ᠡᠷᠲᠡᠨᠢ ᠶ᠋ᠢᠨ ᠲᠤᠭᠤᠭ᠎ᠡ ᠶ᠋ᠢ ᠴᠢᠨᠢ ᠮᠢᠯᠢᠶᠠᠶ᠎ᠠ !
 ᠬᠤᠶ᠋ᠢᠲᠤ ᠲᠠᠯ᠎ᠠ ᠳ᠋ᠤᠨᠢ ᠪᠠᠶ᠋ᠢᠷᠢᠯᠠᠭᠤᠯᠤᠭᠰᠠᠨ
 ᠪᠠᠷᠠᠬ᠋᠎ᠠ ᠶᠠᠭᠤ ᠵᠢ ᠨᠢ ᠰᠢᠨᠵᠢᠪᠡᠯ
 ᠲᠡᠵᠢ ᠲᠤᠷᠭᠠᠨ ᠨᠢᠭᠤᠷ ᠲᠠᠢ
 ᠬᠠᠩᠪᠤ  ᠬᠤᠷᠭᠤᠢ  ᠬᠦᠪᠡᠭᠡ ᠲᠠᠢ
 ᠲᠠᠪᠤᠨ ᠮᠦᠩᠭᠦᠨ ᠲᠠᠷᠤᠭᠤᠯᠭ᠎ᠡ ᠲᠠᠢ
 ᠲᠠᠩᠰᠤᠭ ᠰᠠᠶ᠋ᠢᠬᠠᠨ ᠲᠡᠷ᠎ᠡ ᠵᠢ ᠴᠢᠨᠢ ᠮᠢᠯᠢᠶᠠᠶ᠎ᠠ !

 ᠬᠠᠷ᠎ᠠ ᠽᠠᠨᠲᠠᠨ ᠮᠦᠭᠦᠦ ᠲᠠᠢ
 ᠬᠠᠶ᠋ᠢᠯᠠᠰᠤᠨ ᠮᠤᠲᠤᠨ ᠢᠯᠠᠦ ᠲᠠᠢ
 ᠨᠠᠷᠠᠰᠤᠨ  ᠨᠠᠢ᠍ᠮᠠᠨ ᠬᠦᠯ ᠲᠠᠢ
 ᠤᠷᠤᠨ ᠰᠢᠷᠡᠭᠡ ᠲᠡᠬᠦᠨ ᠪ ᠲᠡᠭᠡᠷ᠎ᠡ
 ᠠᠷᠤ ᠦᠪᠦᠷ ᠤᠷᠤᠭᠤ ᠨᠢ ᠤᠨᠵᠢᠢᠬᠰᠠᠨ
 ᠠᠯᠲᠠᠨ ᠮᠦᠩᠭᠦᠨ ᠤᠷᠬᠢᠭᠤᠯ ᠲᠠᠢ
 ᠲᠠᠩᠭᠤᠳ ᠴᠠᠩᠮᠠᠨ ᠬᠤᠮ ᠲᠠᠢ

   2

 ᠲᠡᠵᠢ ᠮᠠᠩᠨᠤᠭ ᠦ᠋ᠨ ᠪᠦᠲᠡᠭᠡᠯᠭᠡ ᠲᠠᠢ
 ᠬᠠᠩᠪᠤ ᠲᠤᠷᠭ᠎ᠡ ᠬᠠᠯᠢᠭᠤ  ᠪᠤᠯᠠᠭᠠᠨ ᠬᠤᠪᠴᠠᠰᠤ ᠲᠠᠢ
 ᠬᠠᠮᠲᠤᠷᠠᠭᠤᠯᠤᠨ ᠬᠤᠷᠢᠶᠠᠭᠰᠠᠨ
 ᠤᠷᠤ ᠲᠡᠷ᠎ᠡ  ᠂ ᠤᠷᠤᠨ ᠰᠢᠷᠡᠭᠡ
 ᠬᠠᠷᠠᠬ᠋᠎ᠠ ᠬᠠᠭᠠᠯᠬ᠋᠎ᠠ ᠂ ᠬᠠᠨᠠᠨ ᠬᠦᠰᠢᠭᠡ
 ᠪᠦᠷᠭᠦᠭᠦᠯ ᠤᠷᠤᠲᠠᠯ᠎ᠡ ᠮᠢᠯᠢᠶᠠᠶ᠎ᠠ !

 ᠡᠨᠡ ᠬᠡᠷ ᠦ᠋ᠨ ᠵᠡᠬᠦᠨ ᠬᠤᠶ᠋ᠢᠨ᠎ᠡ ᠬᠤᠷᠢᠶᠠᠭᠰᠠᠨ
 ᠵᠦᠢᠯᠲᠡᠨ ᠊ᠢ ᠰᠢᠨᠵᠢᠪᠡᠯ ᠄
 ᠰᠢᠨ᠎ᠡ ᠪᠠᠩᠵᠠ ᠶ᠋ᠢ ᠵᠦᠰᠦᠵᠦ 
 ᠰᠢᠷ ᠪᠤᠲᠤᠭ ᠶ᠋ᠢᠠᠷ  ᠰᠢᠷᠲᠡᠵᠦ ᠬᠢᠭᠰᠡᠨ
 ᠰᠢᠯ ᠡᠷᠲᠡᠨᠢ ᠶ᠋ᠢᠨ ᠬᠡ ᠲᠠᠢ
 ᠰᠤᠪᠠᠰᠢᠲᠠᠢ ᠶ᠋ᠢᠨ ᠰᠢᠨᠵᠢᠲᠡᠢ
 ᠦᠨᠲᠦᠷ ᠰᠠᠶ᠋ᠢᠨ ᠱᠦᠭᠦᠢ ᠲᠡᠭᠡᠷ᠎ᠡ
 ᠵᠢᠰᠦ ᠦᠵᠡᠬᠦ ᠲᠤᠯᠢ
 ᠵᠡᠭᠦᠪᠴᠢ  ᠬᠠᠪᠢᠲᠠᠬ᠋᠎ᠠ
 ᠵᠦᠯᠬᠦᠬᠦᠷ ᠠᠯᠴᠢᠭᠤᠷ
 ᠱ᠌ᠢᠷᠦ ᠰᠤᠪᠤᠳ
 ᠪᠠᠭᠤᠤ ᠪᠦᠯᠡᠵᠡᠭ
 ᠤᠷᠤᠭᠤᠯ  ᠳᠦ ᠲᠦᠷᠭᠢᠭᠦ ᠤᠯᠠᠭᠠᠨ ᠡᠩᠭᠡᠰᠭᠡ
 ᠬᠦᠮᠦᠰᠭᠡ  ᠳᠦ ᠲᠦᠷᠬᠢᠭᠦ ᠬᠦᠬᠡ ᠡᠩᠬᠡᠰᠭᠡ
 ᠬᠠᠴᠠᠷ ᠲᠤ ᠲᠦᠷᠬᠢᠭᠦ ᠴᠠᠭᠠᠨ ᠤ
 ᠱᠦᠭᠦᠢ ᠲᠤᠲᠤᠷ᠎ᠡ ᠨᠢ
 ᠲᠤᠷᠭ᠎ᠡ ᠴᠢᠰᠴᠠᠤ ᠲᠤᠭᠤᠲᠠᠭ ᠬᠢᠯᠢᠩ
 ᠰᠢᠷᠭᠤᠭᠤᠯ ᠲᠤᠲᠤᠷ᠎ᠡ ᠨᠢ ᠰᠢᠪᠦᠬᠡ ᠰᠢᠪᠡᠭᠦᠷ
 ᠰᠢᠯᠡᠮ᠎ᠡ ᠬᠠᠶ᠋ᠢᠴᠢ
 ᠱᠤᠤᠷ ᠰᠠᠮ
 ᠴᠦᠮ ᠪᠦᠷᠢᠨ ᠲᠡᠭᠦᠨ ᠊ᠢ ᠮᠢᠯᠢᠶᠠᠶ᠎ᠠ !
 ᠦᠩᠭᠡᠲᠦ ᠮᠤᠲᠤ ᠵᠢ ᠨᠦᠬᠡᠯᠡᠵᠦ  ᠬᠢᠭᠰᠡᠨ
 ᠦᠨᠲᠦᠷ ᠮᠤᠲᠤ ᠵᠢ ᠲᠠᠭᠠᠷᠢᠵᠤ  ᠬᠢᠭᠰᠡᠨ
 ᠦᠷᠦᠮ᠎ᠡ ᠵᠦᠬᠡᠬᠡᠢ ᠪᠠᠨ ᠲᠠᠯᠪᠢᠨ᠎ᠠ ᠬᠡᠰᠡᠨ
 ᠦᠨᠲᠦᠷ ᠰᠠᠶ᠋ᠢᠬᠠᠨ  ᠡᠷᠭᠢᠭᠦᠯ ᠊ᠢ ᠴᠢᠨᠢ
 ᠦᠭᠡᠬᠦ ᠲᠤᠰᠤ ᠪᠡᠷ ᠮᠢᠯᠢᠶᠠᠶ᠎ᠠ !

 ᠠᠪᠤ ᠶ᠋ᠢᠨ ᠦᠶ᠎ᠡ ᠡᠴᠡ ᠪᠠᠵᠠᠭᠠᠭᠰᠠᠨ
 ᠠᠷᠢᠭᠤᠨ ᠴᠠᠭᠠᠨ ᠢᠰᠡᠭᠡᠢ
 ᠡᠵᠢ ᠶ᠋ᠢᠨ ᠦᠶ᠎ᠡ ᠡᠴᠡ ᠪᠠᠵᠠᠭᠠᠭᠰᠠᠨ
 ᠡᠷᠢᠶᠡᠨ ᠨᠠᠪᠴᠢᠨ ᠬᠤᠸᠠᠷ ᠲᠠᠢ
 ᠲᠡᠪᠢᠰᠬᠡᠷ ᠲᠤᠭᠤᠷᠢᠭᠤᠯ ᠊ᠢ ᠴᠢᠨᠢ ᠮᠢᠯᠢᠶᠠᠶ᠎ᠠ !

 ᠲᠦᠭᠦᠷᠡᠩ ᠲᠦᠷᠪᠡᠨ ᠤᠭᠠᠯᠵᠠ ᠲᠠᠢ
 ᠲᠦᠮᠡᠨ ᠬᠡ ᠬᠤᠸᠠᠷ ᠲᠠᠢ
 ᠲᠦᠮᠡᠨ ᠤᠯᠤᠰ ᠦ᠋ᠨ ᠤᠷᠤᠵᠤ ᠭᠠᠷᠬᠤ
 ᠲᠦᠷᠦ ᠶᠡᠬᠡ ᠡᠭᠦᠲᠡ ᠶ᠋ᠢ ᠴᠢᠨᠢ ᠮᠢᠯᠢᠶᠠᠶ᠎ᠠ !

 ᠤᠷᠢᠶᠠᠮᠠᠯ ᠦᠩᠭᠡ ᠶ᠋ᠢᠨ ᠬᠤᠸᠠᠷ ᠲᠠᠢ
 ᠤᠶᠤᠮᠠᠯ ᠬᠠᠯᠠ ᠵᠠᠬ᠎ᠠ ᠲᠠᠢ
 ᠤᠯᠠᠨ ᠵᠤᠴᠢᠳ ᠶ᠋ᠢᠠᠨ ᠰᠠᠭᠤᠯᠭᠠᠬᠤ ᠬᠡᠰᠡᠨ
 ᠤᠯᠪᠤᠭ ᠲᠦᠰᠢᠯᠬᠡ ᠶ᠋ᠢ ᠴᠢᠨᠢ ᠮᠢᠯᠢᠶᠠᠶ᠎ᠠ !

 ᠰᠠᠩᠲᠠᠩ ᠮᠤᠲᠤ ᠶ᠋ᠢ ᠰᠡᠶ᠋ᠢᠯᠵᠦ  ᠬᠢᠭᠰᠡᠨ
 ᠰᠡᠪ ᠦᠭᠡᠢ ᠰᠠᠶ᠋ᠢᠬᠠᠨ ᠵᠦᠢᠵᠦ  ᠬᠢᠭᠰᠡᠨ
 ᠰᠢᠷ ᠪᠤᠲᠤᠭ ᠊ᠢ ᠲᠠᠭᠠᠷᠠᠭᠤᠯᠵᠤ  ᠬᠢᠭᠰᠡᠨ
 ᠰᠢᠷᠡᠭᠡ ᠶ᠋ᠢ ᠴᠢᠨᠢ ᠮᠢᠯᠢᠶᠠᠶ᠎ᠠ !

 ᠵᠡᠰ ᠭᠠᠤᠯᠢᠨ ᠰᠢᠨᠠᠭ᠎ᠡ
 ᠵᠢᠵᠦ ᠬᠤᠸᠠᠷ ᠲᠠᠢ ᠲᠠᠪᠤᠷ᠎ᠡ
 ᠠᠶᠠᠭᠠᠨ ᠰᠢᠷᠡᠭᠡ
 ᠠᠯᠴᠢᠭᠤᠷ ᠵᠦᠯᠭᠦᠬᠦᠷ
 ᠲᠤᠯᠭᠠᠨ ᠪ ᠬᠦᠷᠢᠶ᠎ᠡ
 ᠲᠤᠤᠵᠤ ᠱᠦᠬᠦᠷ
 ᠪᠠᠷᠠᠭᠠᠨ ᠪ ᠵᠦᠯᠬᠦᠬᠦᠷ
 ᠪᠠᠭᠪᠤᠷ ᠫᠢᠯᠠ
 ᠤᠨᠵᠢᠨ ᠲᠤᠩᠪᠤ ᠤᠷᠤᠲᠠᠯ᠎ᠡ ᠮᠢᠯᠢᠶᠠᠶ᠎ᠠ !
 ᠵᠠᠭᠤᠨ ᠴᠤᠭᠤᠷᠬᠠᠢ ᠵᠤᠤᠯᠢ
 ᠵᠠᠷᠤᠵᠤ ᠬᠤᠰᠤᠬᠤ ᠬᠤᠰᠤᠭᠤᠷ
 ᠨᠢᠭᠤᠷ ᠦᠵᠡᠬᠦ ᠲᠤᠯᠢ
 ᠨᠡᠭᠦᠷᠡᠰᠦ ᠮᠠᠯᠲᠠᠬᠤ ᠰᠢᠨᠠᠭ᠎ᠡ
 ᠦᠰᠦᠨ ᠪ ᠬᠢᠲᠤᠭ᠎ᠡ
 ᠦᠢᠯᠡ ᠶ᠋ᠢᠨ ᠬᠠᠶ᠋ᠢᠴᠢ
 ᠮᠦᠩᠬᠦᠨ ᠪ ᠴᠠᠪᠴᠢᠭᠤᠷ
 ᠮᠦᠰᠦᠨ ᠪ ᠴᠠᠷᠢᠯ ᠤᠷᠤᠲᠠᠯ᠎ᠡ ᠮᠢᠯᠢᠶᠠᠶ᠎ᠠ !


 ᠨᠠᠭᠠᠬᠤ ᠢᠯᠢᠭᠦᠷ
 ᠨᠠᠭᠠᠯᠲᠠᠨ ᠪ ᠰᠢᠨᠠᠭ᠎ᠡ
 ᠴᠤᠤᠵᠢ ᠲᠦᠯᠬᠢᠭᠦᠷ
 ᠴᠤᠷᠭᠢᠭᠤᠯ ᠴᠤᠭᠤᠯᠲᠤᠷ
 ᠦᠷᠦᠮ ᠬᠠᠤᠷᠠᠢ
 ᠦᠷᠦᠯᠪᠢ ᠬᠠᠪᠴᠢᠭᠤᠷ ᠤᠷᠤᠲᠠᠯ᠎ᠡ ᠮᠢᠯᠢᠶᠠᠶ᠎ᠠ !

 ᠫᠤᠤ ᠰᠠᠭᠠᠲᠠᠭ
 ᠨᠤᠮᠤ ᠬᠠᠴᠢᠯᠠᠩ
 ᠬᠤᠭᠤᠷ ᠶᠠᠲᠤᠭ᠎ᠡ
 ᠰᠢᠲᠠᠷ᠎ᠡ ᠲᠤᠭᠯᠠᠭᠠᠮ  ᠳᠦ ᠬᠦᠷᠲᠡᠯ᠎ᠡ ᠮᠢᠯᠢᠶᠠᠶ᠎ᠠ !
 ᠬᠤᠶ᠋ᠢᠰᠢᠯᠠᠵᠤ ᠤᠴᠢᠭᠠᠳ ᠤᠶᠠᠬ᠋᠎ᠠ ᠱᠤᠰᠢᠭ᠎ᠡ
 ᠬᠤᠤᠠᠲᠤᠭ ᠤᠩᠭᠤᠴᠠ ᠤᠷᠤᠲᠠᠯ᠎ᠡ ᠮᠢᠯᠢᠶᠠᠶ᠎ᠠ !

 ᠡᠨᠡ ᠭᠡᠷ ᠦ᠋ᠨ ᠡᠵᠡᠨ ᠪᠤᠯᠪᠠᠰᠤ
 ᠤᠭᠤᠨᠤᠨ ᠬᠠᠯᠢᠭᠤᠨ ᠪᠤᠬ᠎ᠠ ᠲᠠᠢ
 ᠤᠩᠭᠤᠨ ᠬᠡᠬᠡᠷ ᠠᠵᠢᠷᠬ᠋᠎ᠠ ᠲᠠᠢ
 ᠬᠠᠷ᠎ᠠ ᠬᠠᠯᠵᠠᠨ ᠪᠤᠤᠷ᠎ᠠ ᠲᠠᠢ
 ᠬᠠᠮᠠᠷ ᠬᠠᠯᠵᠠᠨ ᠬᠤᠴᠠ ᠲᠠᠢ
 ᠬᠦᠬᠡ ᠬᠠᠯᠲᠠᠷ ᠤᠬᠤᠨ᠎ᠠ ᠲᠠᠢ
 ᠬᠠᠲᠠᠷᠢᠭᠠᠳ ᠬᠦᠷᠦᠰᠢ ᠦᠭᠡᠢ ᠪᠠᠶ᠋ᠢᠷᠢ ᠲᠠᠢ
 ᠬᠠᠷᠪᠤᠭᠠᠳ ᠬᠦᠷᠦᠰᠢ ᠦᠭᠡᠢ ᠵᠠᠬ᠎ᠠ ᠲᠠᠢ
 ᠲᠡᠨᠵᠢ ᠭᠠᠵᠠᠷ ᠬᠡᠭᠦᠦ ᠪᠠᠨ ᠪᠠᠷᠢᠵᠤ
 ᠲᠡᠭᠰᠢ ᠭᠠᠵᠠᠷ ᠵᠡᠯ᠎ᠡ ᠪᠠᠨ ᠲᠠᠲᠠᠵᠤ
 ᠦᠨᠲᠦᠷ ᠭᠠᠵᠠᠷ ᠦᠷᠦᠭᠡ ᠪᠠᠨ ᠪᠠᠷᠢᠵᠤ
 ᠦᠷᠭᠡᠨ ᠭᠠᠵᠠᠷ ᠵᠡᠯ᠎ᠡ ᠪᠠᠨ ᠲᠠᠲᠠᠵᠤ
 ᠦᠩ ᠭᠠᠵᠠᠷ ᠡᠪᠦᠯᠵᠢᠵᠦ
 ᠦᠨᠲᠦᠷ ᠭᠠᠵᠠᠷ ᠵᠤᠰᠠᠵᠤ
 ᠨᠠᠪᠴᠢᠲᠤ ᠭᠠᠵᠠᠷ ᠨᠠᠮᠤᠷᠵᠢᠵᠤ
 ᠨᠠᠰᠤᠨ ᠪᠤᠶᠠᠨ ᠲᠡᠯᠭᠡᠷᠡᠵᠦ
 ᠪᠤᠮᠠᠨ ᠮᠠᠯ ᠶ᠋ᠢᠠᠨ ᠦᠰᠭᠡᠵᠦ
 ᠪᠤᠶᠠᠨ ᠭᠦᠷᠦᠩᠭᠡ ᠶ᠋ᠢᠨ ᠡᠵᠡᠨ ᠪᠤᠯᠵᠤ
 ᠡᠷᠬᠢᠮ ᠤᠯᠠᠨ ᠲᠡᠬᠦᠦ ᠨᠠᠷ ᠊ᠢ
 ᠡᠷᠭᠢᠨ ᠲᠤᠭᠤᠷᠢᠨ ᠨᠠᠭᠠᠯᠲᠤᠭᠤᠯᠵᠤ
 ᠡᠯᠢᠭᠡ ᠪᠡᠷ ᠶ᠋ᠢᠡᠨ ᠡᠩᠬᠡ
 ᠲᠦᠷᠦᠯ ᠶ᠋ᠢᠡᠷ ᠶ᠋ᠢᠡᠨ ᠲᠦᠪᠰᠢᠨ
 ᠪᠡᠬᠢ ᠪᠡᠯᠭᠡ ᠲᠠᠢ
 ᠪᠦᠭᠡ ᠢᠷᠦᠭᠡᠯ ᠲᠠᠢ
 ᠠᠪᠤ ᠡᠵᠢ  ᠠᠮᠠᠷᠠᠭ ᠰᠠᠲᠤᠨ ᠶ᠋ᠢᠠᠨ ᠠᠰᠠᠷᠠᠨ ᠬᠦᠨᠲᠤᠯᠡᠵᠦ
 ᠠᠬ᠎ᠠ ᠳᠡᠭᠦᠦ ᠲᠦᠮᠡᠨ ᠤᠯᠠᠨ ᠶ᠋ᠢᠠᠨ ᠡᠷᠭᠦᠨ ᠲᠡᠤᠠᠭᠦᠵᠦ
 ᠪᠤᠷᠬᠠᠨ ᠪ ᠪᠠᠨ ᠡᠮᠦᠨ᠎ᠡ
 ᠪᠤᠭᠤᠷᠤᠯ ᠴᠠᠭᠠᠨ ᠡᠪᠦᠭᠡᠨ ᠡᠮᠡᠭᠡᠨ ᠪᠤᠯᠲᠠᠯ᠎ᠡ
 ᠨᠠᠰᠤᠲᠠ ᠴᠡᠩᠭᠡᠭᠦ ᠵᠢᠨ
 ᠰᠠᠶ᠋ᠢᠨ ᠢᠷᠦᠭᠡᠯ ᠲᠡᠪᠰᠢᠭᠦᠯᠦᠶ᠎ᠡ !

          ᠭᠤᠷᠪᠠᠨ ᠵᠢᠯ ᠦ᠋ᠨ ᠲᠡᠭᠡᠲᠦ ᠵᠡᠷᠭᠡ ᠶ᠋ᠢᠨ ᠲᠤᠮᠲᠠᠲᠤ ᠰᠤᠷᠭᠠᠭᠤᠯᠢ  ᠳᠦ ᠦᠵᠡᠬᠦ 
               ( ᠬᠡᠯᠡ  ᠪᠢᠴᠢᠭ )  — ᠬᠤᠶᠠᠲᠤᠭᠠᠷ ᠲᠡᠪᠲᠡᠷ
                   ᠦᠪᠦᠷ ᠮᠤᠩᠭᠤᠯ ᠦ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠤᠷᠢᠶ᠎ᠡ ᠨᠠᠶ᠋ᠢᠷᠠᠭᠤᠯᠤᠨ ᠬᠡᠪᠯᠡᠬᠦᠯᠪᠡ ᠃
                               1991 ᠤᠨ ᠪ11 ᠰᠠᠷ᠎ᠠ  ᠳᠦ ᠠᠩᠬᠠᠲᠤᠭᠠᠷ ᠬᠡᠪ ᠊ᠢ ᠬᠢᠪᠡ ᠃
                     
                       ᠦᠰᠦᠭ  ᠠᠮᠢᠯᠠᠭᠤᠯᠠᠭᠴᠢ ᠄ ᠪᠤᠤ ᠴᠢᠩ ᠬᠤ᠌
                       ᠬᠢᠨᠠᠭᠴᠢ ᠄ ᠮᠥᠴᠢᠷ