ᠲᠣᠮᠣ ᠠᠬ᠎ᠠ – ᠭᠣᠮᠪᠣᠵᠠᠪ ᠤᠨ ᠲᠡᠮᠦᠷ Том ах – Гомбужавын Төмөр ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠲᠣᠮᠣ ᠠᠬ᠎ᠠ – ᠭᠣᠮᠪᠣᠵᠠᠪ ᠤᠨ ᠲᠡᠮᠦᠷ Том ах – Гомбужавын Төмөр

ᠲᠣᠮᠣ ᠠᠬ᠎ᠠ – ᠭᠣᠮᠪᠣᠵᠠᠪ ᠤᠨ ᠲᠡᠮᠦᠷ Том ах – Гомбужавын Төмөр

2023-02-27

457

ᠲᠣᠮᠣ ᠠᠬ᠎ᠠ


                     [ᠮᠤᠩᠭᠤᠯ ] ᠲᠤᠭᠠᠷᠵᠠᠪ ᠤᠨ ᠲᠡᠮᠤᠷ    

      ᠴᠢᠩᠪᠠ  ᠵᠢ ᠠᠩᠭᠢ  ᠶᠢᠨ ᠬᠢᠨ《 ᠲᠤᠮᠤ ᠠᠬ᠎ᠠ》 ᠭᠡᠨ᠎ᠡ᠃  ᠲᠡᠷᠡ ᠪᠠᠷ ᠠᠩᠭᠢ ᠳ᠋ᠠᠭᠠᠨ ᠬᠠᠮᠤᠭ ᠤᠨ ᠲᠣᠮᠣ ᠪᠡᠶ᠎ᠡ ᠲᠡᠢ ᠂ ᠬᠣᠶᠠᠷ ᠨᠠᠰᠤ ᠪᠠᠷ ᠠᠬ᠎ᠠ ᠲᠤᠯᠠ《  ᠲᠣᠮᠣ᠌ ᠠᠬ᠎ᠠ》 ᠭᠡᠭᠦ ᠨᠢ ᠴᠤ᠌ ᠠᠷᠭ᠎ᠠ ᠦᠭᠡᠢ ᠶᠤᠮ᠃  ᠴᠢᠩᠪᠠ  ᠨᠠᠢ᠍ᠮᠠᠳᠤᠭᠠᠷ ᠠᠩᠭᠢ ᠲᠦᠭᠦᠷᠭᠡᠭᠡᠳ ᠪᠦᠷ ᠪᠠᠭ᠎ᠠ ᠡᠴᠡ ᠪᠠᠨ ᠡᠳᠦᠷ ᠤᠨ ᠪᠣᠳᠣᠯ ᠰᠥᠨᠢ ᠶᠢᠨ ᠵᠡᠭᠦᠳᠦ ᠪᠣᠯᠤᠭᠰᠠᠨ ᠭᠦᠮᠦᠨ ᠤ ᠡᠮᠨᠡᠯᠭᠡ ᠶᠢᠨ ᠲᠤᠮᠳᠠᠳᠤ ᠵᠡᠷᠭᠡ ᠶᠢᠨ ᠰᠤᠷᠭᠠᠭᠠᠯᠢ ᠳᠦ ᠣᠷᠣᠵᠠᠢ᠃ ᠴᠢᠩᠭᠢᠭᠡᠳ ᠲᠡᠷᠡ ᠵᠢᠯ ᠤᠨ ᠢᠶᠠᠨ ᠨᠠᠮᠤᠷ ᠴᠢᠩᠪᠠ ᠠᠩᠭᠢ ᠶᠢᠨ ᠬᠢᠨ ᠲᠠᠢ ᠪᠠᠨ ᠠᠵᠤ ᠠᠬᠤᠢ ᠶᠢᠨ ᠨᠣᠭᠣᠭ᠎ᠠ ᠬᠤᠷᠢᠶᠠᠬᠤ ᠠᠵᠢᠯ ᠳᠤ ᠶᠠᠪᠤᠪᠠ᠃  ᠨᠢᠭᠡ ᠥᠷᠯᠥᠭᠡ ᠴᠢᠩᠪᠠ ᠲᠣᠯᠣᠭᠠᠢ ᠪᠠᠨ ᠠᠯᠴᠢᠭᠤᠷ  ᠵᠢᠡᠷ ᠪᠣᠭᠣᠵᠤ᠂《  ᠶᠠᠭᠠᠬᠢᠨ᠎ᠠ ᠡ ᠂ ᠲᠣᠯᠣᠭᠠᠢ ᠡᠪᠡᠳᠤᠭᠡᠳ᠂ ᠠᠶᠠᠭᠦᠢᠷᠡᠭᠡᠳ》 ᠭᠡᠳ ᠨᠦᠭᠦᠳ ᠵᠢᠡᠨ ᠬᠢᠷᠢ ᠳᠤ ᠪᠠᠨ ᠰᠠᠨᠳᠤᠷᠭᠠᠵᠤ ᠲᠦᠷᠭᠡᠨ ᠲᠤᠰᠠᠯᠠᠮᠵᠢ ᠶᠢᠨ ᠡᠮᠴᠢ ᠲᠠᠭᠤᠳᠠᠭᠤᠯᠵᠢ᠃ ᠡᠮᠴᠢ ᠴᠡᠭᠡᠵᠢ ᠵᠢ ᠨᠢ ᠤᠳᠠᠳᠠᠯ᠎ᠠ ᠴᠢᠩᠨᠠᠨ ᠦᠵᠡᠭᠰᠡᠨ ᠵᠢᠡᠨ ᠲᠡᠭᠡᠳᠡᠯ᠎ᠡ ᠪᠠᠨ ᠡᠪᠡᠳᠤᠭᠡᠳᠤᠢ ᠪᠣᠯᠬᠣᠷ ᠨᠢ᠄

  –《ᠭᠦᠦ ᠮᠢᠨᠢ ᠬᠠᠮᠢᠭ᠎ᠠ ᠨᠢ ᠡᠪᠡᠳᠦᠭᠡᠳ ᠪᠠᠢᠯ᠎ᠠ?》 ᠭᠡᠭᠦ ᠳᠦ ᠨᠢ᠂ ᠴᠢᠩᠪᠠ᠄

  –《ᠲᠣᠯᠣᠭᠠᠢ ᠡᠪᠡᠳᠦᠭᠡᠳ᠂ ᠳᠤᠳᠤᠷ ᠠᠶᠠᠭᠦᠢᠳᠡᠭᠡᠳ》 ᠭᠡᠳ  ᠲᠤᠩ  ᠳᠣᠷᠣᠢ ᠳᠠᠭᠤ ᠪᠠᠷ ᠥᠭᠦᠯᠡᠵᠡᠢ᠃

  –《ᠵᠦᠭᠡᠷ᠂ ᠭᠦᠦ ᠮᠢᠨᠢ ᠮᠦᠳᠳᠦᠭᠡᠨ ᠡᠳᠡᠭᠡᠨ᠎ᠡ》 ᠭᠡᠳ ᠡᠮᠴᠢ ᠶᠠᠪᠤᠪᠠ᠃ ᠲᠡᠷᠡ ᠡᠳᠦᠷ ᠠᠩᠬᠢ ᠶᠢᠨ ᠬᠢᠨ ᠨᠣᠭᠣᠭᠠᠨ ᠤ ᠲᠠᠯᠠᠪᠠᠢ ᠤᠷᠤᠭᠤ ᠶᠠᠪᠤᠵᠠᠭᠠᠵᠠᠢ᠃ ᠲᠡᠭᠡᠳᠡᠯ᠎ᠡ ᠬᠡᠦᠬᠡᠳ ᠦᠳ ᠱᠤᠤᠬᠢᠯᠳᠤᠬᠤ ᠳᠦ ᠪᠣᠰᠴᠤ ᠴᠤᠩᠬᠤ ᠪᠠᠷ ᠬᠠᠷᠠᠳᠠᠯ᠎ᠠ ᠪᠡᠶ᠎ᠡ ᠶᠢᠨ ᠲᠠᠮᠢᠷ ᠦᠨ ᠲᠠᠯᠠᠪᠠᠢ ᠳᠦ ᠬᠡᠦᠬᠡᠳ ᠤᠳ ᠰᠠᠭᠰᠤᠨ ᠪᠥᠮᠪᠥᠭᠡ ᠲᠣᠭᠯᠠᠵᠤ ᠪᠠᠢᠪᠠ᠃ ᠴᠢᠩᠪᠠ  ᠳᠡᠳᠡᠨ ᠢ ᠬᠠᠷᠠᠭᠠᠳ ᠳᠡᠰᠦᠭᠰᠡᠨ ᠦᠬᠡᠢ᠂ ᠰᠠᠭᠰᠤᠨ ᠪᠦᠮᠪᠦᠬᠡᠡ᠋ ᠲᠣᠭᠯᠠᠬᠤ ᠳᠠᠭᠠᠨ ᠡᠮᠦᠰᠳᠡᠭ ᠭᠣᠶᠣ ᠵᠢᠷᠤᠭ ᠲᠠᠢ ᠡᠷᠢᠶᠡᠨ ᠴᠠᠮᠴᠠ᠂ ᠴᠠᠭᠠᠨ ᠱᠠᠬᠠᠢ  ᠪᠠᠨ ᠡᠮᠦᠰᠴᠦ ᠬᠠᠷᠠᠢᠯᠭᠠᠵᠤ ᠣᠴᠢᠵᠠᠢ᠃   ᠲᠡᠭᠡᠭᠰᠡᠨ ᠵᠢᠡᠨ ᠲᠣᠭᠯᠠᠭᠠᠮ  ᠳᠦ ᠪᠠᠨ ᠪᠣᠯᠣᠭᠠᠳ ᠦᠳᠡ ᠳᠤ ᠪᠣᠯᠣᠭᠰᠠᠨ ᠢ ᠴᠤ᠌  ᠠᠩᠵᠠᠭᠠᠷᠠᠭᠰᠠᠨ ᠦᠭᠡᠢ᠂ ᠲᠡᠭᠡᠳᠡᠯ᠎ᠡ ᠠᠩᠬᠢ ᠵᠢᠨ ᠬᠢᠨ ᠦᠳᠡ ᠵᠢᠨ ᠤᠮᠳᠠ ᠳᠦ  ᠪᠠᠨ ᠢᠷᠡᠳᠡᠯ᠎ᠡ ᠪᠡᠶ᠎ᠡ ᠵᠢᠨ ᠲᠠᠮᠢᠷ ᠦᠨ ᠲᠠᠯᠠᠪᠠᠢ ᠳᠦ ᠬᠡᠦᠬᠡᠳ ᠦᠳ ᠡᠴᠡ ᠪᠦᠷ ᠥᠨᠳᠥᠷ᠂ ᠰᠣᠳᠣᠨ ᠡᠷᠢᠶᠡᠨ ᠴᠠᠮᠴᠠ ᠲᠠᠢ ᠬᠡᠦᠬᠡᠳ ᠰᠠᠭᠰᠤᠨ  ᠪᠥᠮᠪᠥᠭᠡ ᠲᠣᠭᠯᠠᠵᠤ ᠪᠣᠢ ᠵᠢ ᠬᠠᠷᠠᠭᠠᠳ᠂ ᠭᠠᠨ᠎ᠠ᠄

  –《ᠬᠡᠦᠬᠡᠳ  ᠤᠳ ᠡ᠂〈 ᠲᠣᠮᠣ ᠠᠬ᠎ᠠ〉 ᠰᠠᠭᠰᠤ ᠲᠣᠭᠯᠠᠵᠤ ᠪᠠᠢᠨ᠎ᠠ》  ᠬᠡᠭᠦ ᠳᠦ ᠨᠢ᠂ ᠭᠠᠮᠪᠠ᠄

  –《〈ᠲᠣᠮᠣ ᠠᠬ᠎ᠠ〉 ᠲᠡᠢᠮᠦ ᠠᠶᠤᠮᠠᠷ〈  ᠡᠪᠡᠳᠦᠭᠰᠡᠨ 〉 ᠶᠤᠮ ᠴᠢᠨᠢ ᠶᠠᠭᠠᠬᠢᠵᠤ ᠲᠣᠭᠯᠠᠬᠤ ᠪᠤᠢ?ᠥᠭᠡᠷ᠎ᠡ ᠬᠡᠦᠬᠡᠳ ᠪᠠᠢᠬ᠎ᠠ ᠠ᠋᠃》 ᠭᠡᠪᠡᠯ᠂

  –《ᠶᠠᠭ ᠮᠥᠨ᠂ ᠮᠦᠷᠦᠢᠴᠡᠭᠦ ᠦᠦ》 ᠭᠡᠳ ᠱᠤᠤᠭᠢᠯᠳᠤᠵᠠᠢ᠃ ᠴᠢᠩᠪᠠ ᠬᠡᠦᠬᠡᠳ ᠤᠳ ᠱᠤᠤᠭᠢᠯᠳᠤᠬᠤ ᠴᠢᠮᠡᠭᠡ ᠪᠠᠷ ᠠᠩᠬᠢ ᠵᠢᠨ ᠵᠢᠡᠨ  ᠬᠠᠷᠠᠭᠰᠠᠨ ᠵᠢᠡᠨ᠂ ᠬᠣᠷᠣᠮᠬᠠᠨ ᠵᠠᠭᠤᠷ᠎ᠠ ᠪᠠᠢᠰᠢᠩ ᠤᠨ ᠠᠷᠤ ᠪᠠᠷ  ᠭᠦᠶᠦᠭᠰᠡᠭᠡᠷ ᠪᠠᠢᠷᠢ ᠳᠠᠭᠠᠨ ᠣᠴᠢᠵᠤ ᠲᠣᠯᠣᠭᠠᠢ ᠲᠡᠭᠡᠭᠦᠷ ᠵᠢᠡᠨ ᠭᠦᠨᠵᠢᠯᠡ ᠪᠠᠨ ᠨᠥᠮᠥᠷᠦᠨ ᠭᠡᠪᠳᠡᠵᠢ᠃ ᠲᠡᠭᠡᠳᠡᠯ᠎ᠡ ᠨᠥᠭᠥᠭᠡ ᠥᠨᠳᠥᠷ ᠬᠡᠦᠬᠡᠳ ᠬᠡᠨᠡᠳᠳᠡ ᠠᠯᠠᠭ᠎ᠠ ᠪᠣᠯᠣᠭᠰᠠᠨ ᠳᠦ᠂ ᠬᠡᠦᠬᠡᠳ ᠤᠳ ᠶᠡᠬᠡ ᠭᠠᠢᠬᠠᠵᠤ᠄

  –《 ᠬᠦᠶ᠋ᠢ! ᠨᠥᠭᠥᠭᠡ ᠥᠨᠳᠥᠷ ᠬᠡᠦᠬᠡᠳ ᠠᠯᠠᠭ᠎ᠠ ᠪᠣᠯᠴᠢᠬᠠᠯ᠎ᠠ᠂ ᠶᠠᠮᠠᠷ ᠰᠣᠨᠢᠨ ᠶᠤᠮ ᠪᠣᠢ?》ᠭᠡᠮᠡᠨ ᠱᠤᠤᠭᠢᠯᠳᠤᠭᠰᠠᠭᠠᠷ ᠪᠠᠢᠷᠢ ᠳᠠᠭᠠᠨ ᠣᠷᠣᠬᠤ ᠳᠦ《 ᠲᠣᠮᠣ ᠠᠬ᠎ᠠ》 ᠨᠢ ᠲᠣᠯᠣᠭᠠᠢ ᠪᠠᠨ ᠠᠯᠴᠢᠭᠤᠷ ᠵᠢᠡᠷ ᠡᠪ ᠬᠠᠪᠤ ᠦᠭᠡᠢ ᠪᠣᠭᠣᠴᠢᠬᠠᠭᠰᠠᠨ《 ᠶᠣ  ᠶᠣ  ᠶᠠᠭᠠᠬᠢᠨ᠎ᠠ ᠠ᠋᠂ ᠲᠣᠯᠣᠭᠠᠢ ᠡᠪᠡᠳᠦᠭᠡᠳ ᠪᠦᠷ ᠨᠠᠮᠳᠠᠳᠠᠭ ᠦᠭᠡᠢ ᠰᠢᠦ 》 ᠭᠡᠳ ᠭᠡᠪᠳᠡᠵᠦ ᠪᠠᠢᠵᠠᠢ᠃ ᠲᠡᠭᠡᠳᠡᠯ᠎ᠡ《 ᠬᠡᠦᠬᠡᠳ ᠦᠳ ᠡ᠂  ᠬᠣᠭᠣᠯᠠᠨ ᠳᠠᠭᠠᠨ》 ᠭᠡᠭᠦ ᠳᠦ᠂《 ᠲᠣᠮᠣ ᠠᠬ᠎ᠠ》 ᠨᠢ ᠤᠬᠤᠰᠬᠢᠨ ᠪᠣᠰᠣᠭᠠᠳ ᠲᠠᠪᠠᠭ ᠵᠢᠡᠨ ᠪᠠᠷᠢᠨ ᠬᠡᠦᠬᠡᠳ ᠦᠳ ᠤᠨ ᠲᠦᠷᠦᠭᠦᠨ ᠳᠦ ᠶᠠᠷᠤ ᠰᠡᠳᠬᠢᠯ ᠵᠣᠪᠠᠬᠤ ᠦᠭᠡᠢ ᠶᠠᠪᠤᠵᠤ ᠪᠠᠢᠪᠠ᠃     

         

                   ᠭᠡᠷᠡᠯᠴᠢᠮᠡᠭ ᠬᠠᠭᠤᠯᠵᠤ ᠪᠢᠴᠢᠪᠡ   

                   2023 ᠣᠨ ᠪ 02 ᠰᠠᠷ᠎ᠠ ᠵᠢᠨ 27  ᠳᠦ