ᠶᠢᠰᠦ ᠬᠡᠯᠡᠯᠴᠡᠬᠦ ᠨᠠᠭᠠᠳᠤᠮ Ес хэлэлцэх наадам
ᠶᠢᠰᠦ ᠬᠡᠯᠡᠯᠴᠡᠬᠦ ᠨᠠᠭᠠᠳᠤᠮ
ᠠ ᠄ ᠨᠢᠭᠡ ᠶᠢᠰᠦ ᠳᠦ ᠶᠠᠭᠠᠬᠢᠬᠤ ᠪᠤᠢ ?
ᠡ ᠄ ᠨᠡᠷᠡᠮᠡᠯ ᠠᠷᠢᠬᠢ ᠬᠥᠯᠲᠡᠨᠡ ᠃
ᠠ ᠄ ᠬᠣᠶᠠᠷ ᠶᠢᠰᠦ ᠳᠦ ᠶᠠᠭᠠᠬᠢᠬᠤ ᠪᠤᠢ ?
ᠡ ᠄ ᠬᠣᠣᠷᠠᠵᠠ ᠠᠷᠢᠬᠢ ᠬᠥᠯᠲᠡᠨᠡ ᠃
ᠠ ᠄ ᠭᠤᠷᠪᠠ ᠶᠢᠰᠦ ᠳᠦ ᠶᠠᠭᠠᠬᠢᠬᠤ ᠪᠤᠢ ?
ᠡ ᠄ ᠭᠤᠨᠠᠨ ᠦᠬᠡᠷ ᠦ᠋ᠨ ᠡᠪᠡᠷ ᠬᠥᠯᠲᠡᠨᠡ ᠃
ᠠ ᠄ ᠳᠥᠷᠪᠡ ᠶᠢᠰᠦ ᠳᠦ ᠶᠠᠭᠠᠬᠢᠬᠤ ᠪᠤᠢ ?
ᠡ ᠄ ᠳᠥᠨᠡᠨ ᠦᠬᠡᠷ ᠦ᠋ᠨ ᠡᠪᠡᠷ ᠬᠥᠯᠲᠡᠨᠡ ᠃
ᠠ ᠄ ᠲᠠᠪᠤ ᠶᠢᠰᠦ ᠳᠦ ᠶᠠᠭᠠᠬᠢᠬᠤ ᠪᠤᠢ ?
ᠡ ᠄ ᠲᠠᠯᠪᠢᠬᠰᠠᠨ ᠪᠤᠲᠠᠬ᠋᠎ᠠ ᠬᠥᠯᠲᠡᠬᠦ ᠦᠭᠡᠢ ᠃
ᠠ ᠄ ᠵᠢᠷᠭᠤᠬ᠋ᠠ ᠶᠢᠰᠦ ᠳᠦ ᠶᠠᠭᠠᠬᠢᠬᠤ ᠪᠤᠢ ?
ᠡ ᠄ ᠵᠤᠷᠠᠶ᠋ᠢᠬᠰᠠᠨ ᠵᠠᠮ ᠭᠠᠷᠤᠨ᠎ᠠ ᠃
ᠠ ᠄ ᠳᠣᠯᠣᠬ᠋ᠠ ᠶᠢᠰᠦ ᠳᠦ ᠶᠠᠭᠠᠬᠢᠬᠤ ᠪᠤᠢ ?
ᠡ ᠄ ᠳᠣᠪᠣ ᠶ᠋ᠢᠨ ᠲᠣᠯᠣᠭᠠᠢ ᠪᠣᠷᠣᠯᠠᠨ᠎ᠠ ᠃
ᠠ ᠄ ᠨᠠᠢ᠍ᠮᠠ ᠶᠢᠰᠦ ᠳᠦ ᠶᠠᠭᠠᠬᠢᠬᠤ ᠪᠤᠢ ?
ᠡ ᠄ ᠨᠢᠯ ᠱᠠᠯ ᠪᠣᠯᠤᠨ᠎ᠠ ᠃
ᠠ ᠄ ᠶᠢᠰᠦ ᠶᠢᠰᠦ ᠳᠦ ᠶᠠᠭᠠᠬᠢᠬᠤ ᠪᠤᠢ ︖
ᠡ ᠄ ᠶᠡᠷᠦ ᠶ᠋ᠢᠨ ᠳᠤᠯᠠᠭᠠᠨ ᠪᠣᠯᠤᠨ᠎ᠠ ᠃
ᠦᠰᠦᠭ ᠠᠮᠢᠯᠠᠭᠤᠯᠤᠭᠴᠢ ᠄ ᠮᠢᠩᠭᠠᠳ ᠂ ᠴᠢᠮᠡᠭ
ᠬᠢᠨᠠᠭᠴᠢ ᠄ ᠬᠠᠳᠠᠴᠢ · ᠤᠷᠠᠨ᠎ᠠ
