ᠨᠠᠷᠠ ᠲᠠᠢ ᠪᠦᠭᠡᠳ ᠰᠠᠷᠠ ᠲᠠᠢ - ᠡ‍ ·ᠣᠯᠵᠠ ( ᠪᠠᠭ᠎ᠠ ᠰᠤᠷᠭᠠᠭᠤᠯᠢ᠎ ᠎ ᠶ᠋ᠢᠨ ᠤᠩᠰᠢᠬᠤ ᠪᠢᠴᠢᠭ᠌ ) Нартай бөгөөд сартай - Э · Олза ( Бага сургуулийн унших бичиг ) ᠬᠡᠦᠬᠡᠳ ᠦ᠋ᠨ ᠨᠡᠪᠲᠡᠷᠡᠭᠦᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠ ᠲᠠᠢ ᠪᠦᠭᠡᠳ ᠰᠠᠷᠠ ᠲᠠᠢ - ᠡ‍ ·ᠣᠯᠵᠠ ( ᠪᠠᠭ᠎ᠠ ᠰᠤᠷᠭᠠᠭᠤᠯᠢ᠎ ᠎ ᠶ᠋ᠢᠨ ᠤᠩᠰᠢᠬᠤ ᠪᠢᠴᠢᠭ᠌ ) Нартай бөгөөд сартай - Э · Олза ( Бага сургуулийн унших бичиг )

ᠨᠠᠷᠠ ᠲᠠᠢ ᠪᠦᠭᠡᠳ ᠰᠠᠷᠠ ᠲᠠᠢ - ᠡ‍ ·ᠣᠯᠵᠠ ( ᠪᠠᠭ᠎ᠠ ᠰᠤᠷᠭᠠᠭᠤᠯᠢ᠎ ᠎ ᠶ᠋ᠢᠨ ᠤᠩᠰᠢᠬᠤ ᠪᠢᠴᠢᠭ᠌ ) Нартай бөгөөд сартай - Э · Олза ( Бага сургуулийн унших бичиг )

ᠨᠠᠷᠠ ᠲᠠᠢ ᠪᠦᠭᠡᠳ ᠰᠠᠷᠠ ᠲᠠᠢ


             ᠡ‍ ·ᠣᠯᠵᠠ

 ᠨᠠᠢ᠍ᠮᠠᠨ ᠰᠠᠷ᠎ᠠ ‍ᠶ᠋ᠢᠨ ᠰᠠᠯᠬᠢ
 ᠨᠠᠶ᠋ᠢᠷᠲᠠᠢ ᠪᠥᠭᠡᠳ ᠲᠠᠭᠠᠲᠠᠢ
 ᠨᠠᠷᠢᠮᠤ ᠰᠢᠰᠢ ‍ᠶ᠋ᠢᠨ ᠲᠦᠷᠦᠭᠦᠦ
 ᠱ᠌ᠢᠷᠦ  ᠎ᠲᠡᠢ  ᠪᠥᠭᠡᠳ ᠰᠤᠪᠤᠳ ᠎ᠲᠠᠢ
 ᠲᠠᠷᠢᠶᠠᠴᠢᠨ ᠠᠪᠤ ‍ᠶ᠋ᠢᠨ ᠮᠡᠯᠮᠡᠢ
 ᠲᠤᠶᠠᠭ᠎ᠠ ᠎ᠲᠠᠢ ᠪᠥᠭᠡᠳ ᠭᠡᠷᠡᠯ ᠎ᠲᠡᠢ
 ᠲᠠᠯ᠎ᠠ ‍ᠶ᠋ᠢᠨ ᠠᠶ᠋ᠢᠯ ‍ᠤᠨ ᠤᠯᠤᠰ
 ᠵᠢᠷᠭᠠᠯ ᠎ᠲᠠᠢ ᠪᠥᠭᠡᠳ ᠴᠡᠩᠭᠡᠯ ᠎ᠲᠡᠢ ᠃
 ᠨᠠᠢ᠍ᠮᠠᠨ ᠰᠠᠷ᠎ᠠ ‍ᠶ᠋ᠢᠨ ᠰᠠᠯᠬᠢ
 ᠨᠠᠶ᠋ᠢᠷᠲᠠᠢ ᠪᠥᠭᠡᠳ ᠬᠠᠶ᠋ᠢᠷᠠᠲᠢ
 ᠨᠠᠮᠤᠷ ‍ᠤᠨ ᠰᠦᠷᠦᠭ ‍ᠦᠨ ᠵᠣ᠋
 ᠥᠩᠭᠡ ᠎ᠲᠡᠢ ᠪᠥᠭᠡᠳ ᠲᠠᠷᠭᠤ ᠎ᠲᠠᠢ
 ᠮᠠᠯᠴᠢᠨ ᠡᠵᠢ ‍ᠶ᠋ᠢᠨ ᠴᠢᠷᠠᠢ ‍ ᠳᠦ
 ᠵᠤᠯ ᠎ᠲᠠᠢ ᠪᠥᠭᠡᠳ ᠵᠣᠯᠢ ᠎ᠲᠠᠢ
 ᠮᠠᠨ ‍ᠤ ᠨᠤᠲᠤᠭ ‍ᠤᠨ ᠪᠠᠭᠤᠴᠠ ‍ ᠳᠦ
 ᠵᠣᠭᠣᠭ ᠎ᠲᠠᠢ ᠪᠥᠭᠡᠳ ᠳᠠᠭᠤᠤ ᠎ᠲᠠᠢ ᠃
 ᠨᠠᠢ᠍ᠮᠠᠨ ᠰᠠᠷ᠎ᠠ ‍ᠶ᠋ᠢᠨ ᠰᠠᠯᠬᠢ
 ᠨᠠᠶ᠋ᠢᠷᠲᠠᠢ ᠪᠥᠭᠡᠳ ᠢᠪᠡᠭᠡᠯ ᠎ᠲᠡᠢ
 ᠨᠠᠷᠢᠳ ‍ᠤᠨ ᠭᠣᠣᠯ ‍ᠤᠨ ᠳᠡᠨᠵᠢ
 ᠨᠠᠷᠭᠢᠶᠠᠨ ᠎ᠲᠠᠢ ᠪᠥᠭᠡᠳ ᠬᠦᠭᠵᠢᠶᠡᠨ ᠎ᠲᠡᠢ
 ᠨᠠᠷᠮᠠᠢ ᠰᠠᠶ᠋ᠢᠬᠠᠨ ᠠᠮᠢᠳᠤᠷᠠᠯ
 ᠳᠠᠭᠤᠤ ᠎ᠲᠠᠢ ᠪᠥᠭᠡᠳ ᠰᠢᠯᠦᠭ  ᠎ᠲᠡᠢ
 ᠨᠠᠶ᠋ᠢᠷᠰᠠᠭ ᠨᠠᠮᠤᠷ ‍ᠤᠨ ᠲᠡᠭᠷᠢ
 ᠨᠠᠷᠠ ᠲᠠᠢ ᠪᠥᠭᠡᠳ ᠰᠠᠷᠠ᠎ ᠲᠠᠢ ᠃

          ᠦᠰᠦᠭ ᠠᠮᠢᠯᠠᠭᠤᠯᠤᠭᠴᠢ ᠄  ᠳ᠋ᠦ᠋ᠩ ᠹᠸᠩ
             ᠬᠢᠨᠠᠭᠴᠢ  ᠄  ᠴᠢᠮᠡᠭ