ᠪᠢᠳᠠ ᠢᠯᠠᠪᠠ - ᠵ ᠂ ᡀᠠᠭᠪᠠ Бяд ялав - З ᠂ Лхагваа
ᠪᠢᠳᠠ ᠢᠯᠠᠪᠠ
[ ᠮᠣᠩᠭᠣᠯ ] ᠵ ᠂ ᡀᠠᠭᠪᠠ
ᠡᠪᠦᠭᠡᠨ ᠳ᠋ᠠᠨᠳᠡᠪ ᠰᠡᠭᠦᠯ ᠦ᠋ᠨ ᠠᠷᠪᠠᠭᠠᠳ ᠵᠢᠯ ᠪᠠᠷᠠᠭᠠᠨ ᠪ ᠵᠠᠬ᠎ᠠ ᠣᠷᠣᠭᠰᠠᠨ ᠦᠭᠡᠢ ᠥᠨᠥᠲᠥᠷ ᠴᠢᠪᠠᠭᠠᠨᠴᠠ ( ᠵᠠᠷᠢᠮ ᠭᠠᠵᠠᠷ ᠲᠤ ᠨᠠᠰᠤ ᠠᠬᠢᠬᠰᠠᠨ ᠡᠮᠡᠭᠲᠡᠢ ᠶ᠋ᠢ ᠵᠢᠭᠠᠲᠠᠭ ) ᠪᠡᠨ ᠦᠭᠡᠯᠡᠭᠡᠳ ᠪᠠᠶ᠋ᠢᠬᠤᠯᠠᠷ ᠲᠣᠭᠣᠭᠠᠨ ᠪ ᠤᠬᠢᠶᠠᠯᠲᠤᠭᠤᠷ ᠂ ᠨᠤᠨᠲᠠᠭ ᠰᠠᠪᠤᠩ ᠠᠪᠬᠤ ᠪᠠᠷ ᠶᠠᠪᠤᠯ᠎ᠠ ᠃ ᠵᠠᠬ᠎ᠠ ᠶᠡᠬᠡ ᠥᠭᠡᠷ᠎ᠡ ᠪᠣᠯᠵᠠᠢ ᠃ ᠭᠤᠷᠪᠠᠬᠠᠨ ᠪᠠᠭᠤᠲᠠᠯ ᠭᠠᠵᠠᠷ ᠬᠢᠷᠢ ᠨᠢ ᠠᠦ᠋ᠲ᠋ᠣᠪᠦ᠋ᠰ ᠲᠤ ᠳᠠᠯᠠᠨ ᠲᠥᠭᠥᠷᠢᠭ ᠠᠪᠬᠤ ᠶᠤᠮ ᠃ ᠬᠠᠰᠢᠶᠠᠨ ᠳᠦ ᠣᠷᠣᠬᠤ ᠳᠦ ᠯᠠ ᠠᠷᠪᠠᠨ ᠲᠥᠭᠥᠷᠢᠭ ᠂ ᠴᠢᠪᠠᠭᠠᠨᠴᠠ ᠶ᠋ᠢᠨ ᠬᠢᠨᠢ ᠥᠭᠭᠦᠭᠰᠡᠨ ᠮᠥᠩᠭᠥᠨ ᠪ ᠲᠠᠯ᠎ᠠ ᠨᠢ ᠲᠡᠭᠡᠰᠬᠢᠭᠡᠳ ᠯᠠ ᠠᠯᠠᠬ᠋᠎ᠠ ᠪᠣᠯᠤᠨ᠎ᠠ ᠃ ᠬᠥᠮᠦᠨ ᠴᠤ᠌ ᠴᠢᠬᠢᠭᠡᠰᠦᠲᠡᠢ ᠂ ᠲᠡᠷᠡ ᠵᠢᠯ ᠦ᠋ᠨ ᠶᠡᠬᠡ ᠵᠤᠳ ᠶ᠋ᠢᠠᠷ ᠤᠷᠤᠭᠤᠲᠠᠭᠰᠠᠨ ᠠᠲᠤᠭᠤᠳ ᠣᠷᠲᠤᠤᠮ ᠦ᠋ᠨ ᠪᠢᠷᠠᠭᠤ ᠶ᠋ᠢ ᠵᠠᠪᠰᠠᠷ ᠦᠭᠡᠢ ᠶ᠋ᠢᠠᠨ ᠬᠠᠪᠴᠢᠭᠤᠯᠤᠨ ᠡᠷᠭᠦᠵᠦ ᠶᠠᠪᠤᠭᠰᠠᠭᠠᠷ ᠭᠣᠪᠢ ᠳᠦ ᠠᠪᠠᠴᠢᠵᠤ ᠬᠠᠶᠠᠭᠰᠠᠨ ᠭᠡᠳᠡᠭ ᠰᠢᠭ᠌ ᠳ᠋ᠠᠨᠳᠡᠪ ᠴᠤ᠌ ᠬᠥᠯ ᠲᠡᠢ ᠬᠥᠯ ᠦᠭᠡᠢ ᠶᠠᠪᠤᠭᠰᠠᠭᠠᠷ ᠵᠠᠬ᠎ᠠ ᠶ᠋ᠢᠨ ᠲᠥᠪ ᠲᠦ ᠣᠷᠣᠴᠢᠬᠠᠪᠠ ᠃ ᠲᠡᠨᠲᠡ ᠦᠭᠡᠢ ᠶᠠᠭᠤᠮ᠎ᠠ ᠭᠡᠵᠦ ᠠᠯᠠᠬ᠋᠎ᠠ ᠂ ᠡᠪᠦᠭᠡᠨ ᠭᠠᠲᠠᠭᠠᠲᠤ ᠳᠦ ᠣᠴᠢᠬᠰᠠᠨ ᠶᠤᠮ ᠰᠢᠭ᠋ ᠯᠡ ᠡᠭᠦᠨ ᠊ᠢ ᠴᠤ᠌ ᠥᠯᠢᠢᠵᠦ ᠂ ᠲᠡᠭᠦᠨ ᠊ᠢ ᠴᠤ᠌ ᠪᠥᠬᠥᠶ᠋ᠢᠵᠦ ᠬᠠᠷᠠᠭᠰᠠᠭᠠᠷ ᠶᠡᠬᠡ ᠬᠠᠰᠢᠶ᠎ᠠ ᠶ᠋ᠢ ᠨᠢᠭᠡᠨᠲᠡ ᠲᠣᠭᠣᠷᠢᠪᠠ ᠃ ᠭᠡᠲᠡᠯ᠎ᠡ ᠡᠷᠬᠢ ᠪᠣᠭᠣᠯᠲᠠ ᠂ ᠵᠢᠪᠠ ᠲᠠᠢ ᠵᠢᠪᠠ ᠦᠭᠡᠢ ᠬᠠᠲᠠᠭᠠᠰᠤ ᠂ ᠬᠠᠭᠠᠯᠭᠠᠨ ᠪ ᠵᠠᠮᠤᠭ ᠦ᠋ᠨ ᠲᠦᠭᠵᠢᠶ᠎ᠡ ᠰᠡᠯᠲᠡ ᠶ᠋ᠢᠨ ᠳᠤᠮᠳᠠ ᠬᠡᠲᠦᠨ ᠡᠩᠭᠡᠷ ᠦ᠋ᠨ ᠲᠡᠮᠲᠡᠭ ᠂ ᠲᠡᠷᠡ ᠳᠣᠲᠣᠷ᠎ᠠ ᠨᠢ 《 ᠪᠢᠲᠡ ᠢᠯᠠᠪᠠ 》 ᠮᠸᠲᠠᠯ ᠨᠢ ᠬᠠᠷᠠᠭᠲᠠᠬᠤ ᠨᠢ ᠬᠠᠷ᠎ᠠ ᠵᠠᠬ᠎ᠠ ᠶ᠋ᠢᠨ ᠪᠣᠷᠣ ᠯᠠᠩᠭᠦᠢ ᠶ᠋ᠢᠨ ᠳᠡᠭᠡᠷ᠎ᠡ ᠲᠡᠩᠲᠡᠭᠦᠦ ᠭᠢᠯᠠᠭᠠᠷᠳᠠᠭᠰᠠᠨ ᠪᠠᠶ᠋ᠢᠯ᠎ᠠ ᠃ ᠡᠪᠦᠭᠡᠨ ᠬᠣᠶᠠᠷ ᠳᠠᠶ᠋ᠢᠨ ᠳᠦ ᠣᠷᠣᠯᠴᠠᠭᠰᠠᠨ ᠂ 《 ᠪᠢᠲᠡ ᠢᠯᠠᠪᠠ 》 ᠮᠸᠲᠠᠯ ᠨᠢ ᠣᠷᠣᠨ ᠨᠤᠲᠤᠭ ᠲᠦ ᠲᠦᠭᠡᠷᠢᠭᠰᠡᠭᠡᠷ ᠥᠪᠡᠷ ᠲᠦ ᠨᠢ ᠣᠴᠢᠬ᠋ᠠ ᠦᠭᠡᠢ ᠂ ᠰᠡᠯᠡᠮᠡᠳᠤ ᠮᠣᠷᠢᠲᠠᠨ ᠪᠥᠬᠥᠢ 《 ᠬᠠᠯᠬ᠎ᠠ ᠭᠣᠣᠯ 》 ᠲᠡᠮᠲᠡᠭ ᠶ᠋ᠢᠡᠨ ᠢᠮᠠᠭᠲᠠ ᠵᠡᠭᠦᠵᠦ ᠶᠠᠪᠤᠲᠠᠭ ᠪᠢᠯᠡ ᠃ ᠳᠠᠶ᠋ᠢᠨ ᠪ ᠭᠠᠪᠢᠶ᠎ᠠ ᠶ᠋ᠢ ᠬᠤᠲᠠᠯᠲᠤᠵᠤ ᠪᠣᠯᠬᠤ ᠶᠤᠮ ᠭᠡᠵᠦ ᠰᠠᠨᠠᠭᠠᠨ ᠳᠦ ᠨᠢ ᠪᠠᠭᠲᠠᠬ᠋ᠠ ᠦᠭᠡᠢ ᠡᠪᠦᠭᠡᠨ ᠴᠢᠨᠠᠭᠰᠢ ᠨᠡᠯᠢᠶᠡᠳ ᠶᠠᠪᠤᠭᠰᠠᠨ ᠶ᠋ᠢᠠᠨ ᠲᠡᠷᠡ ᠰᠠᠶ᠋ᠢᠬᠠᠨ ᠮᠸᠲᠠᠯ ᠡᠯᠲᠡᠪ ᠮᠠᠭᠤ ᠬᠥᠮᠦᠨ ᠪ ᠭᠠᠷ ᠲᠦ ᠣᠷᠣᠭᠤᠵᠠᠢ ᠭᠡᠬᠦ ᠡᠴᠡ ᠮᠥᠩᠭᠥ ᠬᠦᠷᠪᠡᠯ ᠥᠪᠡᠷ ᠶ᠋ᠢᠡᠨ ᠬᠤᠲᠠᠯᠲᠤᠭᠠᠳ ᠠᠪᠴᠢᠬᠠᠶ᠎ᠠ ᠭᠡᠵᠦ ᠪᠣᠲᠣᠭᠠᠳ ᠨᠥᠭᠦᠭᠡ ᠯᠠᠩᠭᠦᠢ ᠶ᠋ᠢ ᠬᠠᠷᠠᠭᠰᠠᠭᠠᠷ ᠡᠷᠭᠢᠨ ᠢᠷᠡᠪᠡ ᠃
— ᠡᠨᠡ ᠲᠡᠮᠲᠡᠭ ᠶᠠᠮᠠᠷ ᠦᠨ᠎ᠡ ᠲᠡᠢ ᠪᠤᠢ ? ᠭᠡᠵᠦ ᠡᠪᠦᠭᠡᠨ ᠠᠰᠠᠭᠤᠬᠤ ᠳᠦ ᠯᠠᠩᠭᠦᠢ ᠶ᠋ᠢᠨ ᠠᠷᠤ ᠳᠦ ᠰᠠᠭᠤᠬ᠋ᠠ ᠳᠡᠷᠴᠢᠭᠢᠷ ᠬᠥᠬᠡ ᠵᠠᠯᠠᠭᠤ ᠬᠢᠯᠠᠮᠬᠢᠨ ᠬᠠᠷᠠᠭᠰᠠᠨ ᠶ᠋ᠢᠠᠨ ᠳᠤᠤᠭᠠᠷᠠᠭᠰᠠᠨ ᠦᠭᠡᠢ ᠃ ᠡᠪᠦᠭᠡᠨ ᠡᠪᠦᠷ ᠲᠦ ᠪᠠᠶ᠋ᠢᠬ᠋᠎ᠠ ᠨᠠᠢ᠍ᠮᠠᠨ ᠵᠠᠭᠤᠨ ᠲᠥᠭᠥᠷᠢᠭ ᠊ᠢ ᠪᠡᠯᠡᠨ ᠶ᠋ᠢᠡᠷ ᠭᠠᠷᠭᠠᠨ ᠬᠠᠷᠠᠭᠤᠯᠵᠤ ᠄
— ᠠᠯᠢ ᠪᠤᠢ ᠂ ᠨᠠᠭᠠᠲᠦ ᠲᠡᠮᠲᠡᠭ ᠊ᠢ ᠴᠢᠨᠢ ᠠᠪᠤᠶ᠎ᠠ ᠃
— ᠨᠠᠢ᠍ᠮᠠᠨ ᠵᠠᠭᠤᠨ ᠲᠥᠭᠥᠷᠢᠭ ᠶ᠋ᠢᠡᠷ ᠥᠭᠬᠦ ᠦᠭᠡᠢ ᠡ !
— ᠲᠡᠭᠡᠭᠡᠳ ᠶᠠᠭᠤ ᠪᠠᠷ ᠥᠭᠬᠦ ᠶᠤᠮ ᠪᠤᠢ ?
ᠢᠢᠨ ᠬᠦ ᠣᠶ᠋ᠢᠯᠠᠭᠠᠯᠴᠠᠵᠤ ᠶᠠᠲᠠᠨ ᠪᠠᠶ᠋ᠢᠲᠠᠯ᠎ᠠ ᠡᠯᠲᠡᠪ ᠵᠢᠷᠤᠭ ᠦ᠋ᠨ ᠠᠫᠫᠠᠷᠠᠲ ᠂ ᠳᠠᠭᠤ ᠬᠤᠷᠢᠶᠠᠭᠴᠢ ᠰᠡᠯᠲᠡ ᠶ᠋ᠢ ᠥᠪᠴᠢ ᠪᠡᠶ᠎ᠡ ᠳᠦ ᠪᠡᠨ ᠶᠤᠯᠺᠢᠨ ᠪ ᠮᠣᠲᠣ ᠰᠢᠭ᠋ ᠰᠡᠨᠵᠢᠭᠢᠨᠡᠭᠦᠯᠦᠭᠰᠡᠨ ᠭᠠᠲᠠᠭᠠᠲᠤ ᠶ᠋ᠢᠨ ᠪᠣᠯᠤᠯᠲᠠᠢ ᠬᠥᠮᠦᠰ ᠴᠢᠩᠬ᠋᠎ᠠ ᠴᠢᠩᠬ᠋᠎ᠠ ᠳᠤᠤᠭᠠᠷᠤᠨ ᠶᠠᠪᠤᠭᠰᠠᠨ ᠶ᠋ᠢᠠᠨ ᠥᠨᠥᠬᠢ ᠲᠡᠮᠲᠡᠭ ᠊ᠢ ᠬᠠᠷᠠᠵᠤ ᠬᠣᠭᠣᠷᠣᠨᠲᠣ ᠪᠠᠨ ᠱᠣᠯᠣᠭᠠᠨᠠᠯᠲᠦᠨ ᠭᠡᠰᠡᠭ ᠵᠣᠭᠰᠣᠪᠠ ᠃ ᠲᠡᠭᠡᠭᠰᠡᠨ ᠶ᠋ᠢᠡᠨ ᠴᠠᠭᠠᠨ ᠲᠣᠯᠣᠭᠠᠢ ᠲᠠᠢ ᠡᠪᠦᠭᠡᠨ ᠨᠥᠭᠦᠭᠡ ᠲᠡᠮᠲᠡᠭ ᠊ᠢ ᠵᠢᠭᠠᠵᠤ ᠨᠢᠭᠡ ᠶᠠᠭᠤᠮ᠎ᠠ ᠬᠡᠯᠡᠯ᠎ᠡ ᠃ ᠡᠭᠦᠨ ᠊ᠢ ᠨᠢ ᠠᠰᠠᠭᠤᠵᠤ ᠪᠠᠶ᠋ᠢᠬ᠋᠎ᠠ ᠪᠣᠯᠤᠯᠲᠠᠢ ᠃ ᠳ᠋ᠠᠨᠳᠡᠪ ᠴᠤ᠌ ᠲᠡᠲᠡᠨ ᠊ᠢ ᠶᠠᠫᠣᠨᠴᠤᠳ ᠭᠡᠵᠦ ᠲᠠᠨᠢᠯ᠎ᠠ ᠃ ᠳᠡᠷᠴᠢᠭᠢᠷ ᠬᠥᠬᠡ ᠴᠠᠭᠠᠰᠤᠨ ᠳᠡᠭᠡᠷ᠎ᠡ ᠪᠡᠯᠡᠨ ᠶᠠᠭᠤᠮ᠎ᠠ ᠵᠢᠷᠤᠭᠰᠠᠨ ᠶᠠᠭᠤᠮ᠎ᠠ ᠬᠠᠷᠠᠭᠤᠯᠤᠭᠰᠠᠨ ᠨᠢ ᠠᠷᠪᠠ ᠶ᠋ᠢᠨ ᠲᠣᠬ᠋᠎ᠠ ᠂ ᠠᠷᠤ ᠳᠦ ᠨᠢ ᠵᠤᠤᠵᠠᠢ ᠲᠠᠮᠠᠭᠠᠨ ᠲᠤᠮᠲᠠᠭᠤᠷ ᠪᠣᠰᠤᠬ᠋᠎ᠠ ᠬᠣᠶᠠᠷ ᠴᠢᠬᠲᠠ ᠬᠢᠭᠰᠡᠨ ᠶᠤᠮ ᠰᠢᠭ᠋ ᠵᠢᠷᠤᠭ ᠪᠠᠶ᠋ᠢᠯ᠎ᠠ ᠃ ᠪᠤᠭᠤᠷᠤᠯ ᠶᠠᠫᠣᠨ ᠴᠤ᠌ ᠲᠦᠷᠡᠶ᠋ᠢᠪᠴᠢ ᠪᠡᠨ ᠭᠠᠷᠭᠠᠵᠤ ᠠᠷᠪᠠᠨ ᠳ᠋ᠣᠯᠯᠠᠷ ᠥᠭᠭᠦᠭᠡᠳ ᠨᠥᠭᠦᠭᠡ ᠲᠡᠮᠲᠡᠭ ᠊ᠢ ᠠᠪᠴᠤ ᠬᠥᠲᠡᠯᠪᠡ ᠃
ᠲᠤᠮᠲᠠ ᠵᠡᠷᠭᠡ ᠶ᠋ᠢᠨ ᠨᠠᠰᠤᠨ ᠪ ᠨᠢᠭᠡᠨ ᠶᠠᠫᠣᠨ ᠨᠥᠭᠥᠭᠡᠬᠢ ᠲᠡᠮᠲᠡᠭ ᠊ᠢ ᠡᠩᠭᠡᠷ ᠲᠤ ᠪᠡᠨ ᠵᠡᠭᠦᠭᠡᠳ ᠴᠢᠩᠭ᠎ᠠ ᠢᠨᠢᠶᠡᠭᠰᠡᠨ ᠨᠢ ᠳ᠋ᠠᠨᠳᠡᠪ ᠦ᠋ᠨ ᠳᠠᠶ᠋ᠢᠨ ᠳᠦ ᠣᠯᠤᠭᠰᠠᠨ ᠰᠢᠷᠬ᠎ᠠ ᠶ᠋ᠢ ᠰᠡᠲᠡᠷᠡᠭᠡᠵᠦ ᠣᠷᠬᠢᠬᠤ ᠰᠢᠭ᠋ ᠪᠣᠯᠤᠯ᠎ᠠ ᠃ ᠳ᠋ᠡᠨᠳᠡᠪ 《 ᠣᠭ ᠨᠢ ᠪᠢᠲᠡ ᠢᠯᠠᠭᠰᠠᠨ ᠶᠤᠮ ᠰᠠᠨ 》 ᠬᠡᠮᠡᠨ ᠥᠭᠡᠯᠡᠭᠰᠡᠭᠡᠷ ᠣᠯᠠᠨ ᠪ ᠤᠷᠤᠰᠬᠠᠯ ᠳᠦ ᠬᠠᠪᠴᠢᠬᠲᠠᠨ ᠵᠠᠬ᠎ᠠ ᠶ᠋ᠢᠨ ᠬᠠᠰᠢᠶᠠᠨ ᠪ ᠡᠭᠦᠲᠡᠨ ᠳᠦ ᠢᠷᠡᠭᠰᠡᠨ ᠪᠠᠶ᠋ᠢᠯ᠎ᠠ ᠃ ᠲᠡᠭᠦᠨ ᠳᠦ ᠨᠤᠨᠲᠠᠭ ᠰᠠᠪᠤᠩ ᠂ ᠲᠣᠭᠣᠭᠠᠨ ᠪ ᠤᠬᠢᠶᠠᠯᠲᠤᠭᠤᠷ ᠠᠪᠬᠤ ᠬᠦᠰᠡᠯ ᠨᠢᠭᠡᠨᠲᠡ ᠠᠯᠠᠬ᠋᠎ᠠ ᠪᠣᠯᠵᠠᠢ ᠃ ᠠᠦ᠋ᠲ᠋ᠣᠪᠦ᠋ᠰ ᠲᠤ ᠳᠠᠯᠠᠨ ᠲᠥᠭᠥᠷᠢᠭ ᠶ᠋ᠢᠡᠨ ᠬᠤᠷᠢᠶᠠᠯᠭᠠᠭᠠᠳ ᠪᠤᠴᠠᠵᠤ ᠶᠠᠪᠤᠬᠤ ᠳᠦ ᠪᠠᠨ 《 ᠴᠠᠭᠠᠨ ᠲᠤᠭ ᠲᠠᠢ ᠳᠠᠪᠰᠢᠭᠠᠳ ᠢᠷᠡᠬᠦ ᠳᠦ ᠨᠢ ᠪᠢᠲᠡ ᠢᠯᠠᠭᠰᠠᠨ ᠨᠢ ᠦᠨᠡᠨ ᠂ ᠨᠣᠭᠤᠭᠠᠨ ᠮᠥᠩᠭᠥ ᠲᠡᠢ ᠠᠶᠠᠯᠠᠵᠤ ᠢᠷᠡᠭᠡᠳ ᠲᠡᠲᠡ ᠢᠯᠠᠬᠤ ᠭᠡᠵᠦ ᠤᠤ ? 》 ᠬᠡᠮᠡᠨ ᠪᠣᠲᠣᠵᠤ ᠬᠡᠨ ᠳᠦ ᠠᠭᠤᠷᠯᠠᠭᠠᠳ ᠪᠠᠶ᠋ᠢᠬ᠋᠎ᠠ ᠨᠢ ᠮᠡᠳᠡᠭᠳᠡᠬᠦ ᠦᠭᠡᠢ ᠵᠠᠮ ᠲᠤᠷᠰᠢ ᠬᠢᠯᠢᠩᠨᠡᠭᠰᠡᠭᠡᠷ ᠶᠠᠪᠤᠪᠠ ᠃
ᠦᠰᠦᠭ ᠠᠮᠢᠯᠠᠭᠤᠯᠤᠭᠰᠠᠨ ᠨᠢ : ᠲᠡᠭᠷᠢ ᠡᠵᠢ
ᠬᠢᠨᠠᠭ᠍ᠴᠢ ᠪᠠᠭ᠍ᠰᠢ : ᠴᠣᠯᠮᠣᠨᠲᠤᠶᠠᠭ᠎ᠠ
