ᠬᠥᠭᠰᠢᠨ ᠬᠣᠣᠬᠤᠩ ᠰᠥᠨᠢᠳ ᠠᠷᠠᠳ ‍ᠤᠨ ᠳᠠᠭᠤᠤ- ᠴᠡᠪᠡᠷᠴᠡᠴᠡᠭХөгшин хоохон сөнид ардын дуу-цэвэрцэцэг ᠠᠷᠠᠳ ᠤ᠋ᠨ ᠳᠠᠭᠤᠤ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠥᠭᠰᠢᠨ ᠬᠣᠣᠬᠤᠩ ᠰᠥᠨᠢᠳ ᠠᠷᠠᠳ ‍ᠤᠨ ᠳᠠᠭᠤᠤ- ᠴᠡᠪᠡᠷᠴᠡᠴᠡᠭХөгшин хоохон сөнид ардын дуу-цэвэрцэцэг

ᠬᠥᠭᠰᠢᠨ ᠬᠣᠣᠬᠤᠩ ᠰᠥᠨᠢᠳ ᠠᠷᠠᠳ ‍ᠤᠨ ᠳᠠᠭᠤᠤ- ᠴᠡᠪᠡᠷᠴᠡᠴᠡᠭХөгшин хоохон сөнид ардын дуу-цэвэрцэцэг

2023-02-27

975

ᠬᠥᠭᠰᠢᠨ ᠬᠣᠣᠬᠤᠩ

   ᠰᠥᠨᠢᠳ ᠠᠷᠠᠳ ‍ᠤᠨ ᠳᠠᠭᠤᠤ

   ᠴᠡᠪᠡᠷᠴᠡᠴᠡᠭ ᠳᠠᠭᠤᠯᠠᠨ᠎ᠠ
ᠪᠠᠢ ‍ᠶ᠋ᠢᠨ ᠲᠠᠯ᠎ᠠ᠎ ᠪᠠᠷ ᠪᠡᠯᠴᠢᠭᠡᠷ ᠎ᠲᠡᠢ
ᠪᠠᠷᠠᠭᠤᠡ ᠪᠤᠯᠠᠭ ‍ᠢᠶ᠋ᠠᠷ ᠤᠮᠳᠠ ᠎ᠲᠠᠢ
ᠪᠠᠲᠤᠴᠠᠭᠠᠨ ᠰᠦᠷᠦᠭ ‍ᠦᠨ
ᠪᠠᠶ᠋ᠢᠳᠠᠰᠤᠨ ᠬᠡᠬᠦᠦ ‍ᠶ᠋ᠢᠨ ᠤᠨᠠᠭ᠎ᠠ
ᠡᠵᠡᠨ ‍ᠦ ᠬᠢᠨᠢ ᠨᠤᠲᠤᠭ
ᠡᠩ ᠦᠭᠡᠢ ᠰᠠᠶ᠋ᠢᠬᠠᠨ ᠲᠠᠯ᠎ᠠ ᠪᠤᠢ 
ᠡᠨᠡ ᠯᠠ ᠬᠦᠯᠦᠭ ‍ᠦᠨ ᠤᠮᠳᠠᠭᠠᠨ ᠨᠢ
ᠡᠩᠭᠡᠷ ‍ᠦᠨ ᠭᠤᠷᠪᠠᠡ ᠪᠤᠯᠠᠭ ᠪᠤᠢ
ᠲᠠᠮᠤᠴᠢ ᠶ᠋ᠢᠨ ᠲᠠᠯ᠎ᠠ ᠎ᠪᠠᠷ ᠭᠦᠶᠦᠳᠡᠯ ᠎᠎ᠲᠡᠢ 
ᠲᠠᠪᠤ ᠠᠷᠪᠠᠠ ᠭᠦᠷᠦᠬᠡᠰᠦ ‍ᠶ᠋ᠢ
ᠳᠠᠯᠪᠢᠯ ᠦᠭᠡᠢ ᠨᠠᠮᠨᠠᠭᠴᠢ    

ᠬᠥᠭᠰᠢᠨ ᠬᠣᠣᠬᠤᠩ ᠲᠣᠪᠤᠬᠠᠢ
ᠮᠢᠩᠭᠠᠨ ᠲᠠᠬᠢᠯ ‍ᠤᠨ ᠷᠠᠰᠢᠶᠠᠨ ‍ᠢᠶ᠋ᠠᠷ
ᠠᠮᠠᠯᠠᠭᠤᠯᠵᠤ ᠲᠥᠷᠦᠭᠰᠡᠨ ᠤᠨᠠᠭ᠎ᠠ ᠶᠤᠮ
ᠮᠢᠩᠭᠠᠨ ᠰᠦᠷᠦᠭ  ‍ᠦᠨ ᠠᠭᠲᠠ ᠠ᠋ᠴᠠ 
ᠮᠠᠩᠯᠠᠢ ‍ᠳᠤ ᠳᠠᠪᠬᠢᠬᠰᠠᠨ ᠮᠣᠷᠢ ᠯᠠ ᠶᠤᠮ 
ᠮᠠᠩᠨᠠᠢ ᠲᠡᠬᠡᠷ᠎ᠠ ᠪᠠᠨ ᠮᠠᠡᠳᠤᠯ ᠎ᠲᠠᠢ
ᠮᠠᠡᠳᠤᠯ ᠳᠤᠮᠳᠠ ᠎ᠪᠠᠨ ᠱᠠᠩᠬᠤ ᠎ᠲᠠᠢ
ᠱᠠᠩᠬᠤᠨ ᠳᠤᠮᠳᠠ ᠎ᠪᠠᠨ ᠰᠠᠷᠠ ᠎ᠲᠠᠢ
ᠬᠥᠭᠰᠢᠨ ᠬᠣᠣᠬᠤᠩ ᠲᠣᠪᠤᠬᠠᠢ
ᠬᠠᠩᠭᠠᠢ ᠰᠢᠯᠢ ‍ᠶ᠋ᠢᠨ ᠴᠢᠭᠤᠯᠭᠠᠠ ᠲᠡᠬᠡᠷ᠎ᠠ

ᠬᠠᠮᠤᠭ ᠣᠯᠠᠨ ‍ᠤ ᠨᠠᠶ᠋ᠢᠷ ᠳᠡᠭᠡᠷ᠎ᠡ
ᠬᠣᠷᠢᠨ ᠲᠠᠪᠤᠨ ᠨᠠᠰᠤᠡ ᠳ᠋ᠠᠭᠠᠨ
ᠬᠣᠣᠬᠤᠩ ᠴᠣᠯᠠ ‍ᠶ᠋ᠢ ᠣᠯᠤᠯ᠎ᠠ ᠳ᠋ᠠ
ᠬᠤᠷ ᠦᠳᠬᠡᠡ ᠰᠡᠭᠦᠯ ᠎ᠪᠡᠨ ᠰᠢᠩᠬᠡᠷᠡᠳᠡᠯ᠎ᠠ ᠎ᠪᠠᠨ ᠭᠦᠶᠦᠯ᠎ᠡ ᠪᠢ
ᠬᠣᠮᠪᠤᠡ ᠲᠦᠷᠪᠡᠡ ᠲᠤᠭᠤᠷᠠᠢ ᠎ᠪᠠᠨ
ᠡᠯᠡᠭᠳᠡᠲᠡᠯ᠎ᠡ ᠎ᠪᠠᠨ ᠭᠦᠶᠦᠯ᠎ᠡ ᠪᠢ
ᠠᠮᠠᠭᠠᠢ ᠵᠤᠤᠵᠠᠢ ᠬᠤᠶᠠᠷ ‍ᠢ 
ᠠᠭᠠᠵᠢᠭᠤ ᠵᠦᠬᠡᠯᠡᠬᠡᠡ ᠲᠠᠲᠠᠭᠠᠷᠠᠢ
ᠬᠦᠬᠡᠷᠦᠬᠦᠡ ᠲᠦᠷᠦᠭᠰᠡᠡ ᠪᠡᠶ᠎ᠡ ‍ᠶ᠋ᠢ ᠮᠢᠨᠢ
ᠬᠥᠩᠭᠡᠨ ᠬᠥᠩᠭᠡᠨ ᠭᠤᠶᠠᠳᠠᠭᠠᠷᠠᠢ
ᠠᠷᠤ ᠲᠠᠪᠢᠨ ᠳᠣᠯᠣᠭ᠎ᠠ ᠳ᠋ᠠᠭᠠᠨ
ᠠᠯᠭᠠᠰᠠᠯ ᠦᠭᠡᠢ ᠲᠡᠷᠢᠭᠦᠯᠡᠯ᠎ᠡ ᠪᠢ
ᠥᠪᠥᠷ ᠳᠥᠴᠢᠨ ᠶᠢᠰᠦ ᠳ᠋ᠡᠭᠡᠨ
ᠥᠪᠡᠷ ‍ᠦᠨ ᠳᠤᠷ᠎ᠠ ᠎ᠪᠠᠷ ᠲᠡᠷᠢᠭᠦᠯᠡᠯ᠎ᠡ 

ᠥᠪᠡᠷ ‍ᠦᠨ ᠳᠤᠷ᠎ᠠ ᠎ᠪᠠᠷ ᠲᠡᠷᠢᠭᠦᠯᠡᠯ᠎ᠡ
ᠥᠪᠡᠷ ‍ᠦᠨ ᠳᠤᠷ᠎ᠠ ᠎ᠪᠠᠷ ᠲᠡᠷᠢᠭᠦᠯᠡᠯ᠎ᠡ

ᠦᠰᠦᠭ ᠠᠮᠢᠯᠠᠭᠤᠯᠤᠭᠴᠢ ᠮᠢᠳᠤᠭᠮ᠎ᠠ 

ᠬᠢᠨᠠᠭᠴᠢ ᠪᠠᠭᠰᠢ᠄ᠰᠡᠷᠭᠦᠯᠡᠩ᠂ᠤᠳᠬᠠᠡᠴᠡᠴᠡᠭ ᠂ᠪᠠᠶᠠᠷᠴᠡᠴᠡᠭ