ᠣᠨᠢᠰᠤᠭ᠎ᠠ – ᠲᠩᠷᠢ ᠭᠠᠵᠠᠷ ᠦ᠋ᠨ ᠦᠵᠡᠭᠳᠡᠯ ᠦ᠋ᠨ ᠲᠤᠬᠠᠢ Оньсого – Тэнгэр газрын үзэгдлийн тухай
ᠣᠨᠢᠰᠤᠭ᠎ᠠ – ᠲᠩᠷᠢ ᠭᠠᠵᠠᠷ ᠦ᠋ᠨ ᠦᠵᠡᠭᠳᠡᠯ ᠦ᠋ᠨ ᠲᠤᠬᠠᠢ
1. ᠡᠩ ᠦᠭᠡᠢ ᠶᠡᠬᠡ
ᠲᠡᠩ ᠦᠭᠡᠢ ᠬᠥᠬᠡ
( ᠲᠩᠷᠢ ᠂ ᠣᠭᠲᠠᠷᠭᠤᠢ )
2. ᠲᠤᠭᠤᠯᠵᠤ ᠪᠠᠷᠠᠬᠤ ᠦᠭᠡᠢ ᠨᠤᠲᠤᠭ ᠲᠠᠢ
ᠲᠣᠭᠠᠯᠠᠵᠤ ᠪᠠᠷᠠᠬᠤ ᠦᠭᠡᠢ ᠲᠣᠷᠤᠮ ᠲᠠᠢ
( ᠣᠭᠲᠠᠷᠭᠤᠢ ᠂ ᠣᠲᠣᠳ )
3. ᠵᠢᠩ ᠲᠣᠷᠬ᠋᠎ᠠ ᠵᠠᠬ᠎ᠠ ᠦᠭᠡᠢ
ᠵᠢᠵᠢᠭ᠌ ᠰᠤᠪᠤᠳ ᠨᠦᠬᠡ ᠦᠭᠡᠢ
( ᠲᠩᠷᠢ ᠂ ᠣᠲᠣᠳ )
4. ᠠᠪᠤ ᠶ᠋ᠢᠨ ᠰᠤᠮᠤ ᠶ᠋ᠢ ᠲᠣᠭᠠᠯᠠᠵᠤ ᠪᠠᠷᠠᠲᠠᠭ ᠦᠭᠡᠢ
ᠡᠵᠢ ᠶ᠋ᠢᠨ ᠬᠥᠨᠵᠢᠯᠡ ᠶ᠋ᠢ ᠡᠪᠬᠡᠵᠦ ᠪᠣᠯᠲᠠᠭ ᠦᠭᠡᠢ
( ᠣᠲᠣᠳ ᠂ ᠲᠩᠷᠢ )
5. ᠡᠩᠲᠦ ᠲᠣᠷᠬ᠋᠎ᠠ ᠶ᠋ᠢ ᠡᠪᠬᠡᠵᠦ ᠪᠣᠯᠬᠤ ᠦᠭᠡᠢ
ᠮᠥᠩᠭᠥᠨ ᠰᠤᠪᠤᠳ ᠊ᠢ ᠬᠡᠯᠬᠢᠵᠦ ᠪᠣᠯᠬᠤ ᠦᠭᠡᠢ
( ᠣᠭᠲᠠᠷᠭᠤᠢ ᠂ ᠣᠲᠣ )
6. ᠠᠶᠠᠬ᠋᠎ᠠ ᠶ᠋ᠢᠨ ᠴᠢᠨᠡᠭᠡ ᠰᠢᠷ᠎ᠠ ᠲᠣᠰᠣᠨ ᠳᠦ
ᠠᠮᠢᠲᠠᠨ ᠪᠦᠬᠦᠨ ᠰᠢᠮᠡᠲᠦᠨᠡ
( ᠨᠠᠷᠠ )
7. ᠵᠠᠪᠠᠭ ᠲᠤ ᠽᠠᠨᠲᠠᠨ ᠠᠶᠠᠬ᠋᠎ᠠ
( ᠨᠠᠷᠠ )
8. ᠮᠥᠰᠥᠨ ᠳᠡᠭᠡᠷ᠎ᠡ ᠮᠥᠩᠭᠥᠨ ᠠᠶᠠᠬ᠋᠎ᠠ
ᠴᠠᠰᠤᠨ ᠳᠡᠭᠡᠷ᠎ᠡ ᠱᠠᠭᠠᠵᠠᠩ ᠠᠶᠠᠬ᠋᠎ᠠ
( ᠨᠠᠷᠠ ᠂ ᠰᠠᠷ᠎ᠠ )
9. ᠲᠤᠪ ᠬᠢᠭᠰᠡᠨ ᠭᠠᠤᠯᠢ
ᠲᠣᠭᠣᠭᠠᠨ ᠴᠢᠨᠡᠭᠡ ᠭᠠᠤᠯᠢ
ᠡᠷᠲᠡᠨᠢ ᠶ᠋ᠢᠨ ᠭᠠᠤᠯᠢ
ᠡᠨᠡ ᠣᠷᠣᠨ ᠳᠦ ᠪᠠᠶ᠋ᠢᠬᠤ ᠦᠭᠡᠢ ᠭᠠᠤᠯᠢ
( ᠰᠠᠷ᠎ᠠ )
10. ᠠᠯᠲᠠᠢ ᠬᠠᠩᠭᠠᠢ ᠶ᠋ᠢᠨ ᠠᠷᠤ ᠳᠦ
ᠠᠷᠪᠠᠨ ᠲᠦᠮᠡᠨ ᠠᠲᠤᠭᠤ ᠭᠡᠨ᠎ᠡ
ᠴᠦᠢᠯᠠᠭᠰᠠᠨ ᠳᠣᠯᠣᠬ᠋ᠠ ᠭᠡᠨ᠎ᠡ
ᠴᠤᠭᠯᠠᠭᠰᠠᠨ ᠵᠢᠷᠭᠤᠬ᠋ᠠ ᠭᠡᠨ᠎ᠡ
ᠴᠤᠪᠤᠷᠠᠭᠰᠠᠨ ᠭᠤᠷᠪᠠ ᠭᠡᠨ᠎ᠡ
ᠬᠠᠷ᠎ᠠ ᠴᠠᠭᠠᠨ ᠊ᠢ ᠢᠯᠭᠠᠭᠰᠠᠨ ᠬᠣᠶᠠᠷ ᠭᠡᠨ᠎ᠡ
ᠬᠠᠶᠠᠭᠲᠠᠵᠤ ᠬᠤᠴᠤᠷᠠᠭᠰᠠᠨ ᠨᠢᠭᠡ ᠭᠡᠨ᠎ᠡ
( ᠣᠲᠣᠳ ᠂ ᠳᠣᠯᠣᠭᠠᠨ ᠪᠤᠷᠬᠠᠨ ᠂ ᠵᠢᠷᠭᠤᠭᠠᠨ ᠮᠡᠴᠢᠳ ᠂
ᠭᠤᠷᠪᠠᠨ ᠮᠠᠷᠠᠯ ᠂ ᠨᠠᠷᠠ ᠰᠠᠷ᠎ᠠ ᠂ ᠦᠦᠷ ᠦ᠋ᠨ ᠴᠣᠯᠮᠣᠨ )
11. ᠲᠦᠮᠡᠨ ᠬᠣᠨᠢ ᠨᠢ ᠪᠡᠯᠴᠢᠭᠡᠳ ᠶᠠᠪᠤᠴᠢᠬᠤ ᠳᠦ
ᠲᠦᠨᠲᠦᠭᠡᠷ ᠬᠤᠴᠠ ᠨᠢ ᠤᠨᠲᠠᠭᠠᠳ ᠬᠣᠴᠣᠷᠤᠨ᠎ᠠ
( ᠣᠲᠣᠳ ᠂ ᠬᠡᠭᠡᠷ᠎ᠡ ᠬᠣᠨᠣᠭᠰᠠᠨ ᠰᠠᠷ᠎ᠠ )
12. ᠵᠣᠣ ᠶ᠋ᠢᠨ ᠠᠷᠤ ᠶ᠋ᠢᠨ ᠵᠢᠷᠭᠤᠭᠠᠨ ᠬᠠᠶ᠋ᠢᠯᠠᠰᠤ
ᠵᠣᠨ ᠣᠷᠭᠤᠬᠤ ᠦᠭᠡᠢ ᠡᠪᠦᠯ ᠤᠷᠭᠤᠨ᠎ᠠ
ᠡᠲᠦᠷ ᠣᠷᠭᠤᠬᠤ ᠦᠭᠡᠢ ᠰᠥᠨᠢ ᠤᠷᠭᠤᠨ᠎ᠠ
( ᠵᠢᠷᠭᠤᠭᠠᠨ ᠮᠡᠴᠢᠳ )
13. ᠠᠪᠤ ᠶ᠋ᠢᠨ ᠳᠡᠪᠡᠯ ᠊ᠢ ᠠᠯᠲᠠᠯᠠᠵᠤ ᠪᠣᠯᠬᠤ ᠦᠭᠡᠢ
ᠡᠵᠢ ᠶ᠋ᠢᠨ ᠳᠡᠪᠡᠯ ᠊ᠢ ᠡᠪᠬᠡᠵᠦ ᠪᠣᠯᠬᠤ ᠦᠭᠡᠢ
( ᠲᠩᠷᠢ ᠂ ᠭᠠᠵᠠᠷ )
14. ᠬᠥᠬᠡ ᠲᠣᠷᠬ᠋᠎ᠠ ᠶ᠋ᠢ ᠬᠥᠰᠢᠵᠦ ᠪᠣᠯᠬᠤ ᠦᠭᠡᠢ
ᠰᠢᠷ᠎ᠠ ᠲᠣᠷᠬ᠋᠎ᠠ ᠶ᠋ᠢ ᠰᠢᠬᠯᠠᠵᠤ ᠪᠣᠯᠬᠤ ᠦᠭᠡᠢ
( ᠲᠩᠷᠢ ᠂ ᠭᠠᠵᠠᠷ )
15. ᠲᠥᠷᠥ ᠶ᠋ᠢᠨ ᠬᠥᠬᠡ ᠪᠤᠬᠠᠨ ᠳᠦ
ᠲᠦᠮᠡᠨ ᠴᠡᠴᠡᠭ ᠠᠴᠢᠭᠠᠳ
ᠳᠠᠸᠠ ᠲᠠᠩᠭᠤᠳ ᠬᠥᠲᠥᠯᠦᠭᠡᠳ
ᠨᠢᠮ᠎ᠠ ᠴᠢᠪᠠᠭᠠᠨᠴᠠ ᠭᠡᠯᠢᠭᠡᠳ
16. ᠪᠡᠭᠡᠵᠢᠩ ᠡᠴᠡ ᠢᠷᠡᠭᠰᠡᠨ
ᠪᠠᠯ ᠴᠠᠭᠠᠨ ᠳᠠᠪᠤᠤ
ᠠᠯᠲᠠᠯᠠᠭᠠᠳ ᠦᠵᠡᠬᠦ ᠳᠦ
ᠠᠷᠪᠠᠨ ᠬᠣᠶᠠᠷ ᠠᠯᠲᠠ
ᠠᠮᠠᠯᠠᠭᠠᠳ ᠦᠵᠡᠬᠦ ᠳᠦ
ᠭᠤᠷᠪᠠᠨ ᠵᠠᠭᠤᠨ ᠵᠢᠷᠠᠨ ᠠᠮᠠ
( ᠵᠢᠯ ᠂ ᠰᠠᠷ᠎ᠠ ᠂ ᠡᠲᠦᠷ )
17. ᠠᠭᠠᠷᠤ ᠽᠠᠨᠲᠠᠨ ᠮᠣᠲᠣ
ᠠᠷᠪᠠᠨ ᠬᠣᠶᠠᠷ ᠮᠥᠴᠢᠷ ᠲᠡᠢ
ᠮᠥᠴᠢᠷ ᠪᠦᠷᠢ ᠨᠢ ᠭᠤᠴᠢᠨ ᠨᠠᠪᠴᠢ ᠲᠠᠢ
ᠨᠠᠪᠴᠢ ᠶ᠋ᠢᠨ ᠳᠡᠭᠡᠳᠦ ᠲᠠᠯ᠎ᠠ ᠨᠢ ᠰᠢᠷ᠎ᠠ
ᠳᠣᠣᠷᠠᠳᠤ ᠲᠠᠯ᠎ᠠ ᠨᠢ ᠬᠠᠷ᠎ᠠ
( ᠵᠢᠯ ᠂ ᠰᠠᠷ᠎ᠠ ᠂ ᠡᠲᠦᠷ ᠂ ᠰᠥᠨᠢ )
18. ᠰᠢᠯᠢ ᠶ᠋ᠢᠨ ᠭᠤᠷᠪᠠᠨ ᠳᠠᠪᠠᠬ᠋ᠠ
ᠴᠡᠯᠡᠶ᠋ᠢᠮᠡ ᠭᠤᠷᠪᠠᠨ ᠬᠥᠨᠲᠡᠢ
ᠨᠠᠪᠴᠢᠲᠤ ᠭᠤᠷᠪᠠᠨ ᠲᠠᠯ᠎ᠠ
ᠨᠠᠶ᠋ᠢᠷ ᠲᠠᠢ ᠭᠤᠷᠪᠠᠨ ᠪᠤᠯᠠᠭ
( ᠡᠪᠦᠯ ᠂ ᠬᠠᠪᠤᠷ ᠂ ᠵᠣᠨ ᠂ ᠨᠠᠮᠤᠷ )
19. ᠭᠣᠩᠬᠠᠭᠰᠠᠨ ᠭᠤᠷᠪᠠᠨ ᠬᠡᠦᠬᠡᠨ
ᠭᠣᠨᠢᠬᠠᠷᠠᠭᠰᠠᠨ ᠭᠣᠷᠪᠠᠨ ᠬᠠᠷ᠎ᠠ ᠬᠦᠦ
ᠬᠡᠴᠡᠭᠦᠦ ᠭᠤᠷᠪᠠᠨ ᠴᠢᠪᠠᠭᠠᠨᠴᠠ
ᠬᠡᠲᠡᠷ ᠭᠤᠷᠪᠠᠨ ᠡᠪᠦᠭᠡᠨ
( ᠵᠣᠨ ᠂ ᠨᠠᠮᠤᠷ ᠂ ᠡᠪᠦᠯ ᠂ ᠬᠠᠪᠤᠷ )
20. ᠰᠢᠯᠢ ᠶ᠋ᠢᠨ ᠭᠤᠷᠪᠠᠨ ᠳᠠᠪᠠᠬ᠋ᠠ ᠶ᠋ᠢ
ᠰᠢᠯᠢᠷᠬᠡᠵᠦ ᠳᠠᠪᠠᠨ᠎ᠠ
ᠰᠢᠪᠰᠢᠭᠲᠦ ᠭᠤᠷᠪᠠᠨ ᠳᠠᠪᠠᠬ᠋ᠠ ᠶ᠋ᠢ
ᠵᠦᠲᠡᠷᠡᠵᠦ ᠳᠠᠪᠠᠨ᠎ᠠ
ᠨᠠᠶ᠋ᠢᠷᠠᠲᠦ ᠭᠤᠷᠪᠠᠨ ᠪᠤᠯᠠᠭ ᠲᠤ ᠨᠣᠶ᠋ᠢᠷᠰᠤᠵᠤ ᠵᠢᠷᠭᠠᠨ᠎ᠠ
ᠨᠠᠪᠴᠢᠲᠤ ᠭᠤᠷᠪᠠᠨ ᠬᠥᠨᠲᠡᠢ ᠳᠦ
ᠴᠡᠩᠭᠡᠵᠦ ᠵᠢᠷᠭᠠᠨ᠎ᠠ
( ᠲᠥᠷᠪᠡᠨ ᠤᠯᠠᠷᠢᠯ )
21. ᠲᠡᠷᠡ ᠳᠡᠭᠡᠷ᠎ᠡ ᠲᠡᠮᠡᠭᠡ ᠦᠭᠡᠢ ᠨᠡᠭᠦᠲᠡᠯ
( ᠡᠭᠦᠯᠡ )
22. ᠬᠥᠲᠥᠯ ᠊ᠢ ᠬᠥᠪᠥᠩ ᠶ᠋ᠢᠡᠷ ᠪᠥᠭᠯᠡᠨ᠎ᠡ
( ᠮᠠᠨᠠᠨ ᠲᠠᠲᠠᠬᠤ )
23. ᠴᠡᠩᠬᠡᠷ ᠴᠡᠩᠬᠡᠷ ᠫᠠᠩᠰᠠᠨ ᠬᠥᠰᠢᠭᠡ
ᠴᠡᠪᠡᠷ ᠲᠤᠩᠭᠠᠯᠠᠭ ᠰᠡᠷᠢᠭᠦᠨ ᠬᠥᠰᠢᠭᠡ
ᠬᠠᠩᠭᠠᠢ ᠳᠡᠯᠡᠬᠡᠢ ᠶ᠋ᠢ ᠴᠢᠮᠡᠳᠡᠭ ᠬᠥᠰᠢᠭᠡ
ᠬᠠᠯᠠᠭᠤᠨ ᠨᠠᠷᠠᠨ ᠳᠦ ᠰᠡᠬᠦᠭᠳᠡᠳᠡᠭ ᠬᠥᠰᠢᠭᠡ
( ᠮᠠᠨᠠᠨ )
24. ᠬᠦᠯ ᠦᠭᠡᠢ ᠪᠠᠶ᠋ᠢᠵᠤ ᠶᠠᠪᠤᠲᠠᠭ
ᠨᠢᠲᠦ ᠦᠭᠡᠢ ᠪᠠᠶ᠋ᠢᠵᠤ ᠤᠬᠢᠯᠠᠲᠠᠭ
( ᠡᠭᠦᠯᠡ ᠂ ᠪᠣᠷᠣᠬ᠋᠎ᠠ )
25. ᠥᠨᠲᠥᠷ ᠡᠴᠡ ᠪᠤᠭᠤ ᠣᠷᠣᠮᠲᠠᠬᠤ ᠳᠦ
ᠦᠯᠦᠩ ᠡᠴᠡ ᠰᠤᠭᠤ ᠭᠠᠷᠤᠨ᠎ᠠ
( ᠲᠩᠷᠢ ᠳᠤᠤᠭᠠᠷᠴᠤ ᠪᠣᠷᠣᠭᠠᠨ ᠣᠷᠣᠬᠤ )
26. ᠪᠤᠲᠠᠯᠠᠩ ᠠᠭᠤᠯᠠ ᠶ᠋ᠢᠨ ᠣᠷᠣᠢ ᠳᠡᠭᠡᠷ᠎ᠡ
ᠪᠤᠭᠤ ᠢᠷᠡᠵᠦ ᠤᠷᠤᠮᠲᠡᠪᠡ
ᠪᠣᠲᠣᠯ ᠦᠭᠡᠢ ᠪᠠᠶ᠋ᠢᠲᠠᠯ᠎ᠠ
ᠡᠮᠡᠭᠡᠨ ᠢᠷᠡᠵᠦ ᠤᠬᠢᠯᠠᠪᠠ
( ᠲᠩᠷᠢ ᠳᠤᠤᠭᠠᠷᠴᠤ ᠪᠣᠷᠣᠭᠠᠨ ᠣᠷᠣᠬᠤ )
27. ᠳᠣᠪᠣ ᠳᠣᠪᠣ ᠲᠣᠰᠢᠯᠣᠢ
ᠲᠣᠪᠣᠷᠤᠤ ᠮᠥᠩᠭᠥᠨ ᠲᠣᠰᠢᠯᠣᠢ
ᠲᠣᠯᠣᠭᠠᠢ ᠳᠡᠭᠡᠷ᠎ᠡ ᠡᠴᠡ ᠤᠨᠠᠯ᠎ᠠ
( ᠮᠥᠨᠲᠥᠷ ᠣᠷᠣᠬᠤ )
28. ᠠᠯᠲᠠᠨ ᠲᠡᠮᠡᠭᠡ ᠠᠩᠭᠠᠰ ᠭᠡᠨ᠎ᠡ
ᠠᠷᠭᠠᠮᠵᠢ ᠶ᠋ᠢᠨ ᠦᠵᠦᠭᠦᠷ ᠭᠢᠯᠠᠰ ᠭᠡᠨ᠎ᠡ
( ᠴᠠᠬᠢᠯᠭᠠᠨ ᠭᠢᠯᠪᠠᠬᠤ )
29. ᠲᠤᠪ ᠳᠤᠭᠤᠢ ᠴᠤ᠌ ᠪᠣᠯᠤᠭᠠᠰᠠᠢ
ᠳᠤᠮᠳᠠ ᠪᠠᠨ ᠨᠦᠬᠡ ᠲᠡᠢ ᠴᠤ᠌ ᠪᠣᠯᠤᠭᠠᠰᠠᠢ
ᠪᠠᠷᠢᠭᠠᠳ ᠠᠪᠲᠠᠭ ᠴᠤ᠌ ᠪᠣᠯᠤᠭᠠᠰᠠᠢ
ᠪᠠᠬ᠎ᠠ ᠪᠠᠨ ᠬᠠᠨᠲᠠᠯ᠎ᠠ ᠲᠣᠭᠯᠠᠬᠤ ᠶᠤᠮᠰᠠᠨ
( ᠰᠣᠯᠣᠩᠬ᠋᠎ᠠ )
30. ᠲᠠᠯ᠎ᠠ ᠳᠡᠭᠡᠷᠡᠬᠢ
ᠲᠠᠪᠤᠨ ᠥᠩᠭᠡ ᠶ᠋ᠢᠨ ᠲᠣᠷᠬ᠋᠎ᠠ ᠶ᠋ᠢ
ᠴᠢ ᠴᠤ᠌ ᠠᠪᠴᠤ ᠪᠣᠯᠬᠤ ᠦᠭᠡᠢ
ᠪᠢ ᠴᠤ᠌ ᠠᠪᠴᠤ ᠪᠣᠯᠬᠤ ᠦᠭᠡᠢ
( ᠰᠣᠯᠣᠩᠬ᠋᠎ᠠ )
31 ᠂ ᠲᠣᠶ᠋ᠢᠯᠠᠬ᠋ᠠ ᠬᠥᠬᠡ ᠲᠡᠮᠡᠭᠡᠨ ᠡᠴᠡ
ᠲᠤᠭ ᠴᠠᠭᠠᠨ ᠨᠣᠣᠰᠣ ᠤᠨᠠᠨ᠎ᠠ
( ᠴᠠᠰᠤ ᠣᠷᠣᠬᠤ )
32. ᠬᠥᠪᠥᠩ ᠭᠡᠬᠦ ᠳᠦ ᠨᠣᠯᠤᠤᠷ ᠦᠭᠡᠢ
ᠬᠥᠨᠵᠢᠯᠡ ᠭᠡᠬᠦ ᠳᠦ ᠵᠠᠬ᠎ᠠ ᠦᠭᠡᠢ
ᠭᠤᠯᠢᠷ ᠭᠡᠬᠦ ᠳᠦ ᠤᠰᠤ ᠲᠠᠢ
ᠤᠰᠤ ᠭᠡᠬᠦ ᠳᠦ ᠮᠥᠬᠥᠯᠢᠭ᠋ ᠲᠡᠢ
( ᠴᠠᠰᠤ )
33. ᠳᠡᠭᠡᠪᠦᠷ ᠢᠰᠡᠭᠡᠢ ᠳᠡᠯᠡᠬᠡᠢ ᠶ᠋ᠢ ᠪᠦᠲᠡᠭᠡᠨᠡ
( ᠴᠠᠰᠤ )
43. ᠪᠠᠷᠠᠭᠤᠨ ᠲᠠᠯ᠎ᠠ ᠠ᠋ᠴᠠ ᠢᠷᠡᠭᠰᠡᠨ
ᠬᠣᠨᠢᠨ ᠪ ᠤᠭᠤᠴᠠ ᠶ᠋ᠢ
ᠱᠠᠪᠢ ᠲᠠᠪᠤ ᠪᠠᠷ ᠶ᠋ᠢᠠᠨ ᠢᠲᠡᠭᠡᠳ
ᠪᠠᠷᠠᠬᠤ ᠦᠭᠡᠢ ᠪᠠᠶ᠋ᠢᠬᠤ ᠳᠦ
ᠵᠡᠭᠦᠨ ᠲᠠᠯ᠎ᠠ ᠠ᠋ᠴᠠ ᠢᠷᠡᠭᠰᠡᠨ
ᠪᠣᠮᠪᠣᠭᠣᠷ ᠴᠠᠭᠠᠨ ᠬᠦᠦ
ᠭᠠᠭᠴᠠᠭᠠᠷ ᠶ᠋ᠢᠠᠨ ᠢᠲᠡᠭᠡᠳ ᠪᠠᠷᠠᠴᠢᠬᠠᠪᠠ
( ᠨᠠᠷᠠᠨ ᠳᠦ ᠴᠠᠰᠤ ᠬᠠᠶ᠋ᠢᠯᠠᠬᠤ )
35. ᠠᠭᠤᠯᠠ ᠠ᠋ᠴᠠ ᠢᠷᠡᠭᠰᠡᠨ ᠬᠠᠷ᠎ᠠ ᠲᠣᠷᠬ᠋᠎ᠠ ᠶ᠋ᠢ
ᠤᠷᠬᠠᠲᠠᠬᠤ ᠪᠠᠷ ᠨᠢ ᠣᠶᠣᠵᠤ ᠪᠣᠯᠲᠠᠭ ᠦᠭᠡᠢ
( ᠮᠥᠰᠥ )
36. ᠭᠠᠯ ᠳᠦ ᠰᠢᠲᠠᠲᠠᠭ ᠦᠭᠡᠢ
ᠤᠰᠤᠨ ᠳᠦ ᠵᠢᠪᠲᠡᠭ᠋ ᠦᠭᠡᠢ
( ᠮᠥᠰᠥ )
37. ᠲᠡᠷᠡ ᠲᠡᠨᠲᠡ ᠡᠴᠡ ᠳᠡᠪᠬᠡᠷᠴᠦ ᠢᠷᠡᠳᠡᠭ
ᠲᠩᠷᠢ ᠪᠤᠷᠬᠠᠨ ᠠ᠋ᠴᠠ ᠶᠠᠪᠤᠵᠤ ᠢᠷᠡᠳᠡᠭ
ᠬᠤᠴᠠ ᠶ᠋ᠢᠨ ᠡᠪᠡᠷ ᠬᠣᠮᠣᠶ᠋ᠢᠵᠤ ᠢᠷᠡᠳᠡᠭ
ᠬᠤᠷᠠᠭᠠᠨ ᠪ ᠰᠡᠭᠦᠯ ᠭᠣᠲᠣᠶ᠋ᠢᠵᠤ ᠢᠷᠡᠳᠡᠭ
( ᠡᠪᠦᠯ ᠦ᠋ᠨ ᠬᠦᠢᠲᠡᠨ )
38. ᠰᠡᠭᠦᠯ ᠦᠭᠡᠢ ᠣᠭᠣᠲᠣᠩ
ᠰᠡᠭᠦᠵᠢ ᠦᠭᠡᠢ ᠬᠡᠯᠡᠳᠡᠭ
ᠬᠦᠯ ᠦᠭᠡᠢ ᠲᠠᠶ᠋ᠢᠷᠠᠩ
ᠬᠥᠯᠥᠰᠥ ᠦᠭᠡᠢ ᠭᠢᠯᠲᠠᠩ
( ᠰᠠᠯᠬᠢᠨ )
39. ᠭᠦᠶᠦᠨ ᠭᠦᠶᠦᠨ ᠰᠢᠷᠭᠠᠭᠴᠢᠨ
ᠭᠦᠢᠴᠡᠭᠳᠡᠳᠡᠭ ᠦᠭᠡᠢ ᠰᠢᠷᠭᠠᠭᠴᠢᠨ
ᠪᠠᠶ᠋ᠢᠨ ᠪᠠᠶ᠋ᠢᠨ ᠰᠢᠷᠭᠠᠭᠴᠢᠨ
ᠪᠠᠷᠢᠬᠲᠠᠲᠠᠭ ᠦᠭᠡᠢ ᠰᠢᠷᠭᠠᠭᠴᠢᠨ
( ᠬᠤᠢ ᠰᠠᠯᠬᠢ )
40. ᠲᠣᠭᠣᠰᠣᠨ ᠳᠡᠪᠡᠯ ᠲᠡᠢ
ᠲᠣᠮᠣᠬ᠋ᠠ ᠦᠭᠡᠢ ᠬᠦᠦ
ᠲᠣᠩᠭᠣᠴᠢᠨ ᠳᠡᠪᠬᠡᠴᠡᠨ
ᠲᠣᠭᠯᠠᠵᠤ ᠶᠠᠪᠤᠨ᠎ᠠ
( ᠬᠤᠢ ᠰᠠᠯᠬᠢ )
41. ᠵᠢᠷᠠᠭᠠᠬᠠᠢ ᠵᠢᠷᠢᠯᠵᠡᠨᠡ
ᠵᠢᠷᠠᠨ ᠴᠠᠭᠠᠨ ᠪᠥᠬᠥᠯᠵᠡᠨᠡ
( ᠰᠠᠯᠬᠢ ᠂ ᠡᠪᠡᠰᠦ )
42. ᠲᠡᠷᠡ ᠲᠡᠨᠲᠡ ᠲᠡᠮᠡᠭᠡ ᠰᠢᠭ᠌
ᠲᠡᠭᠦᠨ ᠡᠴᠡ ᠨᠠᠭᠠᠭᠤᠷ ᠢᠮᠠᠬ᠋ᠠ ᠰᠢᠭ᠋
ᠪᠥᠵᠥᠩ ᠲᠠᠤᠯᠠᠢ ᠶ᠋ᠢᠨ ᠪᠦᠭᠡᠭᠡ ᠰᠢᠭ᠌
ᠪᠦᠭᠳᠦᠭᠡᠷ ᠴᠢᠨᠣ᠎ᠠ ᠶ᠋ᠢᠨ ᠴᠣᠭᠭᠢᠶ᠎ᠠ ᠰᠢᠭ᠋
( ᠵᠡᠷᠭᠡᠯᠭᠡ )
43. ᠨᠠᠷᠠᠨ ᠳᠣᠣᠭᠤᠷ ᠨᠠᠶ᠋ᠢᠭᠤᠬᠤ ᠰᠢᠭ᠋
ᠨᠠᠴᠢᠨ ᠱᠣᠩᠬᠣᠷ ᠰᠢᠭᠦᠷᠡᠬᠦ ᠰᠢᠭ᠌
ᠲᠩᠷᠢ ᠭᠠᠵᠠᠷ ᠨᠡᠶ᠋ᠢᠯᠡᠬᠦ ᠰᠢᠭ᠌
ᠲᠠᠩᠭᠢᠰ ᠳᠠᠯᠠᠢ ᠴᠠᠯᠭᠢᠬᠤ ᠰᠢᠭ᠋
( ᠵᠡᠷᠭᠡᠯᠭᠡ )
44. ᠪᠠᠯ ᠶ᠋ᠢᠠᠷ ᠶᠠᠪᠤᠭᠰᠠᠨ ᠵᠠᠮ ᠰᠢᠭ᠋
ᠪᠡᠯᠡᠬᠡᠨ ᠪᠠᠷᠢᠬᠰᠠᠨ ᠪᠠᠶ᠋ᠢᠰᠢᠩ ᠰᠢᠭ᠋
ᠡᠷ᠎ᠡ ᠮᠣᠷᠢᠨ ᠪ ᠶᠠᠪᠤᠲᠠᠯ ᠰᠢᠭ᠋
ᠡᠷᠬᠡ ᠬᠡᠦᠬᠡᠳ ᠦ᠋ᠨ ᠲᠣᠭᠯᠠᠭᠠᠮ ᠰᠢᠭ᠋
( ᠵᠡᠷᠭᠡᠯᠭᠡ )
45. ᠪᠤᠶᠠᠨᠲᠤ ᠶ᠋ᠢᠨ ᠪᠤᠭᠤᠷᠤᠯ ᠠᠵᠢᠷᠬ᠋ᠠ
ᠪᠤᠴᠠᠨ ᠪᠤᠴᠠᠨ ᠦᠦᠷᠰᠡᠬᠦ ᠳᠦ
ᠬᠡᠪ ᠲᠡᠭᠡᠨ ᠬᠡᠪᠲᠡᠭᠡᠳ ᠳᠡᠯᠡᠩᠨᠡᠬᠦ
( ᠪᠣᠷᠣᠭᠠᠨ ᠣᠷᠣᠵᠤ ᠨᠣᠭᠣᠬ᠋᠎ᠠ ᠣᠷᠭᠤᠬᠤ )
46. ᠪᠣᠲᠣᠪᠠᠴᠤ ᠬᠠᠷ᠎ᠠ ᠪᠤᠯᠠᠪᠠᠴᠤ ᠢᠯᠡ
( ᠰᠡᠭᠦᠲᠡᠷ )
47. ᠣᠨᠢᠰᠣᠬ᠋᠎ᠠ ᠶ᠋ᠢᠨ ᠲᠦᠷᠦᠭᠦᠦ
ᠣᠷᠣᠬ᠋ᠠ ᠬᠠᠷ᠎ᠠ
ᠦᠯᠢᠭᠡᠷ ᠦ᠋ᠨ ᠲᠦᠷᠦᠭᠦᠦ
ᠦᠷᠭᠦᠮᠡᠲᠡᠭᠡᠢ ᠬᠠᠷ᠎ᠠ
( ᠰᠡᠭᠦᠲᠡᠷ )
48. ᠪᠤᠯᠠᠵᠤ ᠪᠣᠯᠲᠠᠭ ᠦᠭᠡᠢ ᠪᠤᠯᠤ ᠬᠠᠷ᠎ᠠ ᠴᠢᠯᠠᠭᠤ
( ᠰᠡᠭᠦᠲᠡᠷ )
49. ᠬᠡᠵᠢᠶᠡᠨ ᠪ ᠮᠢᠨᠦ ᠡᠵᠢ ᠶ᠋ᠢᠨ ᠬᠢᠵᠦ ᠥᠭᠭᠦᠭᠰᠡᠨ ᠬᠠᠷ᠎ᠠ ᠪᠠᠷᠢᠪᠴᠢ
ᠬᠡᠪ ᠶ᠋ᠢᠡᠷ ᠶ᠋ᠢᠡᠨ ᠣᠲᠣ ᠬᠦᠷᠲᠡᠯ᠎ᠡ ᠪᠠᠶ᠋ᠢᠨ᠎ᠠ
( ᠰᠡᠭᠦᠲᠡᠷ )
50. ᠭᠡᠷ ᠳᠡᠭᠡᠷ᠎ᠡ ᠭᠡᠷᠡᠯᠯᠢᠭ
ᠭᠡᠷ ᠦ᠋ᠨ ᠬᠣᠶ᠋ᠢᠨ᠎ᠠ ᠰᠠᠷᠠᠯᠠᠭ
( ᠭᠡᠷ ᠦ᠋ᠨ ᠰᠡᠭᠦᠲᠡᠷ )
51. ᠢᠷᠭᠡ ᠰᠡᠷᠭᠡ ᠶ᠋ᠢᠨ ᠠᠷᠠᠰᠤ ᠡᠩ ᠰᠠᠴᠠᠭᠤᠬᠠᠨ
( ᠲᠩᠷᠢ ᠭᠠᠵᠠᠷ )
52.ᠢᠷᠭᠡ ᠶ᠋ᠢᠨ ᠬᠦᠵᠡᠭᠡ ᠦᠰᠦ ᠦᠭᠡᠢ
ᠰᠡᠷᠭᠡ ᠶ᠋ᠢᠨ ᠬᠦᠵᠡᠭᠡ ᠦᠰᠦ ᠲᠡᠢ
( ᠲᠩᠷᠢ ᠭᠠᠵᠠᠷ )
53. ᠬᠠᠭᠠᠨ ᠡᠭᠦᠲᠡ ᠪᠡᠨ ᠰᠡᠬᠦᠬᠦᠯᠡᠷ ᠵᠠᠭᠠᠨ ᠠᠲᠤᠭᠤ ᠪᠠᠨ ᠬᠤᠷᠢᠶᠠᠨ᠎ᠠ
( ᠦᠦᠷ ᠴᠠᠶ᠋ᠢᠵᠤ ᠣᠲᠣᠳ ᠵᠠᠮᠬᠠᠷᠠᠬᠤ )
54. ᠵᠠᠭᠠᠨ ᠪ ᠠᠮᠠ ᠠᠩᠭᠠᠰ ᠬᠢᠨ᠎ᠡ
ᠽᠠᠮᠪᠤᠲᠢᠪ ᠮᠠᠯᠲᠠᠰ ᠬᠢᠨ᠎ᠡ
( ᠦᠦᠷ ᠴᠠᠶ᠋ᠢᠵᠤ ᠨᠠᠷᠠ ᠭᠠᠷᠬᠤ )
55. ᠬᠠᠷᠭᠤᠢ ᠳᠦ ᠬᠠᠲᠠᠭᠰᠠᠨ ᠴᠢᠤᠠᠬᠥᠷ
ᠬᠠᠷᠠᠩᠭᠤᠢ ᠳᠦ ᠬᠡᠳᠡᠭᠰᠡᠨ ᠴᠢᠤᠠᠬᠥᠷ
( ᠦᠲᠡᠰᠢ ᠰᠥᠨᠢ ᠪᠣᠯᠬᠤ )
56. ᠨᠢᠭᠡᠨ ᠣᠶᠣᠲᠠᠯᠲᠤ ᠬᠥᠬᠡ ᠲᠣᠷᠭᠠᠨ ᠰᠢᠬᠦᠷ
ᠨᠡᠶ᠋ᠢᠭᠡᠮ ᠶ᠋ᠢᠡᠷ ᠰᠦᠷᠦᠭᠯᠡᠨ ᠭᠥᠶᠥᠬᠥ ᠭᠡᠭᠡᠨ ᠰᠤᠪᠤᠳ ᠡᠷᠲᠡᠨᠢ
ᠨᠢᠰᠦᠨ ᠳᠣᠪᠲᠣᠯᠬᠤ ᠬᠠᠰ ᠡᠷᠲᠡᠨᠢ ᠶ᠋ᠢᠨ ᠪᠥᠮᠪᠥᠷᠴᠡᠭ
ᠨᠡᠶ᠋ᠢᠯᠡᠭᠦᠯᠦᠨ ᠰᠢᠨᠵᠢᠯᠡᠪᠡᠯ ᠮᠢᠨᠦ ᠨᠣᠶ᠋ᠢᠷ ᠬᠦᠷᠦᠨ᠎ᠡ
( ᠰᠥᠨᠢ )
57. ᠬᠦᠯ ᠦᠭᠡᠢ ᠬᠦᠶᠦᠭᠴᠢ ᠬᠦᠷᠵᠡ ᠦᠭᠡᠢ ᠮᠠᠯᠲᠠᠭᠴᠢ
( ᠤᠰᠤ )
58. ᠬᠠᠷ᠎ᠠ ᠲᠣᠷᠬ᠋᠎ᠠ ᠶ᠋ᠢ ᠬᠠᠶ᠋ᠢᠴᠢᠯᠠᠵᠤ ᠪᠣᠯᠲᠠᠭ ᠦᠭᠡᠢ
( ᠤᠰᠤ )
59. ᠤᠷᠲᠤ ᠬᠠᠷ᠎ᠠ ᠮᠣᠷᠢ ᠶ᠋ᠢ ᠤᠷᠬ᠋᠎ᠠ ᠪᠠᠷ ᠪᠠᠷᠢᠵᠤ ᠪᠣᠯᠬᠤ ᠦᠭᠡᠢ
( ᠭᠣᠣᠯ ᠦ᠋ᠨ ᠤᠰᠤ )
60. ᠬᠠᠷ᠎ᠠ ᠮᠣᠷᠢ ᠬᠠᠶ᠋ᠢᠪᠠᠩ ᠬᠠᠲᠠᠷᠢᠨ᠎ᠠ
ᠬᠠᠵᠠᠭᠠᠷ ᠦᠭᠡᠢ ᠵᠢᠬᠢᠨ ᠬᠠᠲᠠᠷᠢᠨ᠎ᠠ
( ᠭᠣᠣᠯ ᠮᠥᠷᠡᠨ )
61. ᠰᠢᠯ ᠦ᠋ᠨ ᠳᠣᠣᠭᠤᠷ ᠰᠢᠪᠡᠨᠡᠯᠲᠦᠭᠡᠳ ᠪᠠᠶ᠋ᠢᠨ᠎ᠠ
( ᠮᠥᠰᠥᠨ ᠳᠣᠣᠭᠤᠷ ᠤᠰᠤ ᠤᠷᠤᠰᠬᠤ )
62. ᠬᠥᠲᠡᠭᠡ ᠳᠦ ᠬᠥᠬᠡ ᠲᠣᠬᠣᠮ
( ᠨᠠᠭᠤᠷ )
63. ᠬᠠᠷ᠎ᠠ ᠲᠣᠷᠬ᠋᠎ᠠ ᠶ᠋ᠢ ᠬᠠᠷᠪᠤᠵᠤ ᠪᠣᠯᠲᠠᠭ ᠦᠭᠡᠢ
ᠰᠢᠷ᠎ᠠ ᠲᠣᠷᠬ᠋᠎ᠠ ᠶ᠋ᠢ ᠰᠢᠬᠯᠠᠵᠤ ᠪᠣᠯᠲᠠᠭ ᠦᠭᠡᠢ
( ᠤᠰᠤ ᠂ ᠭᠠᠯ )
64. ᠲᠡᠷᠡ ᠲᠡᠨᠲᠡ ᠲᠠᠰ ᠭᠡᠪᠡ
ᠲᠡᠮᠡᠭᠡᠨ ᠪ ᠰᠡᠭᠦᠯ ᠭᠣᠲᠣᠰ ᠭᠡᠪᠡ
( ᠠᠶᠤᠩᠬ᠋ᠠ ᠂ ᠴᠠᠬᠢᠯᠭᠠᠨ )
65. ᠡᠷᠡᠦ ᠦᠭᠡᠢ ᠲᠡᠮᠡᠭᠡ ᠡᠪᠡᠰᠦ ᠪᠠᠷᠠᠨ᠎ᠠ
( ᠲᠤᠶ᠋ᠢᠮᠦᠷ )
66. ᠬᠠᠷ᠎ᠠ ᠮᠣᠷᠢ ᠬᠠᠶ᠋ᠢᠪᠠᠩ ᠬᠠᠲᠠᠷᠢᠲᠠᠭ
ᠬᠠᠷ᠎ᠠ ᠲᠣᠬᠣᠮ ᠰᠤᠭᠤᠷᠠᠨ ᠬᠣᠴᠣᠷᠲᠠᠭ
( ᠲᠦᠢᠮᠡᠷ )
67. ᠰᠢᠷ ᠪᠣᠲᠣᠭ ᠦᠭᠡᠢ ᠪᠠᠶ᠋ᠢᠲᠠᠯ᠎ᠠ ᠪᠠᠨ ᠤᠯᠠᠭᠠᠨ
ᠰᠢᠯᠪᠢ ᠲᠤᠭᠤᠷᠠᠢ ᠦᠭᠡᠢ ᠪᠠᠶ᠋ᠢᠲᠠᠯ᠎ᠠ ᠶᠠᠪᠤᠮᠠᠬᠠᠢ
ᠰᠢᠩᠭᠡᠭᠡᠬᠦ ᠬᠣᠲᠣᠭᠣᠲᠣ ᠦᠭᠡᠢ ᠪᠠᠶ᠋ᠢᠲᠠᠯ᠎ᠠ ᠪᠠᠨ ᠢᠲᠡᠮᠡᠬᠡᠢ
( ᠲᠦᠢᠮᠡᠷ )
68. ᠲᠣᠭᠲᠠᠬᠤ ᠨᠢ ᠭᠠᠵᠠᠷ ᠲᠦ
ᠲᠣᠲᠣᠷᠠᠬᠤ ᠨᠢ ᠣᠭᠲᠠᠷᠭᠤᠢ ᠳᠦ
( ᠭᠠᠯ )
69. ᠲᠡᠮᠦᠷ ᠪᠠᠭᠠᠨ᠎ᠠ ᠲᠩᠷᠢ ᠲᠤᠯᠤᠨ᠎ᠠ
( ᠤᠲᠤᠬ᠋᠎ᠠ )
70. ᠬᠥᠨᠲᠡᠢ ᠤᠷᠤᠭᠤ ᠬᠦᠪᠦᠭᠦᠯᠦᠨᠡ
ᠬᠦᠯ ᠨᠢᠴᠦᠭᠦᠨ ᠵᠢᠬᠢᠭᠦᠯᠦᠨᠡ ᠲᠠᠯ᠎ᠠ ᠤᠷᠤᠭᠤ ᠳᠠᠶ᠋ᠢᠪᠠᠭᠤᠯᠤᠨᠡ
ᠲᠠᠰᠢᠭᠤᠷ ᠦᠭᠡᠢ ᠭᠤᠶ᠋ᠢᠪᠢᠭᠤᠯᠤᠨᠠ
( ᠰᠢᠭᠤᠷᠬ᠋ᠠ )
71. ᠬᠡᠯᠡ ᠪᠦᠭᠦᠲᠡ ᠪᠡᠷ ᠶᠠᠷᠢᠲᠠᠭ ᠬᠥᠮᠦᠨ
ᠬᠡᠨ ᠪᠦᠬᠦᠨ ᠊ᠢ ᠳᠠᠭᠤᠷᠢᠶᠠᠳᠠᠭ ᠬᠥᠮᠦᠨ
( ᠴᠤᠤᠷᠠᠢ )
ᠦᠰᠦᠭ ᠠᠮᠢᠯᠠᠭᠤᠯᠤᠭᠰᠠᠨ ᠨᠢ ᠄ ᠰᠢᠯᠤᠭᠤᠨ
《 ᠮᠣᠩᠭᠣᠯ ᠠᠷᠠᠳ ᠦ᠋ᠨ ᠠᠮᠠᠨ ᠵᠣᠬᠢᠶᠠᠯ ᠦ᠋ᠨ ᠳᠡᠭᠡᠵᠢ ᠪᠢᠴᠢᠭ 》 ᠡᠴᠡ ᠰᠣᠩᠭᠣᠪᠠ
