ᠰᠠᠮᠪᠠᠷ᠎ᠠ ᠶᠢᠨ ᠠᠯᠴᠢᠭᠤᠷ – ᠱ · ᠴᠠᠩᠲᠤ ᠂ ᠠᠶᠤᠰᠢ Самбарын алчуур – Ш · Цанд ᠂ Аюуш
ᠰᠠᠮᠪᠠᠷ᠎ᠠ ᠶᠢᠨ ᠠᠯᠴᠢᠭᠤᠷ
[ ᠮᠣᠩᠭᠣᠯ ] ᠱ · ᠴᠠᠩᠲᠤ — ᠠᠶᠤᠰᠢ
ᠣᠲᠦᠬᠦᠦ ᠠᠩᠬᠢ ᠳᠦ ᠪᠠᠨ ᠵᠢᠱ᠌ᠢᠶᠡᠴᠢ ᠰᠤᠷᠤᠭᠴᠢ ᠶ᠋ᠢᠨ ᠨᠢᠭᠡᠨ ᠳᠦ ᠣᠷᠣᠲᠠᠭ ᠪᠠᠶ᠋ᠢᠯ᠎ᠠ ᠃ ᠪᠠᠭᠰᠢ ᠠᠩᠬᠢ ᠶ᠋ᠢᠨ ᠬᠤᠷᠠᠯ ᠪᠣᠯᠭᠠᠨ ᠳᠦ ᠶᠡᠷᠦ ᠨᠢ ᠶᠠᠭᠤᠮ᠎ᠠ ᠯᠠ ᠪᠣᠯᠪᠠᠯ 《 ᠲᠠ ᠨᠠᠷ ᠬᠤᠪᠴᠠᠰᠤ ᠪᠠᠨ ᠶᠡᠷᠦ ᠨᠢ ᠣᠲᠦᠬᠦᠦ ᠰᠢᠭ᠋ ᠴᠡᠪᠡᠷ ᠦᠵᠡᠮᠵᠢᠲᠡᠢ ᠂ ᠬᠠᠶ᠋ᠢᠷ᠎ᠠ ᠭᠠᠮᠲᠠᠢ ᠡᠮᠦᠰᠴᠦ ᠰᠤᠷᠬᠤ ᠬᠡᠷᠡᠭᠲᠡᠢ 》 ᠭᠡᠵᠦ ᠨᠡᠷ᠎ᠡ ᠶ᠋ᠢ ᠨᠢ ᠳᠠᠭᠤᠳᠠᠨ᠎ᠠ ᠃ ᠲᠡᠭᠦᠨ ᠪ ᠵᠠᠬ᠎ᠠ ᠶ᠋ᠢᠨ ᠴᠠᠭᠠᠨ ᠳᠠᠪᠤᠤ ᠴᠠᠰᠤ ᠰᠢᠭ᠋ ᠴᠠᠶ᠋ᠢᠷᠠᠵᠤ ᠂ ᠭᠤᠲᠤᠯ ᠨᠢ ᠨᠢᠭᠤᠷ ᠬᠠᠷᠠᠭᠲᠠᠬᠤ ᠪᠠᠷ ᠭᠢᠯᠲᠠᠭᠠᠨᠠᠨ᠎ᠠ ᠃ ᠬᠠᠭᠠᠰ ᠵᠢᠯ ᠡᠮᠦᠰᠦᠭᠡᠳ ᠪᠠᠶ᠋ᠢᠬ᠋᠎ᠠ ᠳᠥᠷᠢᠮᠳᠦ ᠬᠤᠪᠴᠠᠰᠤ ᠨᠢ ᠦᠴᠤᠭᠡᠲᠤᠷᠬᠡᠨ ᠳᠡᠯᠭᠡᠭᠦᠷ ᠡᠴᠡ ᠠᠪᠤᠭᠰᠠᠨ ᠶᠤᠮ ᠰᠢᠭ᠋ ᠰᠢᠪ ᠰᠢᠨᠡᠬᠡᠨ ᠬᠡᠪ ᠶ᠋ᠢᠡᠷ ᠶ᠋ᠢᠡᠨ ᠪᠠᠶ᠋ᠢᠯ᠎ᠠ ᠃ ᠵᠢᠭᠲᠡᠢᠬᠡᠨ ᠴᠡᠪᠡᠷ ᠴᠡᠮᠴᠡᠭᠡᠷ ᠲᠦ ᠨᠢ ᠥᠬᠢᠳ ᠬᠦᠷᠲᠡᠯ᠎ᠡ ᠠᠲᠠᠭᠠᠷᠬᠠᠨᠠ ᠃ ᠨᠢᠭᠡ ᠤᠲᠠᠬ᠋᠎ᠠ ᠠᠩᠬᠢ ᠶ᠋ᠢᠨ ᠬᠢᠨ ᠲᠣᠪᠴᠢᠨ ᠣᠲᠦᠬᠦᠦ ᠶ᠋ᠢ ᠲᠣᠯᠢᠲᠠᠨ ᠵᠣᠭᠰᠣᠵᠤ ᠪᠠᠶ᠋ᠢᠬᠤ ᠳᠦ ᠳᠡᠷᠭᠡᠳᠡ ᠨᠢ ᠣᠴᠢᠵᠤ ᠦᠰᠦ ᠪᠡᠨ ᠰᠠᠮᠨᠠᠭᠠᠳ ᠥᠪᠡᠷ ᠡᠴᠡ ᠪᠡᠨ ᠤᠴᠢᠷ ᠦᠭᠡᠢ ᠢᠴᠢᠯᠡ ᠃ ᠵᠠᠬ᠎ᠠ ᠶ᠋ᠢᠨ ᠴᠠᠭᠠᠨ ᠳᠠᠪᠤᠤ ᠶ᠋ᠢᠨ ᠬᠢᠨᠢ ᠥᠷᠥᠭᠡᠰᠦᠨ ᠰᠡᠵᠢᠭᠦᠷ ᠬᠠᠭᠵᠠᠷᠠᠵᠤ ᠰᠡᠷᠲᠡᠢᠭᠰᠡᠨ ᠳᠥᠷᠢᠮᠳᠦ ᠬᠤᠪᠴᠠᠰᠤ ᠨᠢ ᠦᠷᠴᠶ᠋ᠢᠵᠦ ᠬᠣᠷᠴᠢᠢᠭᠰᠠᠨ ᠂ ᠲᠣᠩ ᠴᠤ᠌ ᠪᠠᠶ᠋ᠢᠵᠠᠭᠠᠬᠤ ᠦᠭᠡᠢ ᠬᠠᠷᠠᠭᠲᠠᠪᠠ ᠃ 《 ᠪᠠᠭᠰᠢ ᠨᠠᠮᠠᠶ᠋ᠢ ᠬᠤᠪᠴᠠᠰᠤ ᠪᠠᠨ ᠴᠡᠪᠡᠷᠬᠡᠨ ᠡᠮᠦᠰ ᠭᠡᠵᠦ ᠪᠠᠶ᠋ᠢᠩᠭᠤ ᠱᠠᠭᠠᠷᠲᠠᠲᠠᠭ ᠨᠢ ᠠᠷᠬ᠋᠎ᠠ ᠦᠭᠡᠢ ᠶᠤᠮ ᠂ ᠬᠤᠪᠴᠠᠰᠤ ᠬᠤᠨᠠᠷ ᠲᠠᠢ ᠪᠠᠨ ᠬᠠᠮᠢᠶ᠎ᠠ ᠦᠭᠡᠢ ᠲᠣᠭᠯᠠᠲᠠᠭ ᠂ ᠭᠡᠷ ᠲᠤ ᠪᠡᠨ ᠣᠴᠢᠭᠠᠳ ᠰᠣᠯᠢᠲᠠᠭ ᠦᠭᠡᠢ ᠡᠴᠨ ᠯᠡ ᠡᠨᠡ ᠪᠠᠶ᠋ᠢᠬ᠎ᠠ ᠃ ᠡᠭᠦᠨ ᠡᠴᠡ ᠬᠤᠶ᠋ᠢᠰᠢ ᠬᠤᠪᠴᠠᠰᠤ ᠪᠠᠨ ᠣᠲᠦᠬᠦᠦ ᠰᠢᠭ᠋ ᠴᠡᠪᠡᠷ ᠨᠢᠮᠪᠠᠢ ᠡᠮᠦᠰᠬᠦ ᠶᠤᠮ ᠰᠢᠦ 》 ᠭᠡᠵᠦ ᠥᠪᠡᠷ ᠦ᠋ᠨ ᠡᠷᠬᠡ ᠦᠭᠡᠢ ᠪᠣᠲᠣᠬᠤ ᠳᠦ ᠬᠦᠷᠦᠯ᠎ᠡ ᠃ ᠭᠡᠪᠡᠴᠦ ᠬᠢᠴᠢᠶᠡᠯ ᠲᠠᠷᠬᠠᠭᠠᠳ ᠱᠠᠲᠤ ᠪᠠᠷ ᠳᠣᠭᠣᠭᠰᠢ ᠭᠦᠶᠦᠬᠦ ᠳᠦ ᠪᠠᠨ ᠬᠠᠨᠠᠨ ᠳᠦ ᠪᠠᠶ᠋ᠢᠬᠰᠠᠨ ᠬᠠᠲᠠᠭᠠᠰᠤ ᠶ᠋ᠢ ᠬᠠᠷᠠᠯ ᠦᠭᠡᠢ ᠬᠠᠨᠴᠤᠢ ᠪᠠᠨ ᠤᠩᠬᠢ ᠳᠠᠲᠠᠴᠢᠬᠠᠪᠠ ᠃ ᠡᠵᠢ ᠨᠢ ᠵᠠᠩᠨᠠᠵᠤ ᠪᠠᠶ᠋ᠢᠵᠤ ᠲᠡᠭᠦᠨ ᠊ᠢ ᠨᠢ ᠣᠶᠣᠵᠤ ᠦᠭᠭᠦᠯ᠎ᠡ ᠃ ᠮᠠᠷᠭᠠᠰᠢ ᠨᠢ ᠨᠥᠬᠦᠭᠡᠰᠦ ᠪᠣᠯᠤᠭᠰᠠᠨ ᠴᠠᠮᠴᠠ ᠲᠠᠢ ᠪᠠᠨ ᠢᠷᠡᠲᠡᠯ᠎ᠡ ᠠᠩᠬᠢ ᠳᠦ ᠨᠢ ᠭᠠᠭᠴᠠᠬᠠᠨ ᠣᠲᠦᠬᠦᠦ ᠪᠠᠶ᠋ᠢᠯ᠎ᠠ ᠃ ᠲᠡᠷᠡ ᠴᠠᠭᠠᠰᠢ ᠬᠠᠷᠠᠵᠤ ᠵᠣᠭᠰᠣᠭᠠᠳ ᠭᠤᠲᠤᠯ ᠶ᠋ᠢᠠᠨ ᠨᠢᠭᠡ ᠶᠠᠭᠤᠮ᠎ᠠ ᠪᠠᠷ ᠠᠷᠴᠢᠵᠤ ᠪᠠᠶ᠋ᠢᠬᠤ ᠶ᠋ᠢ ᠨᠢ ᠬᠠᠷᠠᠪᠠᠯ ᠰᠠᠮᠪᠠᠷ᠎ᠠ ᠶ᠋ᠢᠨ ᠠᠯᠴᠢᠭᠤᠷ ᠠᠵᠢ ᠃ ᠦᠶ᠎ᠡ ᠦᠶᠡᠬᠡᠨ ᠠᠯᠴᠢᠭᠤᠷ ᠨᠢ ᠠᠯᠠᠬ᠋᠎ᠠ ᠪᠣᠯᠴᠢᠬᠠᠭᠠᠳ ᠪᠠᠶ᠋ᠢᠲᠠᠭ ᠨᠢ ᠤᠴᠢᠷ ᠲᠠᠢ ᠠᠵᠢ ᠃ ᠡᠨᠡ ᠰᠠᠮᠪᠠᠷ᠎ᠠ ᠶ᠋ᠢᠨ ᠠᠯᠴᠢᠭᠤᠷ ᠊ᠢ ᠴᠢᠮᠡᠭ ᠥᠴᠥᠭᠡᠲᠦᠷᠬᠡᠨ ᠰᠢᠨ᠎ᠡ ᠪᠡᠷ ᠬᠢᠵᠦ ᠢᠷᠡᠭᠰᠡᠨ ᠪᠢᠯᠡ ᠃
— 《 ᠣᠲᠦᠬᠦᠦ ᠡᠴᠡ ᠦᠯᠢᠭᠡᠷ ᠵᠢᠱ᠌ᠢᠶ᠎ᠡ ᠠᠪ ᠭᠡᠵᠦ ᠪᠠᠭᠰᠢ ᠬᠦᠷᠲᠡᠯ᠎ᠡ ᠬᠡᠯᠡᠳᠡᠭ ᠰᠢᠦ ᠳ᠋ᠠ 》 ᠭᠡᠵᠦ ᠪᠣᠲᠣᠭᠲᠠᠭᠰᠠᠨ ᠪᠣᠯᠪᠠᠴᠤ ᠨᠢᠭᠡ ᠯᠡ ᠢᠩᠭᠢᠵᠦ ᠪᠣᠯᠤᠮ᠎ᠠ ᠦᠭᠡᠢ ᠰᠠᠨᠠᠭᠲᠠᠭᠠᠳ ᠄
— 《 ᠶᠠᠭᠠᠬᠢᠵᠤ ᠪᠠᠶ᠋ᠢᠬ᠋᠎ᠠ ᠶᠤᠮ ᠪᠤᠢ? ᠨᠠᠭᠠᠲᠤᠬᠢ ᠴᠢᠨᠢ ᠰᠠᠮᠪᠠᠷ᠎ᠠ ᠶ᠋ᠢᠨ ᠠᠯᠴᠢᠭᠤᠷ ᠰᠢᠦ ᠳ᠋ᠡ 》 ᠭᠡᠪᠡᠯ ᠂
— 《 ᠭᠤᠲᠤᠯ ᠲᠣᠭᠣᠰᠣ ᠪᠣᠯᠴᠢᠬᠠᠯ᠎ᠠ ᠃ ᠪᠠᠭᠰᠢ ᠬᠤᠪᠴᠠᠰᠤ ᠪᠠᠨ ᠴᠡᠪᠡᠷ ᠦᠵᠡᠮᠵᠢᠲᠡᠢ ᠡᠮᠦᠰᠴᠦ ᠶᠠᠪᠤ ᠭᠡᠳᠡᠭ ᠪᠢᠵᠡ ᠳ᠋ᠡ 》 ᠭᠡᠳ ᠲᠣᠭᠣᠭᠰᠠᠨ ᠦᠭᠡᠢ ᠃
— 《 ᠴᠢᠨᠦ ᠭᠤᠲᠤᠯ ᠠᠷᠴᠢᠬᠰᠠᠨ ᠠᠯᠴᠢᠭᠤᠷ ᠊ᠢ ᠭᠠᠷ ᠶ᠋ᠢᠠᠷ ᠶ᠋ᠢᠠᠨ ᠪᠠᠷᠢᠵᠤ ᠰᠠᠮᠪᠠᠷ᠎ᠠ ᠠᠷᠴᠢᠬᠤ ᠪᠣᠯᠵᠤ ᠪᠠᠶ᠋ᠢᠨ᠎ᠠ ᠤᠤ? 》 ᠭᠡᠪᠡᠯ ᠂
— 《 ᠡᠨᠡ ᠮᠠᠭᠤ ᠠᠯᠴᠢᠭᠤᠷ ᠊ᠢ ᠶᠠᠭᠠᠬᠢᠯ᠎ᠠ ᠭᠡᠵᠦ ᠡᠯᠭᠦᠬᠦ ᠪᠤᠢ? ᠪᠢ ᠭᠤᠲᠤᠯ ᠶ᠋ᠢᠠᠨ ᠠᠷᠴᠢᠴᠢᠬᠠᠭᠠᠳ ᠬᠣᠭ ᠦ᠋ᠨ ᠰᠠᠪᠠᠨ ᠳᠦ ᠬᠢᠴᠢᠬᠡᠨ᠎ᠡ ᠃ ᠴᠢ ᠴᠤ᠌ ᠭᠡᠰᠡᠨ ᠮᠢᠨᠦ ᠳᠠᠷᠠᠬ᠋᠎ᠠ ᠭᠤᠲᠤᠯ ᠶ᠋ᠢᠠᠨ ᠠᠷᠴᠢ ᠃ ᠮᠠᠭᠤᠬᠠᠢ ᠪᠣᠯᠴᠢᠬᠠᠭᠰᠠᠨ ᠪᠠᠶ᠋ᠢᠨ᠎ᠠ 》 ᠭᠡᠵᠦ ᠵᠥᠪᠯᠡᠪᠡ ᠃ ᠲᠣᠪᠴᠢᠨ ᠵᠠᠮ ᠦ᠋ᠨ ᠰᠢᠷᠣᠢ ᠳᠦ ᠴᠠᠶ᠋ᠢᠷᠠᠭᠰᠠᠨ ᠭᠤᠲᠤᠯ ᠶ᠋ᠢᠠᠨ ᠬᠠᠷᠠᠭᠠᠳ 《 ᠲᠡᠭᠡᠳᠡᠭ ᠴᠤ᠌ ᠶᠤᠮ ᠪᠢᠯᠡ ᠤᠤ? 》 ᠭᠡᠵᠦ ᠪᠣᠲᠣᠭᠰᠠᠨ ᠪᠣᠯᠪᠠᠴᠤ ᠰᠠᠮᠪᠠᠷ᠎ᠠ ᠶ᠋ᠢᠨ ᠠᠯᠴᠢᠭᠤᠷ ᠦᠭᠡᠢ ᠡᠴᠡ ᠬᠡᠦᠬᠡᠳ ᠦ᠋ᠨ ᠭᠠᠷ ᠂ ᠬᠤᠪᠴᠠᠰᠤ ᠬᠤᠨᠠᠷ ᠴᠣᠬᠣᠢ ᠳᠦ ᠴᠠᠪ ᠴᠠᠭᠠᠨ ᠪᠣᠯᠲᠠᠭ ᠊ᠢ ᠰᠠᠨᠠᠪᠠ ᠃ ᠡᠨᠡ ᠲᠤᠬᠠᠢ ᠬᠡᠯᠡᠪᠡᠯ ᠂
— 《 ᠵᠠ ᠂ ᠲᠡᠷᠡ ᠪᠠᠯᠢᠶᠠᠷ ᠠᠮᠢᠲᠠᠳ ᠶᠠᠭᠠᠬᠢᠨ᠎ᠠ ᠂ ᠪᠢᠲᠡᠨ ᠳᠦ ᠶᠠᠮᠠᠷ ᠬᠠᠮᠢᠶ᠎ᠠ ᠪᠠᠶ᠋ᠢᠨ᠎ᠠ ᠭᠡᠬᠦ ᠨᠢ ᠲᠡᠷᠡ 》 ᠭᠡᠨ᠎ᠡ ᠃ ᠲᠡᠭᠡᠬᠦ ᠳᠦ ᠲᠣᠪᠴᠢᠨ ᠳᠤᠷ᠎ᠠ ᠦᠭᠡᠶ᠋ᠢᠴᠡᠵᠦ ᠰᠠᠮᠪᠠᠷ᠎ᠠ ᠶ᠋ᠢᠨ ᠠᠯᠴᠢᠭᠤᠷ ᠊ᠢ ᠤᠭᠵᠠ ᠳᠠᠲᠠᠨ ᠮᠠᠭᠤᠲᠠᠯᠴᠠᠵᠤ ᠪᠠᠶ᠋ᠢᠲᠠᠯ᠎ᠠ ᠪᠠᠭᠰᠢ ᠢᠷᠡᠵᠦ ᠳᠡᠳᠡᠨ ᠪ ᠶᠠᠷᠢᠶ᠎ᠠ ᠶ᠋ᠢ ᠰᠣᠨᠣᠰᠴᠠᠢ ᠃
— 《 ᠵᠥᠪᠬᠡᠨ ᠥᠪᠡᠷ ᠦ᠋ᠨ ᠶ᠋ᠢᠡᠨ ᠬᠤᠪᠴᠠᠰᠤ ᠬᠤᠨᠠᠷ ᠊ᠢ ᠲᠡᠲᠤᠢ ᠦᠭᠡᠢ ᠂ ᠰᠤᠷᠭᠠᠭᠤᠯᠢ ᠶ᠋ᠢᠨ ᠶ᠋ᠢᠡᠨ ᠡᠳ᠋ ᠬᠣᠭᠰᠢᠯ ᠊ᠢ ᠴᠤ᠌ ᠬᠠᠶ᠋ᠢᠷᠠᠯᠠᠨ ᠬᠠᠮᠠᠭᠠᠯᠠᠵᠤ ᠂ ᠴᠡᠪᠡᠷ ᠴᠡᠮᠴᠡᠭᠡᠷ ᠪᠠᠶ᠋ᠢᠯᠭᠠᠬᠤ ᠬᠡᠷᠡᠭᠲᠡᠢ ᠳ᠋ᠠ 》 ᠭᠡᠳ ᠭᠠᠷᠴᠤ ᠶᠠᠪᠤᠯ᠎ᠠ ᠂ ᠣᠷᠣᠢ ᠨᠢ ᠠᠩᠬᠢ ᠶ᠋ᠢᠨ ᠬᠤᠷᠠᠯ ᠳᠡᠭᠡᠷ᠎ᠡ ᠪᠠᠭᠰᠢ ᠮᠦᠨ ᠯᠡ ᠬᠡᠦᠬᠡᠳ ᠦ᠋ᠳ ᠲᠤ ᠴᠡᠪᠡᠷ ᠦᠵᠡᠮᠵᠢᠲᠡᠢ ᠬᠤᠪᠴᠠᠯᠠᠵᠤ ᠶᠠᠪᠤᠬᠤ ᠶ᠋ᠢ ᠰᠠᠨᠠᠭᠤᠯᠪᠠ ᠃ ᠣᠲᠦᠬᠦᠦ 《 ᠣᠲᠣ ᠨᠠᠲᠠ ᠠ᠋ᠴᠠ ᠦᠯᠢᠭᠡᠷ ᠵᠢᠱ᠌ᠢᠶ᠎ᠡ ᠠᠪ ᠭᠡᠵᠦ ᠬᠡᠯᠡᠨ᠎ᠡ ᠳ᠋ᠠ 》 ᠬᠡᠮᠡᠨ ᠬᠦᠯᠢᠶᠡᠲᠡᠯᠡ ᠨᠡᠷ᠎ᠡ ᠶ᠋ᠢ ᠨᠢ ᠳᠤᠷᠠᠳᠤᠯ ᠦᠭᠡᠢ ᠥᠩᠭᠡᠷᠡᠵᠡᠢ ᠃
ᠦᠰᠦᠭ ᠠᠮᠢᠯᠠᠭᠤᠯᠤᠭᠰᠠᠨ ᠨᠢ : ᠪᠠᠭᠠᠲᠤᠷ
ᠬᠢᠨᠠᠭ᠍ᠴᠢ ᠪᠠᠭ᠍ᠰᠢ᠄ ᠴᠣᠯᠮᠣᠯᠲᠤᠶᠠᠭᠠ
