ᠰᠤᠷᠬᠠᠨ ᠰᠢᠷ᠎ᠠ ᠶᠢᠨ ᠬᠢᠨ ᠲᠡᠮᠦᠵᠢᠨ ᠢ ᠠᠪᠤᠷᠠᠭᠰᠠᠨ ᠨᠢ Сурхан шарынхан тэмүүжинг аварсан нь ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠤᠷᠬᠠᠨ ᠰᠢᠷ᠎ᠠ ᠶᠢᠨ ᠬᠢᠨ ᠲᠡᠮᠦᠵᠢᠨ ᠢ ᠠᠪᠤᠷᠠᠭᠰᠠᠨ ᠨᠢ Сурхан шарынхан тэмүүжинг аварсан нь

ᠰᠤᠷᠬᠠᠨ ᠰᠢᠷ᠎ᠠ ᠶᠢᠨ ᠬᠢᠨ ᠲᠡᠮᠦᠵᠢᠨ ᠢ ᠠᠪᠤᠷᠠᠭᠰᠠᠨ ᠨᠢ Сурхан шарынхан тэмүүжинг аварсан нь

ᠠᠩᠭᠢᠯᠠᠯ:ᠲᠡᠦᠬᠡ ᠰᠣᠶᠣᠯ
2023-02-26

427

ᠰᠤᠷᠬᠠᠨ ᠰᠢᠷ᠎ᠠ ᠶᠢᠨ ᠬᠢᠨ ᠲᠡᠮᠦᠵᠢᠨ ᠢ ᠠᠪᠤᠷᠠᠭᠰᠠᠨ ᠨᠢ



       ᠡᠪᠡᠰᠦ ᠮᠣᠲᠣ ᠬᠥᠬᠡᠷᠡᠭᠡᠳ ᠪᠠᠰᠠ ᠰᠢᠷᠠᠯᠠᠨ᠎ᠠ ᠂ ᠰᠢᠷᠠᠯᠠᠭᠠᠳ ᠪᠠᠰᠠ ᠬᠥᠬᠡᠷᠡᠨ᠎ᠡ ᠃ ᠥᠭᠡᠯᠦᠨ ᠡᠬᠡ ᠶ᠋ᠢᠨ ᠥᠨᠥᠴᠢᠨ ᠬᠡᠦᠬᠡᠳ ᠤᠲᠠᠯ ᠦᠭᠡᠢ ᠥᠰᠴᠦ ᠪᠣᠶ᠋ᠢᠵᠢᠪᠠ ᠃ ᠡᠭᠦᠨ  ᠳᠦ  ᠲᠠᠶ᠋ᠢᠴᠢᠭᠤᠳ ᠦ᠋ᠨ ᠲᠦᠷᠦᠭᠦᠦ ᠲᠠᠷᠭᠤᠲᠠᠢ ᠭᠢᠷᠢᠯᠲᠤᠭ ᠰᠢᠲᠠᠷ ᠨᠥᠬᠥᠳ ᠶ᠋ᠢᠡᠨ ᠴᠤᠭᠯᠠᠭᠤᠯᠵᠤ ᠄
     《 ᠬᠤᠷᠠᠭᠠᠨ ᠪ ᠦᠰᠦ ᠭᠤᠤᠵᠢᠪᠠ ᠂ ᠲᠥᠯᠥᠭᠡᠨ ᠪ ᠪᠡᠶ᠎ᠡ ᠲᠥᠯᠥᠵᠢᠪᠡ ᠂ ᠥᠭᠡᠯᠦᠨ ᠪ ᠬᠡᠦᠬᠡᠳ ᠥᠰᠴᠦ ᠪᠣᠶ᠋ᠢᠵᠢᠪᠠ ᠂ ᠥᠰᠢᠶ᠎ᠡ ᠪᠡᠨ ᠠᠪᠬᠤ ᠴᠠᠭ ᠪᠣᠯᠤᠭᠰᠠᠨ ᠪᠢᠰᠢ ‍ᠦᠦ ? 》 ᠭᠡᠵᠦ ᠲᠡᠮᠦᠵᠢᠨ ᠠᠬ᠎ᠠ ᠳᠡᠭᠦᠦ ᠨᠡᠷ ᠊ᠢ ᠳᠣᠪᠲᠣᠯᠬᠤ ᠪᠠᠷ ᠵᠥᠪᠯᠡᠨ ᠲᠣᠭᠲᠠᠪᠠ ᠃ 
     ᠨᠢᠭᠡᠨ ᠥᠷᠯᠥᠭᠡ ᠂ ᠲᠡᠮᠦᠵᠢᠨ ᠠᠬ᠎ᠠ ᠳᠡᠭᠦᠦ ᠨᠡᠷ ᠠᠩ ᠬᠥᠷᠥᠭᠡᠨ  ᠳᠦ ᠭᠠᠷᠬᠤ ᠭᠡᠵᠦ ᠪᠡᠯᠡᠤᠠᠬᠡᠵᠦ ᠪᠠᠶ᠋ᠢᠲᠠᠯ᠎ᠠ ᠂ ᠲᠠᠷᠭᠤᠲᠠᠢ ᠭᠢᠷᠢᠯᠲᠤᠭ ᠠᠶ᠋ᠢᠮᠠᠭ ᠦ᠋ᠨ ᠣᠯᠠᠨ ᠶ᠋ᠢᠠᠨ ᠳᠠᠭᠠᠭᠤᠯᠤᠨ ᠭᠡᠨᠡᠤᠠᠲᠡ ᠳᠣᠪᠲᠣᠯᠵᠤ ᠢᠷᠡᠪᠡ ᠃ ᠲᠡᠲᠡ ᠵᠠᠶ᠋ᠢᠯᠠᠨ ᠵᠠᠪᠲᠤᠬᠤ ᠦᠭᠡᠢ ᠪᠣᠯᠵᠤ ᠂ ᠴᠢᠲᠠᠨ ᠶᠠᠲᠠᠨ ᠡᠰᠡᠷᠭᠦᠴᠡᠪᠡ ᠃ ᠪᠡᠯᠭᠦᠲᠡᠢ ᠪᠢᠷ᠎ᠠ ᠶᠡᠬᠡᠲᠡᠢ ᠪᠣᠯᠬᠣᠷ ᠮᠣᠲᠣ ᠬᠤᠭᠤᠴᠢᠨ ᠲᠠᠰᠤᠯᠵᠤ ᠰᠢᠪᠡᠭᠡ ᠪᠠᠷᠢᠵᠤ ᠬᠣᠷᠢᠬᠯᠠᠪᠠ ᠃ ᠬᠠᠰᠠᠷ ᠮᠡᠷᠭᠡᠨ ᠬᠠᠷᠪᠤᠭᠠᠴᠢ ᠲᠤᠯᠠ ᠨᠢᠭᠡ ᠲᠠᠯ᠎ᠠ ᠪᠠᠷ ᠬᠠᠷᠪᠤᠨ ᠪᠠᠶ᠋ᠢᠯᠲᠤᠵᠤ ᠂ ᠨᠢᠭᠡ ᠲᠠᠯ᠎ᠠ ᠪᠠᠷ ᠬᠠᠴᠢᠭᠤᠨ ᠲᠡᠮᠦᠭᠡ ᠲᠡᠮᠦᠯᠦᠨ ᠭᠤᠷᠪᠠᠨ ᠳᠡᠭᠦᠦ ᠪᠡᠨ ᠠᠭᠤᠯᠠᠨ ᠪ ᠵᠡᠪᠡ  ᠳᠦ  ᠨᠢᠭᠤᠨ ᠳᠠᠯᠳᠠᠯᠠᠪᠠ ᠃ ᠲᠠᠶ᠋ᠢᠴᠢᠭᠤᠳ ᠨᠠᠷ ᠬᠠᠰᠠᠷ ᠦ᠋ᠨ ᠰᠤᠮᠤᠨ ᠠ᠋ᠴᠠ ᠳᠠᠭᠵᠢᠨ ᠵᠢᠷᠦᠬᠡᠰᠢᠵᠦ ᠄
     《 ᠲᠡᠮᠦᠵᠢᠨ ᠠᠬ᠎ᠠ ᠪᠠᠨ ᠭᠠᠷᠭᠠᠵᠤ ᠦᠭᠪᠡᠯ ᠪᠤᠰᠤᠳ ᠲᠤ ᠴᠢᠨᠢ ᠭᠡᠮ ᠬᠢᠬᠦ ᠦᠭᠡᠢ ᠂ ᠪᠢᠲᠡᠭᠡᠢ ᠬᠠᠷᠪᠤ ! 》 ᠭᠡᠵᠦ ᠪᠠᠷᠬᠢᠷᠠᠯᠲᠤᠪᠠ ᠃ 
      ᠲᠡᠮᠦᠵᠢᠨ ᠰᠣᠨᠣᠰᠤᠭᠠᠳ ᠰᠠᠨᠲᠤᠷᠤᠨ ᠮᠣᠷᠢᠨ  ᠳᠦ  ᠪᠠᠨ ᠮᠣᠷᠲᠠᠵᠤ ᠰᠡᠮ ᠶ᠋ᠢᠡᠷ ᠲᠡᠷᠢᠭᠦᠨ ᠥᠨᠲᠥᠷ ᠦ᠋ᠨ ᠰᠢᠭᠤᠢ  ᠳᠦ  ᠰᠢᠷᠭᠤᠨ ᠣᠷᠣᠪᠠ ᠃ ᠲᠠᠶ᠋ᠢᠴᠢᠭᠤᠳ ᠨᠠᠷ ᠲᠡᠮᠦᠵᠢᠨ ᠳᠤᠲᠠᠭᠠᠭᠰᠠᠨ ᠊ᠢ ᠦᠵᠡᠭᠡᠳ  ᠲᠡᠷᠢᠭᠦᠨ ᠥᠨᠲᠥᠷ  ᠵᠦᠭ ᠢᠪᠠᠭᠠᠨᠠᠵᠤ ᠣᠴᠢᠭᠠᠳ ᠂ ᠳᠠᠪᠬᠤᠷ ᠳᠠᠪᠬᠤᠷ ᠬᠦᠷᠢᠶᠡᠯᠡᠨ ᠰᠠᠬᠢᠪᠠ ᠃
      ᠲᠡᠮᠦᠵᠢᠨ ᠰᠢᠭᠤᠢ ᠶ᠋ᠢᠨ ᠳᠣᠲᠣᠷ᠎ᠠ ᠭᠤᠷᠪᠠ ᠬᠣᠨᠣᠭᠠᠳ ᠂ 《 ᠲᠠᠶ᠋ᠢᠴᠢᠭᠤᠳ ᠨᠠᠷ ᠪᠤᠴᠠᠭᠰᠠᠨ ᠪᠠᠶ᠋ᠢᠬᠤ ᠡ ᠂ ᠣᠲᠣ ᠬᠠᠷᠢᠶ᠎ᠠ 》 ᠭᠡᠵᠦ ᠮᠣᠷᠢ ᠪᠠᠨ ᠬᠥᠲᠥᠯᠵᠦ ᠶᠠᠪᠤᠬᠤ  ᠳᠦ  ᠮᠣᠷᠢᠨ ᠪ ᠡᠮᠡᠭᠡᠯ ᠨᠢ ᠬᠥᠯᠪᠡᠷᠢᠨ ᠤᠨᠠᠪᠠ ᠃ ᠡᠷᠭᠢᠵᠦ ᠬᠠᠷᠠᠵᠤ ᠦᠵᠡᠪᠡᠯ ᠣᠯᠣᠩ ᠬᠥᠮᠥᠯᠲᠥᠷᠭᠡ ᠨᠢ ᠬᠡᠪ ᠶ᠋ᠢᠡᠷ ᠪᠠᠶ᠋ᠢᠯ᠎ᠠ ᠃ ᠡᠭᠦᠨ  ᠳᠦ ᠲᠡᠷᠡ ᠄
      《ᠣᠯᠣᠩ ᠬᠥᠮᠥᠯᠲᠥᠷᠭᠡ ᠬᠡᠪ ᠶ᠋ᠢᠡᠷ ᠪᠠᠶ᠋ᠢᠲᠠᠯ᠎ᠠ ᠡᠮᠡᠭᠡᠯ ᠶᠠᠭᠠᠬᠢᠨ ᠬᠥᠯᠪᠡᠷᠢᠪᠡ ? ᠮᠥᠩᠬᠡ ᠲᠩᠷᠢ ᠢᠤᠠᠬᠠᠵᠤ ᠪᠠᠶ᠋ᠢᠬᠤ ᠪᠣᠯᠪᠠ ‍ᠤᠤ 》 ᠭᠡᠵᠦ ᠭᠠᠷᠬᠤ ᠶ᠋ᠢ ᠪᠠᠶ᠋ᠢᠵᠤ ᠮᠥᠨ ᠠᠭᠤᠯᠠᠨ  ᠳᠦ  ᠪᠠᠨ ᠰᠢᠷᠭᠤᠵᠤ ᠰᠠᠭᠤᠪᠠ ᠃ ᠪᠠᠰᠠ ᠭᠤᠷᠪᠠ ᠬᠣᠨᠣᠭᠠᠳ ᠣᠲᠣ ᠬᠠᠷᠢᠶ᠎ᠠ ᠭᠡᠵᠦ ᠶᠠᠪᠤᠲᠠᠯ᠎ᠠ ᠲᠡᠭᠦᠨ ᠪ ᠭᠠᠷᠬᠤ ᠵᠠᠮ ᠊ᠢ ᠭᠡᠷ ᠦ᠋ᠨ ᠴᠢᠨᠡᠭᠡᠨ ᠴᠠᠭᠠᠨ ᠴᠢᠯᠠᠭᠤ ᠪᠥᠭᠯᠡᠨ ᠬᠡᠪᠲᠡᠵᠦ ᠪᠠᠶ᠋ᠢᠪᠠ ᠃ ᠲᠡᠮᠦᠵᠢᠨ ᠄ 《 ᠮᠥᠨ ᠮᠥᠩᠬᠡ ᠲᠩᠷᠢ ᠢᠤᠠᠬᠠᠵᠤ ᠪᠠᠶ᠋ᠢᠬᠤ ᠪᠣᠯᠪᠠ ‍ᠤᠤ 》 ᠭᠡᠵᠦ ᠪᠤᠴᠠᠵᠤ ᠪᠠᠰᠠ ᠭᠤᠷᠪᠠ ᠬᠣᠨᠣᠪᠠ ᠃ ᠲᠡᠮᠦᠵᠢᠨ ᠢᠩᠭᠢᠵᠦ ᠶᠢᠰᠦ ᠬᠣᠨᠣᠭ ᠥᠯ ᠬᠣᠭᠣᠯᠠ ᠦᠭᠡᠢ ᠰᠠᠭᠤᠵᠤ ᠲᠡᠰᠬᠦ ᠦᠭᠡᠢ ᠪᠣᠯᠤᠨ 《 ᠢᠩᠭᠢᠵᠦ ᠨᠡᠷ᠎ᠡ ᠦᠭᠡᠢ ᠦᠬᠦᠬᠦ ᠪᠡᠷ ᠭᠠᠷᠴᠤ ᠦᠵᠡᠯᠴᠡᠵᠦ ᠪᠠᠶ᠋ᠢᠨ ᠮᠡᠲᠡᠶ᠎ᠡ ! 》 ᠭᠡᠵᠦ ᠮᠣᠷᠢ ᠪᠠᠨ ᠬᠥᠲᠥᠯᠦᠨ ᠭᠡᠷ ᠦ᠋ᠨ ᠴᠢᠨᠡᠭᠡᠨ ᠴᠠᠭᠠᠨ ᠴᠢᠯᠠᠭᠤ ᠶ᠋ᠢ ᠲᠣᠭᠣᠷᠢᠨ ᠭᠠᠷᠴᠤ ᠰᠤᠮᠤᠴᠢ ᠬᠢᠲᠤᠬ᠋᠎ᠠ ᠪᠠᠷ ᠰᠠᠭᠠᠳ ᠪᠣᠯᠬᠤ ᠮᠣᠲᠣ ᠶ᠋ᠢ ᠣᠭᠲᠣᠯᠤᠨ ᠶᠠᠪᠤᠪᠠ ᠃ ᠴᠢᠩᠭᠢᠭᠡᠳ ᠲᠡᠮᠦᠵᠢᠨ ᠳᠥᠩᠭᠡᠵᠢ ᠰᠢᠭᠤᠢ ᠠ᠋ᠴᠠ ᠭᠠᠷᠤᠮᠠᠭᠴᠠ ᠂ ᠲᠠᠶ᠋ᠢᠴᠢᠭᠤᠳ ᠨᠠᠷ ᠪᠤᠴᠠᠬ᠋᠎ᠠ ᠦᠭᠡᠢ ᠰᠠᠬᠢᠵᠤ ᠪᠠᠶ᠋ᠢᠬᠰᠠᠨ ᠲᠤᠯᠠ ᠲᠡᠭᠦᠨ ᠊ᠢ ᠪᠠᠷᠢᠵᠤ ᠬᠦᠯᠢᠭᠡᠳ ᠠᠪᠴᠤ ᠣᠤᠠᠪᠠ ᠃
     ᠬᠠᠰᠠᠷ ᠨᠠᠷ ᠬᠥᠮᠦᠨ ᠴᠥᠭᠡᠨ ᠬᠦᠴᠦ ᠨᠢᠮᠭᠡᠨ ᠲᠤᠯᠠ ᠠᠬ᠎ᠠ ᠪᠠᠨ ᠲᠤᠰᠠᠯᠠᠵᠤ ᠴᠢᠳᠠᠯ ᠦᠭᠡᠢ ᠬᠠᠷᠠᠭᠰᠠᠭᠠᠷ ᠬᠣᠴᠣᠷᠪᠠ᠃ ᠬᠠᠰᠠᠷ ᠬᠡᠳᠦᠶ᠋ᠢᠪᠡᠷ ᠬᠠᠷᠪᠤᠬᠤ ᠭᠡᠰᠡᠨ ᠪᠣᠯᠪᠠᠴᠤ ᠥᠭᠡᠯᠦᠨ ᠡᠬᠡ ᠨᠢ ᠬᠣᠷᠢᠭᠯᠠᠨ ᠵᠣᠭᠰᠣᠭᠠᠪᠠ᠃ ᠪᠡᠯᠭᠦᠳᠡᠢ ᠪᠦᠳᠦᠭᠦᠨ ᠴᠢᠯᠠᠭᠤ ᠎ᠶ᠋ᠢ  ᠨᠢᠲᠤᠷᠭᠠᠲᠤᠬᠤ ᠠ᠋ᠴᠠ ᠥᠭᠡᠷ᠎ᠡ ᠠᠷᠭ᠎ᠠ ᠦᠭᠡᠢ᠃  ᠬᠠᠴᠢᠭᠤᠨ᠂ ᠲᠡᠮᠦᠭᠡ᠂ ᠲᠡᠮᠡᠦᠯᠦᠨ ᠨᠠᠷ ᠨᠠᠰᠤ ᠪᠠᠭ᠎ᠠ ᠪᠣᠯᠬᠣᠷ ᠦᠭᠡ ᠳᠠᠭᠤᠨ ᠥᠬᠡᠢ ᠬᠠᠷᠠᠵᠤ ᠵᠣᠭᠰᠣᠬᠤ ᠠ᠋ᠴᠠ ᠥᠭᠡᠷ᠎ᠡ ᠴᠢᠳᠠᠯ ᠦᠭᠡᠢ ᠁
      ᠲᠠᠷᠭᠤᠲᠠᠢ ᠭᠢᠷᠢᠯᠲᠤᠭ ᠲᠡᠮᠦᠵᠢᠨ  ᠊ᠢ ᠪᠠᠷᠢᠵᠤ ᠠᠪᠤᠭᠠᠳ ᠶᠡᠬᠡᠯ᠎ᠡ ᠪᠠᠶᠠᠷᠯᠠᠵᠤ ᠂  ᠠᠶ᠋ᠢᠮᠠᠭ ᠲᠤ ᠪᠠᠨ ᠠᠪᠠᠴᠢᠵᠤ ᠠᠶ᠋ᠢᠯ ᠪᠦᠷᠢ  ᠳᠦ  ᠨᠢᠵᠡᠭᠡᠳ ᠬᠣᠨᠣᠭᠤᠯᠤᠨ ᠬᠡᠰᠦᠭᠦᠯᠦᠨ ᠵᠠᠰᠠᠭᠯᠠᠵᠤ ᠰᠢᠢᠤᠠᠬᠡᠪᠡ ᠃
      ᠬᠡᠳᠦ ᠬᠣᠨᠣᠯ ᠦᠭᠡᠢ ᠶᠠᠭ ᠰᠠᠶ᠋ᠢᠬᠠᠨ ᠵᠤᠨ ᠪ ᠲᠡᠷᠢᠭᠦᠨ ᠰᠠᠷ᠎ᠠ ᠶ᠋ᠢᠨ ᠠᠷᠪᠠᠨ ᠵᠢᠷᠭᠤᠭᠠᠨ ᠪ ᠲᠡᠷᠭᠡᠯ ᠡᠳᠦᠷ ᠪᠣᠯᠤᠭᠰᠠᠨ ᠲᠤᠯᠠ ᠲᠠᠶ᠋ᠢᠴᠢᠭᠤᠳ ᠨᠠᠷ ᠤᠨᠤᠨ ᠮᠥᠷᠡᠨ ᠪ ᠡᠷᠬᠢ ᠳᠡᠭᠡᠷ᠎ᠡ  ᠥᠪᠡᠳᠡᠭᠰᠢ ᠶᠡᠬᠡ ᠬᠤᠷᠢᠮ ᠬᠢᠵᠦ ᠨᠢᠭᠡᠨ ᠡᠲᠦᠷ ᠴᠡᠩᠭᠡᠯᠲᠦᠪᠡ ᠃ ᠲᠠᠷᠭᠤᠲᠠᠢ ᠬᠢᠷᠢᠯᠲᠤᠭ ᠄
     《 ᠲᠠ ᠨᠠᠷ ᠲᠡᠮᠦᠵᠢᠨ ᠎ ᠊ᠢ ᠢᠳᠡ ᠬᠦᠴᠦ ᠡᠷᠳᠡᠮ ᠴᠢᠳᠠᠯ ᠲᠠᠢ ᠭᠡᠳᠡᠭ ᠪᠢᠰᠢ ‍ ‍ᠦᠦ?  ᠣᠲᠣ ᠲᠡᠷᠡ ᠮᠢᠨᠦ ᠭᠠᠷ ᠎ᠲᠤ᠌ ᠣᠷᠣᠵᠤ ᠦᠬᠦᠬᠦ ᠴᠠᠭ ᠶ᠋ᠢᠠᠨ ᠬᠦᠯᠢᠶᠡᠬᠦ ᠪᠣᠯᠪᠠ᠃ ᠠᠶ᠋ᠢᠯ ᠬᠡᠰᠦᠭᠦᠯᠵᠦ ᠪᠠᠷᠠᠭᠰᠠᠨ ᠪ ᠳᠠᠷᠠᠭ᠎ᠠ ᠲᠡᠭᠦᠨ ᠎ ᠊ᠢ ᠠᠯᠠᠵᠤ ᠥᠰᠢᠶ᠎ᠡ ᠪᠡᠨ ᠠᠪᠤᠨ᠎ᠠ! ᠪᠢᠲᠡᠭᠡᠢ ᠠᠯᠳᠠᠵᠤ ᠶᠠᠪᠤᠭᠤᠯ ᠂ ᠴᠢᠩᠭ᠎ᠠ ᠰᠠᠬᠢᠬᠲᠤᠨ! 》 ᠭᠡᠵᠦ ᠲᠤᠰᠢᠶᠠᠭᠠᠳ ᠬᠤᠷᠢᠮ ᠲᠠᠷᠬᠠᠪᠠ ᠃
     ᠲᠡᠷᠡ ᠡᠳᠦᠷ ᠲᠡᠮᠦᠵᠢᠨ ᠎ ᠊ᠢ ᠨᠢᠭᠡᠨ ᠬᠦᠴᠦ ᠲᠤᠷᠪᠢ ᠮᠠᠭᠤᠲᠠᠢ  ᠬᠦᠦ ᠰᠠᠬᠢᠵᠤ ᠪᠠᠶ᠋ᠢᠭᠰᠠᠨ ᠠᠵᠢ ᠃ ᠬᠤᠷᠢᠮ ᠦ᠋ᠨ ᠠᠷᠠᠳ ᠪᠦᠵᠢᠭ ᠳᠡᠪᠰᠡᠨ ᠶᠠᠳᠠᠷᠠᠵᠤ ᠂  ᠰᠠᠷᠬᠤᠳ ᠤᠤᠭᠤᠨ ᠰᠣᠭᠲᠣᠨ ᠲᠠᠷᠬᠠᠭᠰᠠᠨ ᠎ ᠊ᠢ ᠳᠠᠯᠢᠮᠳᠠᠭᠤᠯᠤᠨ ᠲᠡᠮᠦᠵᠢᠨ ᠰᠠᠬᠢᠵᠤ ᠪᠠᠶ᠋ᠢᠭᠰᠠᠨ ᠬᠦᠦ ᠶ᠋ᠢᠨ ᠲᠣᠯᠣᠭᠠᠢ ᠎ᠶ᠋ᠢ ᠪᠠᠭᠤ ᠪᠠᠷ ᠳᠡᠯᠡᠳᠦᠨ ᠮᠠᠨᠠᠷᠠᠭᠤᠯᠤᠭᠠᠳ ᠤᠨᠤᠨ ᠪ ᠡᠷᠬᠢ  ᠳ᠋ᠠᠬᠢ ᠰᠢᠭᠤᠢ  ᠳᠦ  ᠳᠤᠲᠠᠭᠠᠵᠤ ᠣᠷᠣᠪᠠ᠃ ᠲᠡᠷᠡ ᠬᠦᠯᠢᠶᠡᠰᠦ ᠳᠥᠩᠭᠡ ᠲᠡᠢ ᠪᠣᠯᠬᠣᠷ ᠬᠣᠯᠠ ᠶᠠᠪᠤᠵᠤ  ᠳᠡᠶ᠋ᠢᠯᠬᠦ ᠦᠭᠡᠢ ᠂ ᠤᠰᠤᠨ ᠪ ᠬᠠᠷᠬᠢ  ᠳᠦ  ᠣᠷᠣᠵᠤ ᠨᠢᠭᠤᠷ ᠶ᠋ᠢᠠᠨ  ᠢᠯᠡ ᠭᠠᠷᠭᠠᠵᠤ ᠬᠡᠪᠲᠡᠪᠡ ᠃
      ᠲᠡᠮᠦᠵᠢᠨ ᠊ᠢ ᠰᠠᠬᠢᠵᠤ ᠪᠠᠶ᠋ᠢᠬᠰᠠᠨ ᠬᠦᠦ ᠠᠭᠠᠵᠢᠮ ᠶ᠋ᠢᠠᠷ ᠰᠡᠷᠭᠦᠵᠦ ᠄
    《 ᠪᠠᠷᠢᠬᠲᠠᠭᠰᠠᠨ ᠬᠥᠮᠦᠨ ᠳᠤᠲᠠᠭᠠᠪᠠ ! 》 ᠭᠡᠵᠦ ᠶᠡᠬᠡ ᠳᠠᠭᠤ ᠪᠠᠷ ᠬᠠᠰᠭᠢᠷᠪᠠ ᠃ ᠲᠠᠷᠭᠤᠲᠠᠢ ᠬᠢᠷᠢᠯᠲᠤᠭ ᠲᠡᠷᠡ ᠳᠠᠷᠤᠢ  ᠳᠦ ᠲᠠᠷᠬᠠᠭᠰᠠᠨ ᠬᠥᠮᠦᠰ ᠶ᠋ᠢᠡᠨ ᠴᠤᠭᠯᠠᠭᠤᠯᠵᠤ ᠂ ᠣᠨᠣᠨ ᠪ ᠣᠶ᠋ᠢᠷ᠎ᠠ ᠬᠠᠪᠢ ᠶ᠋ᠢ ᠨᠡᠩᠵᠢᠪᠡ ᠃
      ᠳᠠᠶ᠋ᠢᠴᠢᠭᠤᠳ ᠠᠶ᠋ᠢᠮᠠᠭ ᠲᠦ ᠪᠠᠭᠲᠠᠯᠴᠠᠨ ᠪᠦᠬᠦᠢ ᠨᠢᠭᠡᠨ  ᠭᠡᠰᠡᠭ ᠬᠥᠮᠦᠨ ᠲᠠᠷᠭᠤᠲᠠᠢ ᠬᠢᠷᠢᠯᠲᠤᠭ ᠦ᠋ᠨ ᠬᠡᠷᠴᠡᠬᠡᠶ᠋ᠢᠯᠡᠯ  ᠳᠦ  ᠲᠣᠩ ᠳᠤᠷ᠎ᠠ ᠦᠭᠡᠶ᠋ᠢᠴᠡᠵᠦ ᠪᠠᠶ᠋ᠢᠲᠠᠭ ᠪᠢᠯᠡ ᠃ ᠲᠡᠲᠡ ᠲᠡᠮᠦᠵᠢᠨ ᠊ᠢ ᠠᠶ᠋ᠢᠯ ᠬᠡᠰᠦᠭᠦᠯᠦᠨ ᠵᠠᠰᠠᠭᠯᠠᠬᠤ ᠶ᠋ᠢ ᠳᠡᠮᠡᠢ ᠯᠡ ᠲᠠᠭᠠᠯᠠᠬᠤ ᠦᠭᠡᠢ ᠪᠠᠶ᠋ᠢᠪᠠ ᠃ ᠰᠦᠯᠲᠡᠰᠦᠨ ᠪ ᠰᠤᠷᠬᠠᠨ ᠰᠢᠷ᠎ᠠ  ᠭᠡᠳᠡᠭ ᠡᠪᠦᠭᠡᠨ ᠴᠦ᠍ ᠬᠡᠲᠦᠶ᠋ᠢᠨ ᠢᠩᠭᠢᠵᠦ ᠲᠠᠭᠠᠯᠠᠬᠤ ᠦᠭᠡᠢ ᠪᠠᠶ᠋ᠢᠬᠰᠠᠨ ᠲᠤᠯᠠ ᠣᠲᠣ ᠠᠶ᠎ᠠ ᠶ᠋ᠢ ᠳᠠᠭᠠᠵᠤ ᠠᠶᠠᠰ ᠨᠡᠶ᠋ᠢᠯᠡᠭᠦᠯᠦᠨ ᠲᠡᠮᠦᠵᠢᠨ ᠊ᠢ ᠨᠡᠩᠵᠢᠵᠦ ᠶᠠᠪᠤᠭᠰᠠᠭᠠᠷ ᠤᠰᠤᠨ ᠪ ᠬᠠᠷᠬᠢ  ᠳᠦ  ᠨᠢᠭᠤᠷ ᠶ᠋ᠢᠠᠨ ᠢᠯᠡ ᠭᠠᠷᠭᠠᠭᠠᠳ ᠬᠡᠪᠲᠡᠵᠦ ᠪᠠᠶ᠋ᠢᠬᠰᠠᠨ ᠲᠡᠮᠦᠵᠢᠨ ᠲᠡᠢ ᠠᠰ ᠲᠣᠬᠢᠶᠠᠯᠲᠤᠨ ᠤᠴᠠᠷᠠᠪᠠ ᠃ ᠲᠡᠮᠦᠵᠢᠨ ᠠᠷᠬ᠋᠎ᠠ ᠦᠭᠡᠢ  ᠪᠠᠷᠢᠬᠲᠠᠬᠤ ᠪᠠᠨ ᠬᠦᠯᠢᠶᠡᠵᠦ ᠬᠡᠪᠲᠡᠲᠡᠯ᠎ᠡ ᠂ ᠰᠤᠷᠬᠠᠨ ᠰᠢᠷ᠎ᠠ ᠳᠠᠶ᠋ᠢᠴᠢᠭᠤᠳ ᠨᠠᠷ ᠊ᠢ ᠬᠣᠯᠠ ᠶᠠᠪᠤᠭᠰᠠᠨ ᠪ ᠬᠣᠶ᠋ᠢᠨ᠎ᠠ ᠂ ᠬᠠᠷᠬᠢ  ᠳᠦ  ᠣᠶ᠋ᠢᠷᠠᠲᠤᠨ ᠣᠴᠢᠵᠤ ᠄
     《 ᠶᠢᠰᠦᠭᠡᠢ ᠪᠠᠭᠠᠲᠤᠷ ᠦ᠋ᠨ ᠤᠤᠭᠠᠨ ᠬᠦᠦ ᠲᠡᠮᠦᠵᠢᠨ  ᠭᠡᠭᠴᠢ ᠨᠢᠲᠦᠨ  ᠳᠦ  ᠪᠡᠨ ᠭᠠᠯ ᠲᠠᠢ ᠂ ᠨᠢᠭᠤᠷ ᠲᠤ ᠪᠠᠨ ᠭᠡᠷᠡᠯ ᠲᠡᠢ ᠪᠥᠭᠡᠳ ᠡᠶ᠋ᠢᠮᠦ ᠠᠷᠬ᠋᠎ᠠ ᠲᠠᠢ ᠬᠥᠮᠦᠨ ᠲᠤᠯᠠ ᠳᠠᠶ᠋ᠢᠴᠢᠭᠤᠳ ᠠᠬ᠎ᠠ ᠳᠡᠭᠦᠦ ᠨᠠᠷ ᠠᠲᠠᠭᠠᠷᠬᠠᠵᠤ ᠪᠤᠢ ᠠᠵᠢ ᠃ ᠤᠰᠤᠨ  ᠳᠦ  ᠣᠷᠣᠮ ᠦᠭᠡᠢ ᠣᠭᠲᠠᠷᠭᠤᠢ  ᠳᠦ  ᠮᠥᠷ ᠦᠭᠡᠢ ᠲᠤᠯᠠ ᠴᠢᠨᠦ ᠢᠩᠭᠢᠵᠦ ᠬᠡᠪᠲᠡᠬᠦ ᠵᠥᠪ ᠂ ᠪᠢ ᠴᠢᠮ᠎ᠠ ᠶ᠋ᠢ ᠵᠢᠭᠠᠵᠤ  ᠥᠭᠬᠦ ᠦᠭᠡᠢ ᠂ ᠰᠡᠤᠠᠬᠢᠯ ᠶ᠋ᠢᠡᠨ ᠠᠮᠤᠷ ᠪᠠᠢ 》 ᠭᠡᠳ ᠥᠩᠭᠡᠷᠡᠨ ᠭᠠᠷᠪᠠ ᠃ ᠲᠡᠮᠦᠵᠢᠨ ᠡᠨᠡ ᠰᠤᠷᠬᠠᠨ ᠰᠢᠷ᠎ᠠ ᠡᠪᠦᠭᠡᠨ ᠊ᠢ ᠲᠠᠨᠢᠲᠠᠭ ᠤᠴᠢᠷ ᠨᠢ ᠂ ᠲᠦᠷᠦᠭᠦᠦ ᠬᠡᠲᠦᠨ ᠡᠲᠦᠷ ᠲᠠᠷᠭᠤᠲᠠᠢ  ᠬᠢᠷᠢᠯᠲᠤᠭ ᠲᠡᠮᠦᠵᠢᠨ ᠊ᠢ ᠠᠶ᠋ᠢᠯ ᠬᠡᠰᠦᠭᠦᠯᠦᠨ ᠬᠣᠨᠣᠭᠤᠯᠵᠤ ᠵᠠᠰᠠᠭᠯᠠᠨ ᠰᠢᠢᠤᠠᠬᠡᠵᠦ ᠪᠠᠶ᠋ᠢᠬᠤ  ᠳᠦ  ᠂ ᠰᠤᠷᠬᠠᠨ ᠰᠢᠷ᠎ᠠ ᠡᠪᠦᠭᠡᠨ ᠪ  ᠳᠦ ᠬᠣᠨᠣᠵᠤ  ᠥᠩᠭᠡᠷᠡᠭᠰᠡᠨ ᠪᠢᠯᠡ ᠃ ᠲᠡᠷᠡ ᠰᠥᠨᠢ ᠲᠡᠭᠦᠨ ᠪ ᠴᠢᠮᠪᠠᠢ ᠂ ᠴᠢᠯᠠᠭᠤᠨ ᠭᠡᠬᠦ ᠬᠣᠶᠠᠷ ᠬᠦᠦ ᠲᠡᠮᠦᠵᠢᠨ ᠪ ᠭᠢᠨᠵᠢ ᠳᠥᠩᠭᠡ ᠶ᠋ᠢ  ᠰᠤᠯᠠᠯᠠᠨ ᠬᠣᠨᠣᠭᠤᠯᠤᠭᠰᠠᠨ ᠪᠠ ᠪᠠᠰᠠ ᠮᠢᠬ᠎ᠠ ᠲᠠᠢ ᠱᠥᠯᠥ ᠤᠤᠭᠤᠯᠭᠠᠭᠰᠠᠨ ᠪᠠᠶ᠋ᠢᠵᠠᠢ ᠃ ᠲᠡᠭᠡᠭᠡᠳ ᠲᠡᠮᠦᠵᠢᠨ ᠰᠤᠷᠬᠠᠨ ᠰᠢᠷ᠎ᠠ ᠶ᠋ᠢᠨ ᠦᠨᠡᠨ ᠭᠣᠣᠯ ᠠ᠋ᠴᠠ ᠬᠡᠯᠡᠵᠦ ᠪᠠᠶ᠋ᠢᠬ᠋᠎ᠠ ᠶ᠋ᠢ ᠢᠲᠡᠭᠡᠵᠥ ᠂ ᠳᠣᠲᠣᠷ᠎ᠠ ᠨᠢ ᠪᠠᠬᠠᠨ ᠠᠭᠤᠵᠢᠭᠤ ᠪᠣᠯᠵᠤ ᠤᠭ ᠣᠷᠣᠨ  ᠳᠦ  ᠪᠠᠨ ᠬᠥᠲᠡᠯᠦᠯ ᠦᠭᠡᠢ ᠬᠡᠪᠲᠡᠪᠡ ᠃ ᠤᠲᠠᠯ ᠦᠭᠡᠢ ᠰᠤᠷᠬᠠᠨ ᠰᠢᠷ᠎ᠠ ᠶ᠋ᠢᠨ ᠤᠲᠤᠭᠰᠠᠨ ᠵᠦᠭ ᠡᠴᠡ ᠬᠠᠷᠬᠢ ᠶ᠋ᠢ ᠴᠢᠭ᠌ᠯᠡᠭᠡᠳ ᠪᠠᠰᠠ ᠨᠢᠭᠡ ᠬᠥᠮᠦᠨ ᠢᠷᠡᠯ᠎ᠡ ᠃ ᠲᠡᠮᠦᠵᠢᠨ ᠂ ᠡᠨᠡ ᠤᠲᠠᠬ᠋᠎ᠠ ᠯᠠᠪ ᠪᠠᠷᠢᠬᠲᠠᠯ᠎ᠠ ᠭᠡᠵᠦ ᠰᠠᠨᠲᠤᠷᠴᠤ ᠪᠠᠶ᠋ᠢᠲᠠᠯ᠎ᠠ ᠂ ᠣᠶ᠋ᠢᠷᠠᠲᠤᠨ ᠢᠷᠡᠬᠦ  ᠳᠦ  ᠦᠵᠡᠪᠡᠯ ᠮᠦᠨ ᠰᠤᠷᠬᠠᠨ ᠰᠢᠷ᠎ᠠ ᠡᠪᠦᠭᠡᠨ ᠪᠠᠶ᠋ᠢᠯ᠎ᠠ᠃  ᠲᠡᠷᠡ ᠡᠪᠦᠭᠡᠨ
     《 ᠲᠠᠶ᠋ᠢᠴᠢᠭᠤᠳ ᠠᠬ᠎ᠠ ᠳᠡᠭᠦᠦ ᠨᠡᠷ ᠠᠷᠠᠬ᠋᠎ᠠ ᠰᠢᠲᠦ ᠪᠡᠨ ᠪᠢᠯᠡᠭᠦᠲᠡᠵᠦ ᠶᠠᠪᠤᠨ᠎ᠠ ᠃ ᠬᠠᠲᠠᠭᠤᠵᠢᠨ ᠬᠡᠪᠲᠡᠵᠦ ᠪᠠᠢ ᠂ ᠪᠢᠲᠡ ᠶᠠᠪᠤᠭᠰᠠᠨ ᠮᠥᠷ ᠶ᠋ᠢᠡᠷ ᠶ᠋ᠢᠡᠨ ᠭᠡᠲᠡᠷᠭᠦ ᠶᠠᠪᠤᠵᠤ ᠣᠷᠴᠢᠮ ᠦ᠋ᠨ ᠭᠠᠵᠠᠷ ᠊ᠢ ᠳᠠᠬᠢᠨ ᠨᠡᠩᠵᠢᠵᠦ ᠪᠠᠶ᠋ᠢᠨ᠎ᠠ 》 ᠭᠡᠳ ᠪᠠᠰᠠ ᠥᠩᠭᠡᠷᠡᠨ ᠣᠤᠠᠪᠠ ᠃
      ᠲᠡᠮᠦᠵᠢᠨ ᠳᠣᠲᠣᠷ᠎ᠠ ᠪᠠᠨ ᠂ ᠣᠲᠣ ᠠᠮᠢ ᠭᠠᠷᠬᠤ ᠪᠣᠯᠪᠠ ‍ᠤᠤ ? ᠭᠡᠵᠦ ᠴᠢᠬᠢ ᠲᠠᠯᠪᠢᠨ ᠴᠢᠩᠨᠠᠨ ᠬᠡᠪᠲᠡᠪᠡ ᠃  ᠭᠡᠲᠡᠯ᠎ᠡ ᠳᠡᠮᠡᠢ ᠬᠣᠯᠠ ᠦᠭᠡᠢ ᠭᠠᠵᠠᠷ ᠠ᠋ᠴᠠ ᠲᠠᠶ᠋ᠢᠴᠢᠭᠤᠳ ᠦ᠋ᠨ ᠲᠦᠷᠦᠭᠦᠦ ᠲᠠᠷᠭᠤᠲᠠᠢ ᠬᠢᠷᠢᠯᠲᠤᠭ ᠦ᠋ᠨ ᠬᠠᠷᠢᠶᠠᠵᠤ ᠵᠠᠩᠨᠠᠬᠤ ᠳᠠᠭᠤᠨ ᠰᠣᠨᠣᠰᠲᠠᠪᠠ ᠃ ᠣᠲᠣ ᠶᠠᠭᠠᠬᠢᠬᠤ ᠪᠢᠯᠡ ? ᠡᠨᠡ ᠬᠠᠷᠬᠢ  ᠳᠦ  ᠬᠡᠪᠲᠡᠵᠦ ᠪᠠᠶ᠋ᠢᠭᠠᠳ ᠪᠠᠷᠢᠬᠲᠠᠬᠤ ᠶᠤᠮ ‍ᠤᠤ ᠂ ᠡᠰᠡᠭᠦᠯ᠎ᠡ ᠭᠠᠷᠴᠤ ᠲᠤᠲᠠᠭᠠᠬᠤ ᠶᠤᠮ ‍ᠤᠤ ? ᠭᠡᠲᠡᠯ᠎ᠡ ᠡᠨᠡ ᠰᠠᠷᠠᠭᠤᠯ ᠰᠥᠨᠢ ᠬᠠᠮᠢᠭᠠᠰᠢ ᠲᠤᠲᠠᠭᠠᠬᠤ ᠪᠢᠯᠡ ? ᠭᠡᠵᠦ ᠪᠠᠶ᠋ᠢᠲᠠᠯ᠎ᠠ ᠂ ᠰᠤᠷᠬᠠᠨ ᠰᠢᠷ᠎ᠠ ᠶ᠋ᠢᠨ ᠳᠠᠭᠤᠨ ᠰᠣᠨᠣᠰᠲᠠᠪᠠ ᠂
     《 ᠲᠠᠶ᠋ᠢᠴᠢᠭᠤᠳ ᠦ᠋ᠨ ᠲᠦᠷᠦᠭᠦᠦ ᠲᠠᠷᠭᠤᠲᠠᠢ ᠬᠢᠷᠢᠯᠲᠤᠭ ᠮᠢᠨᠢ ᠂ ᠪᠢᠲᠡ ᠭᠡᠭᠡᠨ ᠴᠠᠭᠠᠨ ᠡᠲᠦᠷ ᠠᠮᠢᠲᠤ ᠬᠥᠮᠦᠨ ᠊ᠢ ᠠᠯᠲᠠᠭᠠᠳ ᠣᠲᠣ ᠰᠥᠨᠢ ᠣᠷᠣᠢ ᠶᠠᠭᠠᠬᠢᠨ ᠡᠷᠢᠵᠦ ᠣᠯᠬᠤ ᠪᠢᠯᠡ ?ᠬᠥᠮᠦᠨ ᠪᠦᠷᠢ ᠶᠠᠪᠤᠭᠰᠠᠨ ᠮᠥᠷ ᠶ᠋ᠢᠡᠷ ᠶ᠋ᠢᠡᠨ ᠳᠠᠬᠢᠨ ᠨᠢᠭᠡ ᠤᠲᠠᠬ᠋᠎ᠠ ᠨᠠᠷᠢᠨ ᠪᠠᠲᠠᠷᠢᠶ᠎ᠠ ᠂ ᠬᠡᠷᠪᠡ ᠣᠯᠬᠤ ᠦᠭᠡᠢ ᠪᠣᠯ ᠡᠨᠡ ᠰᠥᠨᠢ ᠲᠠᠷᠬᠠᠭᠠᠳ ᠮᠠᠷᠭᠠᠰᠢ ᠡᠷᠢᠶ᠎ᠡ ᠂ ᠳᠥᠩᠭᠡᠲᠦ ᠬᠥᠮᠦᠨ ᠬᠠᠮᠢᠬ᠋᠎ᠠ ᠶᠠᠪᠤᠬᠤ ᠪᠤᠢ ? 》 ᠭᠡᠰᠡᠨ  ᠳᠦ  ᠪᠦᠭᠦᠲᠡᠭᠡᠷ 《 ᠵᠠ 》 ᠭᠡᠵᠦ ᠪᠤᠴᠠᠵᠤ ᠢᠷᠡᠬᠦ ᠴᠢᠮᠡᠭᠡ ᠭᠠᠷᠤᠯ᠎ᠠ ᠃   
       ᠲᠡᠮᠦᠵᠢᠨ ᠮᠦᠨ ᠰᠤᠷᠬᠠᠨ ᠰᠢᠷ᠎ᠠ ᠳᠠᠭᠠᠷᠢᠯᠳᠤᠬᠤ ᠪᠣᠯᠤᠭᠠᠰᠠᠢ ᠭᠡᠵᠦ ᠰᠡᠮᠡᠭᠡᠷ ᠬᠡᠪᠲᠡᠵᠦ ᠪᠠᠶ᠋ᠢᠲᠠᠯ᠎ᠠ ᠂ ᠦᠨᠡᠬᠡᠷ ᠰᠤᠷᠬᠠᠨ ᠰᠢᠷ᠎ᠠ ᠲᠡᠭᠦᠨ  ᠳᠦ ᠣᠶ᠋ᠢᠷᠠᠲᠤᠵᠤ ᠢᠷᠡᠭᠡᠳ ᠄
     《 ᠲᠠᠶ᠋ᠢᠴᠢᠭᠤᠳ ᠠᠬ᠎ᠠ ᠳᠡᠭᠦᠦ ᠨᠡᠷ ᠣᠲᠣ ᠨᠢᠭᠡ ᠤᠲᠠᠬ᠋᠎ᠠ ᠡᠷᠢᠵᠦ ᠲᠠᠷᠬᠠᠭᠠᠳ ᠮᠠᠷᠭᠠᠰᠢ ᠡᠷᠢᠬᠦ ᠪᠡᠷ ᠪᠣᠯᠪᠠ ᠃ ᠪᠢᠲᠡᠨ ᠪ ᠲᠠᠷᠬᠠᠮᠠᠭᠴᠠ ᠴᠢ ᠲᠦᠷᠭᠡᠨ ᠡᠬᠡ ᠪᠠ ᠳᠡᠭᠦᠦ ᠨᠠᠷ ᠦ᠋ᠨ ᠶ᠋ᠢᠠᠨ ᠵᠦᠭ ᠶᠠᠪᠤ ᠂ ᠬᠡᠷᠪᠡ ᠬᠥᠮᠦᠨ ᠲᠣᠬᠢᠶᠠᠯᠲᠤᠪᠠᠯ ᠨᠠᠲᠠ ᠲᠠᠢ ᠤᠴᠠᠷᠠᠯ᠎ᠠ ᠭᠡᠵᠦ ᠪᠤᠤ ᠬᠡᠯᠡ 》 ᠭᠡᠳ ᠶᠠᠪᠤᠪᠠ ᠃
      ᠲᠠᠶ᠋ᠢᠴᠢᠭᠤᠳ ᠨᠠᠷ ᠤᠷᠮ᠎ᠠ ᠠᠯᠲᠠᠷᠠᠨ ᠭᠡᠷ ᠭᠡᠷ ᠲᠦ ᠪᠡᠨ ᠪᠤᠴᠠᠭᠰᠠᠨ ᠬᠣᠶ᠋ᠢᠨ᠎ᠠ ᠂ ᠲᠡᠮᠦᠵᠢᠨ ᠬᠠᠷᠬᠢ ᠶ᠋ᠢᠨ ᠳᠣᠲᠣᠷ᠎ᠠ ᠠ᠋ᠴᠠ ᠭᠠᠷᠴᠤ ᠢᠷᠡᠭᠡᠳ ᠂ ᠣᠲᠣ ᠶᠠᠭᠠᠬᠢᠲᠠᠭ ᠪᠢᠯᠡ ? ᠪᠠᠭᠤ ᠳᠥᠩᠭᠡᠲᠠᠢ ᠪᠢ ᠮᠣᠷᠢ ᠤᠨᠤᠬ᠋᠎ᠠ ᠦᠭᠡᠢ ᠪᠡᠷ ᠲᠠᠶ᠋ᠢᠴᠢᠭᠤᠳ ᠨᠠᠷ ᠦ᠋ᠨ ᠭᠠᠷ ᠠ᠋ᠴᠠ ᠶᠠᠭᠠᠬᠢᠨ ᠮᠤᠯᠲᠤᠷᠠᠨ ᠭᠠᠷᠬᠤ ᠪᠢᠯᠡ ?
 ᠭᠡᠵᠦ ᠪᠠᠬᠠᠨ  ᠪᠣᠳᠣᠰᠬᠢᠭ᠍ᠰᠠᠨ ᠶ᠋ᠢᠡᠨ ᠄ 《 ᠲᠦᠷᠦᠭᠦᠦ ᠬᠡᠲᠦᠨ ᠡᠲᠦᠷ ᠨᠠᠮ᠎ᠠ ᠶ᠋ᠢ ᠠᠶ᠋ᠢᠯ ᠬᠡᠰᠤᠭᠦᠯᠤᠨ ᠵᠠᠰᠠᠭᠯᠠᠬᠤ  ᠳᠦ  ᠂ ᠰᠤᠷᠬᠠᠨ ᠰᠢᠷ᠎ᠠ ᠶ᠋ᠢᠨ ᠭᠡᠷ ᠲᠤ ᠬᠣᠨᠣᠭᠰᠠᠨ  ᠳᠦ  ᠲᠡᠭᠦᠨ ᠪ ᠬᠦᠦ ᠴᠢᠮᠪᠠᠢ ᠂ ᠴᠢᠯᠠᠭᠤᠨ ᠬᠣᠶᠠᠷ ᠨᠠᠮ᠎ᠠ ᠶ᠋ᠢ ᠦᠷᠦ ᠡᠪᠡᠲᠦᠨ ᠰᠥᠨᠢ ᠭᠢᠨᠵᠢ ᠳᠥᠩᠭᠡ ᠶ᠋ᠢ ᠮᠢᠨᠢ ᠰᠤᠯᠠᠯᠠᠨ ᠬᠣᠨᠣᠭᠤᠯᠪᠠ ᠃ ᠣᠲᠣ ᠪᠠᠰᠠ ᠰᠤᠷᠬᠠᠨ ᠰᠢᠷ᠎ᠠ ᠡᠪᠦᠭᠡᠨ ᠨᠠᠮ᠎ᠠ ᠶ᠋ᠢ ᠲᠠᠶ᠋ᠢᠴᠢᠭᠤᠳ ᠨᠠᠷ ᠲᠤ ᠵᠢᠭᠠᠵᠤ  ᠥᠭᠭᠦᠭᠰᠡᠨ ᠦᠭᠡᠢ ᠥᠩᠭᠡᠷᠡᠭᠦᠯᠪᠡ ᠃ ᠪᠣᠲᠣᠪᠠᠯ ᠲᠡᠲᠡ ᠨᠠᠮ᠎ᠠ ᠶ᠋ᠢ ᠠᠪᠤᠷᠠᠬᠤ ᠶᠤᠮ ᠪᠠᠶ᠋ᠢᠨ᠎ᠠ ᠂ ᠵᠠ ᠲᠡᠲᠡᠨ ᠊ᠢ ᠡᠷᠢᠶ᠎ᠡ 》 ᠭᠡᠵᠦ ᠰᠢᠭᠤᠳ ᠰᠤᠷᠬᠠᠨ ᠰᠢᠷ᠎ᠠ ᠶ᠋ᠢᠨ ᠭᠡᠷ ᠊ᠢ  ᠴᠢᠭᠯᠡᠨ ᠣᠨᠣᠨ ᠮᠥᠷᠡᠨ ᠊ᠢ ᠳᠠᠭᠠᠵᠤ ᠶᠠᠪᠤᠪᠠ ᠃ ᠰᠤᠷᠬᠠᠨ ᠰᠢᠷ᠎ᠠ ᠶ᠋ᠢᠨ ᠭᠡᠷ ᠊ᠢ ᠣᠯᠬᠤ  ᠳᠦ  ᠠᠮᠠᠷ ᠪᠠᠶ᠋ᠢᠯ᠎ᠠ ᠂ ᠲᠡᠲᠡᠨ ᠪ ᠬᠢ ᠥᠷ ᠴᠠᠶ᠋ᠢᠲᠠᠯ᠎ᠠ ᠠᠶ᠋ᠢᠷᠠᠭ ᠪᠦᠯᠢᠬᠦ ᠠᠵᠢ ᠃ ᠲᠡᠮᠦᠵᠢᠨ ᠪᠦᠯᠢᠭᠦᠷ ᠦ᠋ᠨ ᠴᠢᠮᠡᠭᠡ ᠶ᠋ᠢ  ᠴᠢᠭᠯᠡᠵᠦ ᠤᠲᠠᠭᠰᠠᠨ ᠦᠭᠡᠢ ᠰᠤᠷᠬᠠᠨ ᠰᠢᠷ᠎ᠠ ᠶ᠋ᠢᠨ ᠭᠡᠷ ᠲᠤ ᠬᠦᠷᠪᠡ ᠃ ᠰᠤᠷᠬᠠᠨ ᠰᠢᠷ᠎ᠠ ᠶᠡᠬᠡᠲᠡ ᠰᠣᠴᠢᠨ ᠄
     《 ᠪᠢ ᠴᠢᠮ᠎ᠠ  ᠳᠦ ᠡᠬᠡ ᠪᠠ ᠳᠡᠭᠦᠦ ᠨᠡᠷ ᠶ᠋ᠢᠡᠨ ᠡᠷᠢᠨ ᠲᠦᠷᠭᠡᠨ ᠶᠠᠪᠤ ᠭᠡᠵᠦ  ᠬᠡᠯᠡᠭᠰᠡᠨ ᠪᠢᠰᠢ ‍ᠦᠦ ? ᠴᠢ ᠡᠨᠲᠡ ᠶᠠᠭᠤᠨ  ᠳᠦ  ᠢᠷᠡᠪᠡ ? 》 ᠭᠡᠪᠡ ᠃ ᠲᠡᠮᠦᠵᠢᠨ ᠶᠠᠭᠤ ᠬᠡᠯᠡᠬᠦ ᠪᠡᠨ ᠣᠯᠵᠤ ᠶᠠᠲᠠᠨ ᠪᠠᠶ᠋ᠢᠲᠠᠯ᠎ᠠ ᠂ ᠰᠤᠷᠬᠠᠨ ᠰᠢᠷ᠎ᠠ ᠶ᠋ᠢᠨ ᠴᠢᠮᠪᠠᠢ ᠂ ᠴᠢᠯᠠᠭᠤᠨ ᠬᠣᠶᠠᠷ ᠬᠦᠦ ᠨᠢ ᠭᠠᠷᠴᠤ ᠢᠷᠡᠭᠡᠳ ᠄
       ᠪᠣᠯᠵᠣᠮᠣᠷ ᠰᠢᠪᠠᠭᠤᠨ ᠪ ᠵᠤᠯᠵᠠᠬ᠋᠎ᠠ
       ᠪᠣᠷᠣ ᠬᠠᠷᠴᠠᠭᠠᠢ ᠠ᠋ᠴᠠ ᠳᠤᠲᠠᠭᠠᠵᠤ
       ᠪᠤᠲᠠᠨ ᠪ ᠢᠷᠣᠭᠠᠷ ᠲᠤ ᠰᠢᠷᠭᠤᠪᠠᠯ
       ᠪᠤᠲᠠ ᠲᠡᠭᠦᠨ ᠊ᠢ ᠬᠠᠮᠠᠭᠠᠯᠠᠨ᠎ᠠ  ᠭᠡᠳᠡᠭ ᠪᠢᠰᠢ ‍ᠦᠦ ? 》 ᠣᠲᠣ ᠪᠢᠲᠡᠨ  ᠳᠦ  ᠬᠥᠮᠦᠨ ᠠᠮᠢ ᠪᠠᠨ ᠬᠣᠷᠭᠣᠲᠠᠬᠤ ᠪᠠᠷ ᠢᠷᠡᠵᠦ ᠪᠠᠶ᠋ᠢᠬᠤ  ᠳᠦ  ᠪᠢᠲᠡ ᠶᠠᠭᠠᠬᠢᠨ ᠲᠤᠰᠠᠯᠠᠬᠤ ᠦᠭᠡᠢ ᠪᠠᠶ᠋ᠢᠵᠤ ᠪᠣᠯᠤᠨ᠎ᠠ ᠪᠤᠢ 》 ᠭᠡᠵᠦ ᠲᠡᠮᠦᠵᠢᠨ ᠊ᠢ ᠭᠡᠷ ᠲᠤ ᠪᠡᠨ ᠣᠷᠣᠭᠤᠯᠵᠤ ᠪᠠᠭᠤ ᠳᠥᠩᠭᠡ ᠶ᠋ᠢ ᠨᠢ ᠡᠪᠲᠡᠨ ᠬᠠᠭᠠᠯᠵᠤ ᠭᠠᠯ  ᠳᠦ  ᠲᠦᠯᠡᠵᠦ ᠣᠷᠭᠢᠪᠠ ᠂ ᠪᠠᠰᠠ ᠲᠡᠮᠦᠵᠢᠨ  ᠳᠦ  ᠬᠣᠭᠣᠯᠠ ᠥᠭᠴᠦ ᠢᠲᠡᠭᠦᠯᠦᠨ ᠭᠡᠷ ᠲᠤ ᠪᠡᠨ ᠠᠪᠴᠤ ᠬᠣᠨᠣᠪᠠ ᠃
      ᠮᠠᠷᠭᠠᠰᠢ ᠨᠢ ᠂ ᠥᠷ ᠴᠠᠶ᠋ᠢᠮᠠᠭᠴᠠ ᠲᠠᠷᠭᠤᠲᠠᠢ ᠬᠢᠷᠢᠯᠲᠤ ᠠᠶ᠋ᠢᠮᠠᠭ ᠦ᠋ᠨ ᠣᠯᠠᠨ ᠶ᠋ᠢᠠᠨ ᠴᠤᠭᠯᠠᠭᠤᠯᠵᠤ ᠂ ᠣᠨᠣᠨ ᠮᠥᠷᠡᠨ ᠪ ᠣᠶ᠋ᠢᠷ᠎ᠠ ᠬᠠᠪᠢ ᠭᠠᠵᠠᠷ ᠊ᠢ ᠨᠢᠭᠡ ᠴᠦ᠍ ᠥᠯᠠᠲᠡᠭᠡᠯ ᠦᠭᠡᠢ ᠪᠠᠶ᠋ᠢᠴᠠᠭᠠᠭᠠᠳ ᠶᠠᠭᠤ  ᠴᠤ᠌  ᠣᠯᠣᠯ ᠦᠭᠡᠢ ᠂ ᠨᠠᠷᠠᠨ  ᠰᠢᠩᠭᠡᠭᠰᠡᠨ ᠬᠣᠶ᠋ᠢᠨ᠎ᠠ ᠰᠠᠶᠢ ᠬᠠᠷᠢᠵᠠᠭᠠᠪᠠ ᠃
      ᠭᠤᠷᠪᠠᠲᠤᠭᠠᠷ ᠡᠲᠦᠷ ᠨᠢ ᠂ ᠲᠠᠷᠭᠤᠲᠠᠢ ᠬᠢᠷᠢᠯᠲᠤᠭ ᠄
     《 ᠳᠥᠩᠭᠡᠲᠦ ᠬᠥᠮᠦᠨ ᠬᠠᠮᠢᠬ᠋᠎ᠠ ᠬᠣᠯᠠᠤᠠᠬᠤ ᠪᠢᠯᠡ ? ᠯᠠᠪ ᠮᠠᠨ ᠪ ᠬᠢᠨ ᠨᠢᠭᠤᠨ ᠳᠠᠯᠳᠠᠯᠠᠵᠤ ᠪᠠᠶ᠋ᠢᠬ᠋᠎ᠠ ᠪᠢᠵᠡ ᠂ ᠠᠶ᠋ᠢᠯ ᠳᠠᠷᠠᠭᠠᠯᠠᠨ ᠨᠡᠩᠵᠢᠶ᠎ᠡ 》 ᠭᠡᠪᠡ ᠃ ᠡᠨᠡ ᠴᠢᠮᠡᠭᠡ ᠶ᠋ᠢ ᠰᠣᠨᠣᠰᠤᠭᠠᠳ ᠴᠢᠮᠪᠠᠢ ᠂ ᠴᠢᠯᠠᠭᠤᠨ ᠬᠣᠶᠠᠷ ᠲᠡᠮᠦᠵᠢᠨ ᠊ᠢ ᠣᠩᠭᠠᠰᠤᠲᠦ ᠲᠡᠷᠭᠡᠨ  ᠳᠦ  ᠣᠷᠣᠭᠤᠯᠵᠤ ᠂ ᠭᠠᠲᠠᠨ᠎ᠠ ᠠ᠋ᠴᠠ ᠨᠢ ᠳᠦᠭᠦᠷᠲᠡᠯ᠎ᠡ ᠣᠩᠭᠠᠰᠦ ᠴᠢᠬᠢᠭᠡᠳ ᠬᠠᠲᠠᠭᠠᠨ ᠨᠡᠷ᠎ᠡ ᠲᠡᠢ ᠪᠢᠴᠢᠬᠠᠨ ᠥᠬᠢᠨ ᠳᠡᠭᠦᠦ  ᠳᠦ  ᠪᠡᠨ ᠲᠤᠰᠢᠶᠠᠨ ᠥᠭᠴᠦ ᠄
     《 ᠰᠠᠶ᠋ᠢᠬᠠᠨ ᠠᠰᠠᠷᠠ ᠂ ᠪᠤᠰᠤᠳ ᠬᠥᠮᠦᠨ  ᠳᠦ  ᠪᠤᠤ ᠬᠡᠯᠡ 》 ᠭᠡᠳ ᠨᠡᠩᠵᠢᠭᠦᠯ ᠊ᠢ ᠬᠦᠯᠢᠶᠡᠵᠦ ᠪᠠᠶ᠋ᠢᠲᠠᠯ᠎ᠠ ᠂ ᠲᠠᠶ᠋ᠢᠴᠢᠭᠤᠳ ᠨᠠᠷ ᠠᠶ᠋ᠢᠯ ᠳᠠᠷᠠᠭᠠᠯᠠᠨ ᠨᠡᠩᠵᠢᠭᠰᠡᠭᠡᠷ ᠲᠡᠲᠡᠨ ᠪ  ᠳᠦ  ᠬᠦᠷᠴᠦ ᠢᠷᠡᠪᠡ ᠃ ᠲᠠᠶ᠋ᠢᠴᠢᠭᠤᠳ ᠨᠠᠷ ᠰᠤᠷᠬᠠᠨ ᠰᠢᠷ᠎ᠠ ᠶ᠋ᠢᠨ ᠭᠡᠷ ᠲᠡᠷᠭᠡ ᠪᠠ ᠢᠰᠡᠷᠢ ᠶ᠋ᠢᠨ ᠳᠣᠲᠣᠷ᠎ᠠ ᠬᠦᠷᠲᠡᠯ᠎ᠡ ᠨᠡᠩᠵᠢᠭᠡᠳ ᠶᠠᠭᠤ ᠴᠤ᠌  ᠣᠯᠤᠭᠰᠠᠨ ᠦᠭᠡᠢ ᠃ ᠲᠡᠲᠡ ᠭᠡᠨᠡᠤᠠᠲᠡ ᠭᠡᠷ ᠦ᠋ᠨ ᠠᠷᠤ ᠳ᠋ᠠᠬᠢ ᠣᠩᠭᠠᠰᠦ ᠲᠡᠢ ᠲᠡᠷᠭᠡ ᠶ᠋ᠢ ᠣᠯᠵᠤ ᠦᠵᠡᠭᠡᠳ ᠄
     《 ᠡᠭᠦᠨ ᠪ ᠳᠣᠲᠣᠷ᠎ᠠ ᠨᠢᠭᠤᠵᠤ ᠪᠠᠶ᠋ᠢᠬᠤ ᠪᠢᠵᠡ? 》 ᠭᠡᠵᠦ ᠲᠡᠷᠭᠡᠨ ᠳᠡᠭᠡᠷ᠎ᠡ ᠭᠠᠷᠴᠤ ᠣᠩᠭᠠᠰᠦ ᠶ᠋ᠢ ᠪᠥᠭᠡᠮ ᠪᠥᠭᠡᠮ ᠶ᠋ᠢᠡᠷ ᠭᠠᠲᠠᠭᠰᠢ ᠴᠢᠷᠴᠦ ᠭᠠᠷᠭᠠᠪᠠ ᠃ ᠪᠢᠴᠢᠬᠠᠨ ᠬᠠᠲᠠᠭᠠᠨ ᠥᠬᠢᠨ ᠪ ᠵᠢᠷᠦᠬᠡ ᠨᠢ ᠴᠣᠬᠢᠯᠠᠬᠤ ᠪᠠᠨ ᠵᠣᠭᠰᠣᠮᠠᠷ ᠪᠣᠯᠵᠤ ᠂ ᠨᠢᠲᠦ ᠪᠡᠨ ᠬᠥᠯᠥᠯᠵᠠᠭᠦᠯᠤᠨ ᠠᠮᠠ ᠪᠠᠨ ᠪᠢᠲᠡᠭᠦᠯᠡᠨ ᠳᠠᠭᠵᠢᠨ ᠪᠠᠶ᠋ᠢᠲᠠᠯ᠎ᠠ ᠰᠤᠷᠬᠠᠨ ᠰᠢᠷ᠎ᠠ ᠲᠡᠭᠦᠨ ᠊ᠢ ᠲᠡᠪᠡᠷᠢᠨ ᠠᠪᠴᠤ ᠄
     《 ᠡᠶ᠋ᠢᠮᠦ ᠬᠠᠯᠠᠭᠤᠨ ᠡᠲᠦᠷ ᠣᠩᠭᠠᠰᠤᠨ ᠳᠣᠲᠣᠷ᠎ᠠ ᠠᠮᠢᠲᠤ ᠬᠥᠮᠦᠨ ᠪᠠᠶ᠋ᠢᠵᠤ ᠲᠡᠰᠬᠦ ‍ᠦᠦ ︖ ᠰᠡᠤᠠᠬᠢᠯ ᠶ᠋ᠢᠡᠨ ᠬᠠᠨᠲᠠᠯ᠎ᠠ ᠡᠷᠢ 》 ᠭᠡᠵᠦ  ᠬᠡᠯᠡᠭᠰᠡᠨ  ᠳᠦ  ᠂ ᠲᠠᠶ᠋ᠢᠴᠢᠭᠤᠳ ᠨᠠᠷ ᠰᠠᠶᠢ ᠨᠡᠩᠵᠢᠬᠦ ᠪᠡᠨ ᠪᠠᠶ᠋ᠢᠵᠤ ᠂ ᠥᠭᠡᠷ᠎ᠡ ᠠᠶ᠋ᠢᠯ ᠊ᠢ  ᠨᠡᠩᠵᠢᠷ᠎ᠡ ᠣᠤᠠᠪᠠ ᠃
      ᠨᠡᠩᠵᠢᠭᠦᠯ ᠦ᠋ᠨ ᠬᠥᠮᠦᠰ ᠬᠣᠯᠠ ᠶᠠᠪᠤᠭᠰᠠᠨ ᠪ ᠳᠠᠷᠠᠬ᠋᠎ᠠ ᠂ ᠰᠤᠷᠬᠠᠨ ᠰᠢᠷ᠎ᠠ ᠡᠪᠦᠭᠡᠨ ᠲᠡᠮᠦᠵᠢᠨ ᠊ᠢ ᠣᠩᠭᠠᠰᠤᠲᠦ ᠲᠡᠷᠭᠡᠨ ᠡᠴᠡ ᠪᠠᠭᠤᠯᠭᠠᠵᠤ ᠄
      《 ᠨᠠᠮ᠎ᠠ ᠶ᠋ᠢ ᠦᠨᠡᠰᠦ ᠪᠡᠷ ᠭᠡᠶ᠋ᠢᠰᠭᠡᠬᠦ ᠠᠯᠲᠠᠪᠠ ᠴᠢ ᠂ ᠣᠲᠣ ᠲᠦᠷᠭᠡᠨ ᠡᠬᠡ ᠪᠠ ᠳᠡᠭᠦᠦ ᠨᠡᠷ ᠶ᠋ᠢᠡᠨ ᠡᠷᠢᠨ ᠶᠠᠪᠤ 》 ᠭᠡᠵᠦ ᠲᠡᠭᠦᠨ ᠪ ᠠᠮᠠ ᠴᠠᠭᠠᠨ  ᠡᠷᠡᠮᠡᠭ ᠬᠤᠯᠠᠭᠴᠢ ᠭᠡᠭᠦᠦ ᠪᠡᠨ ᠤᠨᠤᠭᠤᠯᠵᠤ ᠂ ᠳᠡᠯᠡᠭᠡ ᠬᠤᠷᠠᠬ᠋᠎ᠠ ᠴᠢᠨᠠᠵᠤ ᠪᠠᠰᠠ ᠬᠦᠬᠦᠦᠷ ᠂ ᠨᠢᠭᠡ ᠨᠤᠮᠤ ᠬᠣᠶᠠᠷ ᠰᠤᠮᠤ ᠥᠭᠴᠦ ᠡᠮᠡᠭᠡᠯ ᠪᠠ ᠭᠡᠲᠡ ᠦᠭᠡᠢ ᠪᠡᠷ ᠶᠠᠪᠤᠭᠤᠯᠪᠠ ᠃
       ᠲᠡᠮᠦᠵᠢᠨ ᠢᠩᠭᠢᠵᠦ ᠲᠠᠶ᠋ᠢᠴᠢᠭᠤᠳ ᠦ᠋ᠨ ᠭᠠᠷ ᠠ᠋ᠴᠠ ᠮᠤᠯᠲᠤᠷᠠᠪᠠ ᠃
 

               ᠦᠰᠦᠭ ᠠᠮᠢᠯᠠᠭᠤᠯᠤᠭᠴᠢ ᠄ ᠰᠠᠷᠠᠨ᠎ᠠ ᠂ ᠪᠤᠤ ᠿᠦᠩ ᠬᠤᠸᠠ ᠂ ᠪᠤᠤ ᠶ᠋ᠢᠨ ᠿᠦᠩ ᠂ 
                                                        ᠬᠠᠢ ᠶᠢᠩ ᠂ ᠪᠦᠷᠢᠨᠵᠢᠷᠭᠠᠯ ᠂ ᠡᠷᠲᠡᠨᠢ  ᠃
                   ᠬᠢᠨᠠᠭᠴᠢ ᠪᠠᠭᠰᠢ ᠄ ᠮᠥᠴᠢᠷ