ᠮᠣᠩᠭᠣᠯ ᠭᠡᠷ ᠦᠨ ᠢᠷᠦᠭᠡᠯ Монгол гэрийн ерөөл
ᠮᠣᠩᠭᠣᠯ ᠭᠡᠷ
ᠡᠯᠲᠡᠪ ᠰᠠᠶ᠋ᠢᠬᠠᠨ ᠴᠡᠴᠡᠭ ᠦ᠋ᠳ
ᠥᠩᠭᠡ ᠢᠯᠭᠠᠷᠠᠨ ᠮᠢᠷᠠᠯᠵᠠᠭᠰᠠᠨ
ᠡᠩᠬᠡ ᠰᠠᠶ᠋ᠢᠬᠠᠨ ᠵᠢᠷᠭᠠᠯ
ᠡᠲᠦᠷ ᠰᠥᠨᠢ ᠦᠭᠡᠢ ᠦᠷᠭᠦᠯᠵᠢᠯᠡᠭᠰᠡᠨ
ᠥᠷᠨᠢᠭᠥᠨ ᠮᠣᠩᠭᠣᠯ ᠨᠤᠲᠤᠭ ᠦ᠋ᠨ
ᠥᠷᠭᠡᠨ ᠰᠠᠷᠠᠭᠤᠯ ᠳᠡᠨᠵᠢᠨ ᠳᠦ
ᠥᠷᠭᠥᠭᠡ ᠭᠡᠷ ᠶ᠋ᠢᠡᠨ ᠪᠠᠷᠢᠵᠤ
ᠰᠠᠭᠠᠯᠢ ᠶ᠋ᠢᠨ ᠢᠲᠡᠭᠡᠨ ᠶ᠋ᠢᠡᠨ ᠲᠠᠯᠪᠢᠵᠤ
ᠰᠠᠷᠬᠤᠳ ᠶ᠋ᠢᠠᠨ ᠰᠦᠩᠨᠡᠵᠦ
ᠠᠶ᠋ᠢᠯ ᠠᠶ᠋ᠢᠮᠠᠭ ᠶ᠋ᠢᠠᠨ ᠵᠠᠯᠠᠵᠤ
ᠠᠮᠠᠷᠠᠭ ᠲᠦᠷᠦᠯ ᠶ᠋ᠢᠡᠨ ᠤᠷᠢᠵᠤ
ᠠᠮᠤᠭᠤᠯᠠᠩᠲᠤ ᠨᠠᠶ᠋ᠢᠷ ᠊ᠢ ᠡᠭᠦᠰᠭᠡᠭᠰᠡᠨ ᠳᠦ
ᠠᠯᠤᠰ ᠠ᠋ᠴᠠ ᠢᠷᠡᠭᠰᠡᠨ ᠪᠢ
ᠠᠰᠢᠲᠠ ᠶ᠋ᠢᠨ ᠪᠡᠯᠭᠡ ᠲᠡᠪᠰᠢᠭᠦᠯᠦᠨ ᠢᠷᠦᠭᠡᠮᠦ ᠃
ᠬᠦᠷᠡᠯ ᠲᠡᠮᠦᠷ ᠲᠤᠭᠤᠷᠠᠢ ᠲᠠᠢ ᠬᠦᠯᠦᠭ ᠦ᠋ᠨ ᠰᠠᠶ᠋ᠢᠬᠠᠨ ᠳᠡᠯ ᠊ᠢ
ᠡᠪ ᠊ᠢ ᠨᠢ ᠣᠯᠵᠣ ᠰᠡᠮᠡᠴᠢᠭᠡᠳ
ᠡᠷᠴᠢᠮᠯᠡᠵᠦ ᠰᠠᠶ᠋ᠢᠬᠠᠨ ᠲᠠᠮᠤᠭᠠᠳ
ᠰᠣᠯᠣᠭᠠᠢ ᠪᠠᠷᠠᠭᠤᠨ ᠬᠣᠶᠠᠷ ᠡᠷᠴᠢᠮ ᠊ᠢ
ᠰᠣᠯᠢᠵᠤ ᠰᠠᠶ᠋ᠢᠬᠠᠨ ᠲᠠᠮᠤᠭᠰᠠᠨ
ᠰᠣᠯᠣᠩᠬ᠋᠎ᠠ ᠶ᠋ᠢᠨ ᠡᠷᠢᠶᠡᠨ ᠬᠡ ᠶ᠋ᠢ
ᠰᠣᠨᠢᠨ ᠰᠠᠶ᠋ᠢᠬᠠᠨ ᠲᠣᠬᠢᠶᠠᠭᠰᠠᠨ
ᠬᠡᠰᠢᠭ ᠪᠤᠶᠠᠨ ᠬᠤᠷᠠᠭᠴᠢ
ᠴᠢᠬᠲᠠᠬ᠋ᠠ ᠲᠡᠭᠦᠨ ᠊ᠢ ᠢᠷᠦᠭᠡᠮᠦ ᠃
ᠽᠠᠨᠲᠠᠨ ᠮᠤᠲᠤ ᠶ᠋ᠢ ᠵᠠᠭᠠᠵᠤ ᠬᠢᠭᠰᠡᠨ
ᠵᠠᠭᠠᠨ ᠪ ᠠᠷᠠᠰᠤ ᠪᠠᠷ ᠦᠲᠡᠵᠦ ᠬᠢᠭᠰᠡᠨ
ᠰᠠᠩᠲᠠᠩ ᠮᠤᠲᠤ ᠶ᠋ᠢ ᠰᠡᠶ᠋ᠢᠯᠵᠦ ᠬᠢᠭᠰᠡᠨ
ᠰᠠᠷᠯᠤᠭ ᠦ᠋ᠨ ᠵᠣ᠋ ᠪᠠᠷ ᠦᠲᠡᠵᠦ ᠬᠢᠭᠰᠡᠨ
ᠵᠢᠷᠠᠨ ᠳᠦᠷᠪᠡᠨ ᠬᠤᠷᠤᠭᠤ ᠲᠠᠢ
ᠵᠢᠷᠭᠤᠭᠠᠨ ᠰᠠᠯᠠᠬ᠋᠎ᠠ ᠬᠡᠴᠡ ᠲᠡᠢ
ᠡᠪ ᠦ᠋ᠨ ᠬᠣᠶᠠᠷ ᠵᠢᠭᠠᠰᠤ
ᠡᠯᠢᠭᠡ ᠪᠡᠷ ᠶ᠋ᠢᠡᠨ ᠨᠡᠢᠯᠡᠭᠰᠡᠨ
ᠰᠠᠷᠠᠨ ᠪ ᠭᠡᠷᠡᠯ ᠳᠠᠲᠠᠭᠰᠠᠨ
ᠨᠠᠢ᠍ᠮᠠᠨ ᠥᠯᠵᠡᠢ ᠶ᠋ᠢᠨ ᠰᠢᠨᠵᠢ ᠪᠦᠷᠢᠲᠦᠭᠰᠡᠨ
ᠰᠢᠭᠦᠷ ᠡᠷᠲᠡᠨᠢ ᠶ᠋ᠢᠨ ᠰᠢᠨᠵᠢ ᠲᠡᠢ
ᠲᠣᠭᠣᠨᠣ ᠲᠡᠭᠦᠨ ᠊ᠢ ᠢᠷᠦᠭᠡᠮᠦ ᠃
ᠰᠦᠮᠪᠦᠷ ᠠᠭᠤᠯᠠ ᠶ᠋ᠢᠨ ᠲᠣᠭᠣᠷᠢᠨ ᠳᠦ
ᠰᠦᠯᠵᠢᠯᠲᠦᠨ ᠤᠷᠭᠤᠭᠰᠠᠨ
ᠰᠦᠷᠯᠢᠭ ᠬᠢᠩᠭᠠᠨ ᠪ ᠣᠷᠴᠢᠨ ᠳᠦ
ᠰᠢᠭᠤᠶ᠋ᠢᠷᠠᠨ ᠬᠦᠬᠡᠷᠡᠭᠰᠡᠨ
ᠨᠠᠪᠴᠢ ᠽᠠᠨᠲᠠᠨ ᠮᠣᠲᠣ ᠶ᠋ᠢ
ᠨᠠᠮᠠᠬ᠋ᠠ ᠰᠠᠯᠠᠬ᠋᠎ᠠ ᠶ᠋ᠢ ᠨᠢ ᠱᠤᠯᠤᠵᠤ
ᠨᠠᠷᠢᠨ ᠪᠦᠲᠦᠭᠦᠨ ᠊ᠢ ᠨᠢ ᠲᠡᠩᠨᠡᠭᠦᠯᠵᠦ
ᠰᠤᠮᠤ ᠰᠢᠭ᠋ ᠠᠰᠬᠠᠯᠠᠭᠤᠯᠵᠤ ᠬᠢᠭᠰᠡᠨ
ᠣᠨᠢ ᠲᠡᠭᠦᠨ ᠊ᠢ ᠢᠷᠦᠭᠡᠮᠦ ᠃
ᠬᠠᠷᠭᠠᠢ ᠽᠠᠨᠲᠠᠨ ᠊ᠢ
ᠬᠠᠭᠠᠯᠤᠨ ᠴᠠᠪᠴᠢᠵᠤ
ᠬᠠᠨ᠎ᠠ ᠶ᠋ᠢᠨ ᠬᠡᠪ ᠬᠢᠭᠡᠳ
ᠡᠷ᠎ᠡ ᠰᠠᠶ᠋ᠢᠲᠠᠢ ᠮᠣᠲᠣᠴᠢᠨ
ᠡᠪᠯᠡᠭᠦᠯᠦᠨ ᠲᠠᠲᠠᠵᠤ
ᠡᠷᠲᠡᠮ ᠰᠠᠶ᠋ᠢᠲᠠᠢ ᠮᠣᠲᠣᠴᠢᠨ ᠡᠩᠨᠡᠭᠦᠯᠦᠨ ᠲᠠᠲᠠᠵᠤ
ᠡᠷ᠎ᠡ ᠳᠤᠮᠳᠠ ᠶ᠋ᠢᠨ ᠪᠤᠤᠷ᠎ᠠ ᠶ᠋ᠢᠨ ᠰᠢᠷᠢ ᠶ᠋ᠢ
ᠰᠢᠭᠦᠰᠦ ᠭᠠᠷᠲᠠᠯ᠎ᠠ ᠲᠠᠲᠠᠵᠤ
ᠰᠦᠪᠡᠯᠡᠨ ᠦᠲᠡᠵᠦ
ᠰᠢᠭᠦᠷᠴᠢᠯᠡᠨ ᠡᠷᠭᠢᠭᠦᠯᠵᠦ ᠬᠢᠭᠰᠡᠨ
ᠥᠯᠵᠡᠢ ᠵᠠᠩᠭᠢᠶ᠎ᠠ ᠬᠡᠯᠪᠡᠷᠢ ᠲᠡᠢ
ᠠᠷᠪᠠᠨ ᠵᠢᠷᠭᠤᠭᠠᠨ ᠲᠣᠯᠣᠭᠠᠢ ᠲᠠᠢ
ᠬᠠᠨ᠎ᠠ ᠲᠡᠭᠦᠨ ᠊ᠢ ᠢᠷᠦᠭᠡᠮᠦ ᠃
ᠠᠭᠠᠷᠤ ᠽᠠᠨᠲᠠᠨ ᠬᠠᠲᠠᠪᠴᠢ ᠲᠠᠢ
ᠠᠷᠴᠠ ᠽᠠᠨᠲᠠᠨ ᠬᠦᠷᠢᠶ᠎ᠡ ᠲᠡᠢ
ᠽᠠᠨᠲᠠᠨ ᠮᠣᠲᠣᠨ ᠵᠠᠭᠠᠮᠠᠯ ᠲᠠᠢ
ᠰᠠᠩᠲᠠᠩ ᠮᠣᠲᠣᠨ ᠰᠠᠶ᠋ᠢᠯᠪᠤᠷᠢ ᠲᠠᠢ
ᠬᠦᠷᠡᠯ ᠪᠤᠯᠤᠳ ᠣᠨᠢᠰᠣ ᠲᠠᠢ
ᠬᠥᠮᠦᠨ ᠪᠦᠬᠦᠨ ᠪ ᠣᠷᠣᠵᠤ ᠭᠠᠷᠲᠠᠭ
ᠬᠠᠭᠠᠯᠬ᠋ᠠ ᠬᠠᠲᠠᠪᠴᠢ ᠲᠡᠭᠦᠨ ᠊ᠢ ᠢᠷᠦᠭᠡᠮᠦ ᠃
ᠬᠠᠨᠠᠨ ᠠ᠋ᠴᠠ ᠪᠠᠨ ᠠᠪᠤᠭᠠᠳ
ᠬᠠᠯᠢᠭᠤ ᠪᠤᠯᠠᠭᠠᠨ ᠳᠡᠪᠢᠰᠭᠡᠷ ᠲᠡᠢ
ᠬᠠᠲᠠᠪᠴᠢ ᠠ᠋ᠴᠠ ᠪᠠᠨ ᠦᠷᠭᠦᠯᠵᠢ
ᠬᠠᠮᠪᠤ ᠲᠣᠷᠭᠠᠨ ᠬᠥᠰᠢᠭᠡ ᠲᠡᠢ
ᠲᠦᠪᠰᠢᠨ ᠰᠠᠶ᠋ᠢᠬᠠᠨ ᠭᠡᠷ ᠦ᠋ᠨ
ᠲᠥᠪ ᠳᠤᠮᠳᠠ ᠨᠢ
ᠤᠷᠠᠨ ᠳᠠᠷᠬᠠᠨ
ᠤᠭᠠᠯᠵᠠᠯᠠᠵᠤ ᠬᠢᠭᠰᠡᠨ
ᠰᠡᠴᠡᠨ ᠳᠠᠷᠬᠠᠨ
ᠰᠡᠶ᠋ᠢᠯᠵᠦ ᠬᠢᠭᠰᠡᠨ
ᠲᠥᠷᠥ ᠶ᠋ᠢᠨ ᠳᠥᠷᠪᠡᠨ ᠲᠣᠲᠣᠭᠣ ᠲᠠᠢ
ᠲᠡᠮᠦᠷ ᠳᠥᠷᠪᠡᠨ ᠰᠢᠭᠢᠷ᠎ᠡ ᠲᠡᠢ
ᠭᠠᠷᠠᠬᠠᠨ ᠭᠤᠷᠪᠠᠨ ᠴᠠᠭᠠᠷᠢᠬ ᠲᠠᠢ
ᠭᠠᠯ ᠦ᠋ᠨ ᠲᠤᠯᠬ᠋ᠠ ᠲᠡᠭᠦᠨ ᠊ᠢ ᠢᠷᠥᠭᠡᠮᠦ ᠃
ᠬᠬᠢᠷ ᠲᠣᠭᠣᠰᠣ ᠰᠠᠭᠤᠬ᠋ᠠ ᠦᠭᠡᠢ
ᠬᠡᠮᠵᠢᠶ᠎ᠡ ᠲᠣᠮᠵᠢᠶ᠎ᠠ ᠵᠥᠷᠢᠶ᠎ᠡ ᠦᠭᠡᠢ
ᠬᠡ ᠲᠡᠢ ᠬᠡᠪᠢᠰ ᠲᠡᠭᠦᠨ ᠊ᠢ ᠢᠷᠥᠭᠡᠮᠦ ᠃
ᠬᠦᠷᠢᠶ᠎ᠡ ᠭᠠᠵᠠᠷ ᠴᠢᠤᠠᠬᠤᠵᠤ ᠬᠢᠭᠰᠡᠨ
ᠬᠦᠷᠡᠯ ᠰᠢᠷᠠᠮᠤ ᠶ᠋ᠢ ᠬᠠᠶ᠋ᠢᠯᠤᠭᠤᠯᠵᠤ ᠬᠢᠭᠰᠡᠨ
ᠬᠥᠮᠦᠨ ᠪᠦᠷᠢ ᠳᠦ ᠬᠣᠭᠣᠯᠠ ᠤᠮᠲᠠ ᠪᠠᠵᠠᠭᠠᠭᠴᠢ
ᠬᠦᠷᠡᠯ ᠲᠣᠭᠣᠬ᠋᠎ᠠ ᠲᠡᠭᠦᠨ ᠊ᠢ ᠢᠷᠦᠭᠡᠮᠦ ᠃
ᠠᠬᠤᠷ ᠦ᠋ᠨ ᠨᠣᠣᠰᠣ ᠶ᠋ᠢ
ᠠᠯᠠᠬ᠋᠎ᠠ ᠳᠠᠷᠤᠮ᠎ᠠ ᠵᠤᠯᠤᠭᠠᠳ
ᠪᠦᠯᠢᠶᠡᠨ ᠤᠰᠤ ᠪᠠᠷ ᠪᠦᠷᠢᠯᠲᠦᠭᠦᠯᠵᠦ
ᠪᠦᠭᠦᠲᠡ ᠶ᠋ᠢᠨ ᠭᠠᠷ ᠶ᠋ᠢᠠᠷ ᠰᠢᠷᠢᠯᠲᠦᠭᠦᠯᠵᠦ
ᠬᠤᠷ᠎ᠠ ᠶ᠋ᠢᠨ ᠤᠰᠤ ᠪᠠᠷ ᠨᠡᠪᠲᠡᠯᠵᠦ
ᠬᠤᠷᠲᠤᠨ ᠮᠣᠷᠢ ᠪᠠᠷ ᠲᠠᠲᠠᠭᠤᠯᠵᠤ ᠬᠢᠭᠰᠡᠨ
ᠡᠩ ᠴᠠᠭᠠᠨ ᠢᠰᠡᠭᠡᠢ ᠶ᠋ᠢ
ᠥᠢᠯᠡᠴᠢᠨ ᠤᠷᠠᠨ ᠠᠪᠠᠭᠠᠶ᠋ᠢᠴᠤᠳ
ᠶᠠᠭᠰᠢᠷᠠᠲᠠᠯ᠎ᠠ ᠰᠢᠷᠢᠵᠦ
ᠢᠷᠠᠶ᠋ᠢᠲᠠᠯᠠ ᠵᠡᠭᠡᠭᠯᠡᠭᠰᠡᠨ
ᠡᠷᠦᠬᠡ ᠳᠡᠭᠡᠪᠦᠷ ᠲᠤᠭᠤᠷᠬ᠋ᠠ ᠲᠡᠭᠦᠨ ᠊ᠢ ᠢᠷᠦᠭᠡᠮᠦ ᠃
ᠣᠷᠣᠬ᠋ᠠ ᠮᠣᠷᠢᠳ ᠦ᠋ᠨ ᠬᠣᠷ ᠳᠡᠯ ᠊ᠢ
ᠣᠩᠭᠣᠨ ᠪᠤᠤᠷ᠎ᠠ ᠶ᠋ᠢᠨ ᠵᠣᠭᠲᠣᠷ ᠊ᠢ
ᠤᠷᠠᠵᠤ ᠰᠠᠶ᠋ᠢᠬᠠᠨ ᠰᠡᠮᠡᠴᠢᠭᠡᠳ
ᠤᠷᠠᠨ ᠡᠷᠴᠢᠮᠯᠡᠵᠦ ᠲᠠᠮᠤᠭᠠᠳ
ᠴᠢᠲᠠᠯ ᠰᠠᠶ᠋ᠢᠲᠠᠢ ᠪᠡᠷᠭᠡᠳ
ᠴᠢᠩᠭᠠᠯᠠᠨ ᠲᠠᠲᠠᠵᠤ ᠨᠢᠬᠰᠢᠷᠠᠭᠤᠯᠤᠭᠠᠳ
ᠴᠢᠭᠢᠷᠠᠭ ᠬᠦᠴᠦ ᠲᠡᠢ ᠬᠡᠦᠬᠡᠨᠴᠦᠳ
ᠴᠢᠩᠬ᠋᠎ᠠ ᠡᠷᠴᠢᠮ ᠲᠡᠢ ᠲᠠᠮᠤᠭᠰᠠᠨ
ᠣᠭᠲᠠᠷᠭᠤᠢ ᠶ᠋ᠢᠨ ᠰᠠᠯᠬᠢᠨ ᠠ᠋ᠴᠠ ᠥᠮᠦᠭᠡᠷᠡᠭᠴᠢ
ᠣᠭᠣᠰᠣᠷ ᠪᠦᠰᠡᠯᠡᠭᠦᠷ ᠲᠡᠭᠦᠨ ᠊ᠢ ᠢᠷᠥᠭᠡᠮᠦ ᠃
ᠪᠤᠶᠠᠨ ᠪ ᠬᠡᠰᠢᠭ ᠊ᠢ
ᠪᠤᠮᠪᠠᠯᠠᠨ ᠠᠭᠤᠯᠤᠭᠰᠠᠨ
ᠡᠩᠭᠡᠷ ᠳᠠᠭᠠᠭᠰᠠᠨ ᠣᠨᠢᠰᠣ ᠲᠠᠢ
ᠡᠵᠡᠨ ᠳᠠᠭᠠᠭᠰᠠᠨ ᠳᠦᠯᠬᠢᠭᠦᠷ ᠲᠡᠢ
ᠠᠷᠪᠢᠨ ᠬᠡᠰᠢᠭ ᠦ᠋ᠨ ᠰᠠᠩ ᠪᠣᠯᠤᠭᠰᠠᠨ
ᠠᠪᠲᠠᠷ᠎ᠠ ᠬᠣᠷᠭᠣ ᠲᠡᠭᠦᠨ ᠊ᠢ ᠢᠷᠥᠭᠡᠮᠦ ᠃
ᠡᠨᠡ ᠬᠦ ᠠᠵᠢᠯ ᠰᠠᠶ᠋ᠢᠬᠠᠨ ᠭᠡᠷ ᠲᠦ
ᠡᠳ᠋ ᠦ᠋ᠨ ᠬᠡᠰᠢᠭ ᠲᠣᠭᠲᠠᠲᠤᠭᠠᠢ
ᠡᠩᠬᠡ ᠵᠠᠶᠠᠬ᠋᠎ᠠ ᠮᠥᠩᠬᠡᠷᠡᠲᠦᠭᠡᠢ
ᠡᠭᠦᠷᠢᠲᠡ ᠥᠯᠵᠡᠢ ᠲᠡᠢ ᠪᠣᠯᠲᠤᠭᠠᠢ ᠃
ᠦᠰᠦᠭ ᠠᠮᠢᠯᠠᠭᠤᠯᠤᠭᠴᠢ᠄ ᠮᠢᠩᠭᠠᠳ ᠂ ᠴᠢᠮᠡᠭ
ᠬᠢᠨᠠᠭᠴᠢ ᠪᠠᠭ᠍ᠰᠢ ᠄ ᠬᠠᠳᠠᠴᠢ · ᠤᠷᠠᠨ᠎ᠠ
