ᠮᠣᠩᠭᠣᠯ ᠨᠤᠲᠤᠭ - ᠲᠣ · ᠳᠡᠯᠭᠡᠷᠰᠠᠩ Монгол нутаг - Т · Дэлгэрсан
ᠮᠣᠩᠭᠣᠯ ᠨᠤᠲᠤᠭ
ᠲᠣ · ᠳᠡᠯᠭᠡᠷᠰᠠᠩ
ᠠᠯᠲᠠᠨ ᠭᠠᠷᠤᠲᠢ ᠶ᠋ᠢᠨ ᠵᠢᠭᠦᠷ
ᠳᠡᠪᠢᠭᠡᠳ ᠳᠡᠪᠢᠭᠡᠳ ᠲᠤᠭᠤᠯᠤᠰᠢ ᠦᠭᠡᠢ
ᠠᠷᠠᠯᠲᠤ ᠲᠡᠷᠭᠡᠨ ᠪ ᠬᠦᠷᠲᠦ
ᠪᠥᠮᠪᠥᠷᠢᠭᠡᠳ ᠪᠥᠮᠪᠥᠷᠢᠭᠡᠳ ᠭᠡᠲᠦᠯᠦᠰᠢ ᠦᠭᠡᠢ
ᠠᠯᠠᠭ ᠬᠣᠶᠠᠷ ᠨᠢᠲᠦᠨ ᠳᠦ
ᠠᠯᠤᠰ ᠦ᠋ᠨ ᠪᠠᠷ᠎ᠠ ᠨᠢ ᠬᠠᠷᠠᠭᠲᠠᠰᠢ ᠦᠭᠡᠢ
ᠬᠥᠬᠡ ᠮᠣᠩᠭᠣᠯ ᠨᠤᠲᠤᠭ ᠮᠢᠨᠢ
ᠬᠦᠦ ᠨᠢ ᠨᠠᠲᠠ ᠳ᠋ᠠᠭᠠᠨ ᠰᠠᠶ᠋ᠢᠬᠠᠨ ᠳ᠋ᠠ!
ᠤᠷᠢᠬᠠᠨ ᠬᠠᠪᠤᠷ ᠦ᠋ᠨ ᠴᠠᠭ ᠲᠤ
ᠤᠰᠤᠨ ᠪ ᠥᠩᠭᠡ ᠪᠡᠷ ᠭᠦᠬᠡᠷᠡᠭᠰᠡᠨ
ᠤᠷᠬ᠋᠎ᠠ ᠶ᠋ᠢᠨ ᠦᠵᠦᠭᠦᠷ ᠊ᠢ ᠳᠠᠭᠠᠭᠠᠳ
ᠬᠤᠷᠠᠬ᠋ᠠ ᠢᠰᠢᠭᠡ ᠮᠠᠶ᠋ᠢᠯᠠᠯᠲᠤᠭᠰᠠᠨ
ᠤᠶᠠᠬᠠᠨ ᠰᠠᠯᠬᠢᠨ ᠪ ᠢᠯᠪᠢᠯᠲᠡ ᠳᠦ
ᠤᠭᠤᠷᠠᠭ ᠰᠦ᠋ ᠠᠩᠬᠢᠯᠤᠭᠰᠠᠨ
ᠬᠥᠬᠡ ᠮᠣᠩᠭᠣᠯ ᠨᠤᠲᠤᠭ ᠮᠢᠨᠢ
ᠬᠦᠦ ᠨᠢ ᠨᠠᠲᠠ ᠳ᠋ᠠᠭᠠᠨ ᠰᠠᠶ᠋ᠢᠬᠠᠨ ᠳ᠋ᠠ!
ᠬᠠᠯᠠᠭᠤᠨ ᠵᠤᠨ ᠪ ᠴᠠᠭ ᠲᠤ
ᠬᠠᠷᠠᠬ᠋᠎ᠠ ᠳᠦᠭᠦᠷᠡᠩ ᠨᠣᠭᠣᠭᠠᠷᠠᠭᠰᠠᠨ
ᠬᠠᠶ᠋ᠢᠷᠠᠬᠠᠨ ᠬᠥᠭᠡᠷᠦᠬᠦᠨ ᠴᠡᠴᠡᠭ ᠦ᠋ᠳ
ᠬᠠᠷᠠᠴᠠ ᠡᠷᠢᠶᠡᠯᠵᠡᠮ᠎ᠡ ᠮᠢᠷᠠᠯᠵᠠᠭᠰᠠᠨ
ᠬᠠᠰ ᠴᠠᠭᠠᠨ ᠭᠡᠷ ᠦ᠋ᠳ
ᠰᠢᠯᠢ ᠶ᠋ᠢᠨ ᠣᠷᠣᠢ ᠪᠠᠷ ᠴᠠᠶ᠋ᠢᠷᠠᠭᠰᠠᠨ
ᠬᠥᠬᠡ ᠮᠣᠩᠭᠣᠯ ᠨᠤᠲᠤᠭ ᠮᠢᠨᠢ
ᠬᠦᠦ ᠨᠢ ᠨᠠᠲᠠ ᠳ᠋ᠠᠭᠠᠨ ᠰᠠᠶ᠋ᠢᠬᠠᠨ ᠳ᠋ᠠ!
ᠬᠣᠩᠭᠣᠷ ᠨᠠᠮᠤᠷ ᠦ᠋ᠨ ᠴᠠᠭ ᠲᠤ
ᠬᠠᠷᠢᠬᠤ ᠭᠠᠯᠠᠭᠤ ᠵᠡᠯᠡᠯᠡᠭᠰᠡᠨ
ᠬᠠᠶ᠋ᠢᠯᠤᠮᠠ ᠲᠠᠷᠭᠤ ᠲᠠᠢ ᠰᠦᠷᠦᠭ ᠦ᠋ᠳ
ᠬᠠ ᠶᠠ ᠦᠭᠡᠢ ᠢᠳᠡᠰᠢᠯᠡᠭᠰᠡᠨ
ᠬᠠᠲᠤᠯᠠᠩ ᠦ᠋ᠨ ᠰᠢᠷᠭᠠᠯ ᠡᠪᠡᠰᠦᠨ ᠳᠦ
ᠬᠠᠩᠭᠢᠨᠠᠮ᠎ᠠ ᠰᠠᠨᠲᠤᠤ ᠰᠦᠷᠴᠢᠬᠢᠨᠡᠭᠰᠡᠨ
ᠬᠥᠬᠡ ᠮᠣᠩᠭᠣᠯ ᠨᠤᠲᠤᠭ ᠮᠢᠨᠢ
ᠬᠦᠦ ᠨᠢ ᠨᠠᠲᠠ ᠳ᠋ᠠᠭᠠᠨ ᠰᠠᠶ᠋ᠢᠬᠠᠨ ᠳ᠋ᠠ!
ᠰᠦᠩᠭᠢᠨᠡᠮᠡ ᠡᠪᠦᠯ ᠦ᠋ᠨ ᠴᠠᠭ ᠲᠤ
ᠰᠥᠬᠥ ᠴᠠᠰᠤ ᠭᠢᠯᠠᠯᠵᠠᠭᠰᠠᠨ
ᠰᠦᠷᠯᠢᠭ ᠠᠭᠤᠯᠠᠰ ᠦ᠋ᠨ ᠣᠢ ᠪᠠᠷ
ᠠᠪᠠ ᠶ᠋ᠢᠨ ᠨᠣᠬᠠᠳ ᠬᠤᠴᠠᠯᠲᠤᠭᠰᠠᠨ
ᠰᠥᠨᠢ ᠶ᠋ᠢᠨ ᠣᠲᠣ ᠶ᠋ᠢ ᠰᠡᠢᠷᠡᠭᠵᠢᠲᠡᠯᠡ
ᠴᠣᠭᠣᠷ ᠦ᠋ᠨ ᠡᠭᠡᠰᠢᠭ ᠬᠦᠩᠭᠢᠨᠡᠭᠰᠡᠨ
ᠬᠥᠬᠡ ᠮᠣᠩᠭᠣᠯ ᠨᠤᠲᠤᠭ ᠮᠢᠨᠢ
ᠬᠦᠦ ᠨᠢ ᠨᠠᠲᠠ ᠳ᠋ᠠᠭᠠᠨ ᠰᠠᠶ᠋ᠢᠬᠠᠨ ᠳ᠋ᠠ!
ᠤᠷᠭᠤᠬ᠋ᠠ ᠡᠪᠡᠰᠦᠨ ᠳ᠋ᠤᠨᠢ ᠨᠠᠶ᠋ᠢᠭᠤᠭᠰᠠᠨ
ᠡᠮ ᠦ᠋ᠨ ᠵᠦᠢᠯᠡᠰ ᠨᠢ ᠰᠣᠨᠢᠷᠬᠠᠯᠲᠠᠢ ᠰᠢᠦ
ᠤᠷᠤᠰᠬᠠᠯ ᠭᠣᠣᠯ ᠳ᠋ᠤᠨᠢ ᠢᠷᠠᠭᠠᠯᠠᠭᠰᠠᠨ
ᠤᠯᠠᠭᠠᠨ ᠰᠡᠭᠦᠯᠲᠦ ᠨᠢ ᠪᠠᠬᠠᠷᠬᠠᠯᠲᠠᠢ ᠰᠢᠦ
ᠠᠭᠤᠯᠠ ᠬᠠᠶ᠋ᠢᠷᠬᠠᠨ ᠳ᠋ᠤᠨᠢ ᠬᠠᠲᠠᠭᠠᠯᠠᠭᠲᠠᠭᠰᠠᠨ
ᠠᠭᠤᠷᠬᠠᠢ ᠡᠷᠲᠡᠨᠢᠰ ᠨᠢ ᠬᠠᠶ᠋ᠢᠷᠠᠯᠠᠯᠲᠠᠢ ᠰᠢᠦ
ᠬᠥᠬᠡ ᠮᠣᠩᠭᠣᠯ ᠨᠤᠲᠤᠭ ᠮᠢᠨᠢ
ᠬᠦᠦ ᠨᠢ ᠨᠠᠲᠠ ᠳ᠋ᠠᠭᠠᠨ ᠰᠠᠶ᠋ᠢᠬᠠᠨ ᠳ᠋ᠠ!
ᠠᠪᠤ ᠳᠡᠭᠡᠳᠦᠰ ᠴᠢᠩᠭᠢᠰ ᠦ᠋ᠨ ᠮᠢᠨᠢ
ᠠᠲᠤᠭᠤ ᠪᠠᠨ ᠪᠡᠯᠴᠢᠭᠡᠭᠰᠡᠨ ᠲᠠᠯ᠎ᠠ ᠶᠤᠮ ᠰᠢᠦ
ᠠᠷᠤᠤᠬᠠᠨ ᠪᠠᠭᠠᠲᠤᠷ ᠭᠠᠲᠠ ᠶ᠋ᠢᠨ ᠮᠢᠨᠢ
ᠠᠮᠢ ᠪᠠᠷ ᠶ᠋ᠢᠠᠨ ᠬᠠᠮᠠᠭᠠᠯᠠᠭᠰᠠᠨ ᠨᠤᠲᠤᠭ ᠶᠤᠮ ᠰᠢᠦ
ᠠᠴᠢᠷ ᠦᠷᠡᠰ ᠨᠢ ᠪᠢᠲᠡᠨ ᠪ
ᠠᠰᠢᠲᠠ ᠶ᠋ᠢᠨ ᠵᠠᠶᠠᠭᠠᠭᠰᠠᠨ ᠥᠯᠥᠭᠡᠢ ᠶᠤᠮ ᠰᠢᠦ
ᠬᠥᠬᠡ ᠮᠣᠩᠭᠣᠯ ᠨᠤᠲᠤᠭ ᠮᠢᠨᠢ
ᠬᠦᠦ ᠨᠢ ᠨᠠᠲᠠ ᠳ᠋ᠠᠭᠠᠨ ᠰᠠᠶ᠋ᠢᠬᠠᠨ ᠳ᠋ᠠ!
ᠬᠥᠬᠡᠷᠡᠵᠦ ᠬᠠᠯᠢᠭᠤᠷᠠᠬᠤ ᠲᠠᠯ᠎ᠠ ᠶ᠋ᠢᠨ ᠶ᠋ᠢᠡᠨ
ᠡᠪᠡᠰᠦ ᠨᠢ ᠪᠣᠯᠵᠤ ᠭᠠᠩᠬᠤᠨ᠎ᠠ ᠪᠢ
ᠬᠦᠷᠴᠢᠭᠢᠨᠡᠵᠦ ᠤᠷᠤᠰᠬᠤ ᠭᠣᠣᠯ ᠦ᠋ᠨ ᠶ᠋ᠢᠠᠨ
ᠳᠤᠰᠤᠯ ᠨᠢ ᠪᠣᠯᠵᠤ ᠳᠣᠯᠭᠢᠶᠠᠯᠠᠨ᠎ᠠ ᠪᠢ
ᠬᠥᠷᠥᠰᠥ ᠵᠤᠯᠭᠠᠷᠠᠭᠤᠯᠬᠤ ᠰᠠᠯᠬᠢᠨ ᠳᠦ
ᠮᠣᠲᠣ ᠨᠢ ᠪᠣᠯᠵᠤ ᠬᠠᠯᠬᠠᠯᠠᠨ᠎ᠠ ᠪᠢ
ᠬᠥᠬᠡ ᠮᠣᠩᠭᠣᠯ ᠨᠤᠲᠤᠭ ᠮᠢᠨᠢ
ᠬᠦᠰᠡᠯ ᠰᠡᠤᠠᠬᠢᠯ ᠦ᠋ᠨ ᠰᠣᠷᠢᠨᠵᠢᠨ ᠰᠢᠦ ᠃
ᠲᠣ · ᠳᠡᠯᠭᠡᠷᠰᠠᠩ ᠂ ᠭᠣ · ᠴᠠᠪᠴᠢᠨ ᠪ ᠨᠠᠶ᠋ᠢᠷᠠᠭᠤᠯᠤᠭᠰᠠᠨ
《 ᠥᠷᠯᠥᠭᠡᠨ ᠪ ᠤᠶᠠᠩᠬ᠋᠎ᠠ 》 ᠠ᠋ᠴᠠ ᠬᠠᠭᠤᠯᠪᠠ
1983 ᠣᠨ ᠪ 5 ᠰᠠᠷ᠎ᠠ ᠳᠦ ᠠᠩᠬ᠎ᠠ ᠤᠲᠠᠬ᠋᠎ᠠ ᠬᠡᠪᠯᠡᠪᠡ
ᠥᠪᠥᠷ ᠮᠣᠩᠭᠣᠯ ᠦ᠋ᠨ ᠰᠤᠷᠭᠠᠨ ᠬᠥᠮᠦᠵᠢᠯ ᠦ᠋ᠨ ᠬᠡᠪᠯᠡᠯ ᠦ᠋ᠨ ᠬᠣᠷᠢᠶ᠎ᠠ ᠬᠡᠪᠯᠡᠭᠦᠯᠪᠡ
ᠦᠰᠦᠭ ᠠᠮᠢᠯᠠᠭᠤᠯᠤᠭᠴᠢ ᠄ ᠠᠢ ᠵᠢᠶᠦ᠋ᠨ
ᠬᠢᠨᠠᠭᠴᠢ ᠪᠠᠭ᠍ᠰᠢ ᠄ ᠣᠤᠠᠬᠠᠨᠰᠸ᠋ᠠ
