ᠡᠪᠢᠯᠦᠭ - ᠷ᠂ ᠴᠣᠢᠨᠣᠮ Эвлэг– Р᠂ Чойном
ᠡᠪᠢᠯᠦᠭ
ᠵᠢᠯ ᠦ᠋ᠨ ᠬᠤᠭᠤᠴᠠᠬ᠋᠎ᠠ ᠠᠷᠪᠠᠨ ᠬᠣᠶᠠᠷ ᠰᠠᠷ᠎ᠠ ᠲᠠᠢ ᠪᠢᠯᠡ ᠂ ᠳᠡᠭᠦᠨᠠᠷ ᠮᠢᠨᠢ
ᠵᠢᠷ ᠦ᠋ᠨ ᠴᠠᠭ ᠠᠷᠪᠠᠨ ᠬᠣᠶᠠᠷ ᠲᠣᠬ᠋᠎ᠠ ᠲᠠᠢ ᠪᠢᠯᠡ ᠂ ᠬᠡᠦᠬᠡᠢ ᠂
ᠵᠢᠩᠬᠢᠨᠢ ᠳᠤᠷᠠᠯᠠᠯ ᠦ᠋ᠨ ᠠᠶᠠᠭᠠᠨ ᠳᠦ ᠵᠢᠮᠢᠰ ᠦ᠋ᠨ ᠳᠠᠷᠠᠰᠤ ᠳᠦᠭᠦᠷᠭᠡᠭᠡᠳ
ᠵᠢᠮᠢᠢᠵᠦ ᠲᠠᠮᠰᠢᠶᠠᠭᠠᠭᠰᠠᠨ ᠰᠢᠯᠦᠭ ᠮᠢᠨᠢ ᠠᠷᠪᠠᠨ ᠬᠣᠶᠠᠷ ᠨᠤᠭᠤᠯᠤᠭᠠᠲᠠᠢ ᠶᠠ
ᠪᠠᠶᠠᠷᠲᠠᠢ ᠬᠣᠩᠭᠣᠷ ᠮᠢᠨᠢ ᠂ ᠪᠢ ᠰᠢᠯᠦᠭ ᠦ᠋ᠨ ᠰᠢᠪᠠᠭᠤ
ᠪᠠᠷᠠᠭᠠᠬᠠᠨ ᠮᠡᠯᠮᠡᠢ ᠳᠦ ᠴᠢᠨᠢ ᠪᠠᠭᠤᠵᠤ ᠰᠤᠩᠪᠠᠭᠠᠠᠳ ᠶᠠᠪᠤᠯ᠎ᠠ
ᠨᠠᠰᠤᠨ ᠪ ᠮᠢᠨᠢ ᠨᠠᠮᠤᠷ ᠨᠠᠪᠴᠢᠰ ᠶ᠋ᠢᠠᠨ ᠭᠦᠪᠢᠭᠡᠳ ᠭᠣᠷᠢ ᠦᠭᠡᠢ ᠨᠢ
ᠨᠠᠷᠠᠯᠠᠭ ᠬᠣᠯᠠ ᠶ᠋ᠢᠨ ᠲᠩᠷᠢ ᠳ᠋ᠡᠭᠡᠨ ᠭᠠᠩᠭᠠᠨᠠᠰᠬᠢᠭᠡᠳ ᠣᠲᠣᠶᠡ ᠤᠤ ᠳ᠋ᠠ !
1970.2.7_1970.10.24
ᠭᠠᠭᠴᠠ ᠬᠤᠤᠠᠲᠤᠭ ᠦ᠋ᠨ ᠮᠥᠷᠲᠡᠨ ᠪ 45 ᠳ᠋ᠤᠭᠠᠷ ᠥᠷᠥᠭᠡ
ᠦᠰᠦᠭ ᠠᠮᠢᠯᠠᠭᠤᠯᠤᠭᠴᠢ ᠄ ᠪᠠᠶᠠᠨᠰᠡᠷᠡᠩ
ᠬᠢᠨᠠᠭᠴᠢ ᠪᠠᠭ᠍ᠰᠢ ᠄ ᠣᠳᠬᠠᠨᠰᠣᠸᠠ
