ᠤᠮᠪᠠᠭᠠᠳ ᠪᠠᠢ᠂ ᠳᠡᠭᠦᠦ ᠨᠠᠷ ᠮᠢᠨᠢ - ᠯ᠂ ᠣᠳᠽᠠᠷ Умбаад бай ᠂ дүү нар минь - Л . Одзар
ᠤᠮᠪᠠᠭᠠᠳ ᠪᠠᠢ᠂ ᠳᠡᠭᠦᠦ ᠨᠠᠷ ᠮᠢᠨᠢ
ᠯ ᠣᠤᠠᠽᠡᠷ
ᠲᠩᠷᠢ ᠶ᠋ᠢᠨ ᠬᠠᠲᠠᠪᠴᠢ ᠠ᠋ᠴᠠ ᠴᠢᠤᠠᠬᠤᠭᠰᠠᠨ ᠰᠢᠭ᠋
ᠲᠡᠮᠡᠤᠯᠤᠨ ᠤᠷᠤᠰᠬᠤ ᠮᠥᠷᠡᠨ ᠪᠠᠶ᠋ᠢᠨ᠎ᠠ ᠃
ᠲᠡᠮᠡᠭᠡᠨ ᠪᠦᠬᠦ ᠶ᠋ᠢ ᠬᠣᠯᠪᠣᠭᠰᠠᠨ ᠰᠢᠭ᠋
ᠲᠡᠮᠡᠴᠡᠨ ᠪᠣᠰᠬᠤ ᠳᠠᠪᠠᠯᠭᠠᠨ ᠪᠠᠶ᠋ᠢᠨ᠎ᠠ ᠃
ᠣᠷᠭᠢᠯᠤᠭᠰᠠᠨ ᠮᠥᠷᠡᠨ ᠊ᠢ ᠵᠠᠯᠭᠢᠴᠢᠬᠠᠮᠠᠷ
ᠣᠷᠢᠶᠠᠯᠲᠤᠨ ᠬᠤᠶ᠋ᠢᠯᠠᠷᠠᠬᠤ ᠡᠭᠦᠯᠡᠰ ᠪᠠᠶ᠋ᠢᠨ᠎ᠠ ᠃
ᠣᠶ᠋ᠢᠯᠤᠭᠰᠠᠨ ᠳᠠᠪᠠᠯᠭᠠᠨ ᠊ᠢ ᠡᠪᠬᠡᠴᠢᠬᠡᠮᠡᠷ
ᠤᠷᠢᠯᠠᠨ ᠬᠠᠤᠭᠢᠬᠤ ᠰᠠᠯᠬᠢ ᠪᠠᠶ᠋ᠢᠨ᠎ᠠ ᠃
ᠰᠠᠯᠬᠢᠨ ᠪ ᠥᠭᠡᠲᠡ ᠂ ᠡᠭᠦᠯᠡᠨ ᠪ ᠡᠰᠡᠷᠭᠦ
ᠰᠠᠯᠬᠢᠴᠢ ᠰᠢᠪᠠᠭᠤ ᠬᠠᠯᠢᠨ ᠳᠡᠭᠦᠯᠢᠨ᠎ᠡ
ᠳᠠᠯᠠᠪᠴᠢ ᠪᠠᠨ ᠳᠡᠯᠭᠡᠵᠦ ᠳᠠᠪᠠᠯᠭᠠᠨ ᠊ᠢ ᠴᠡᠷᠪᠡᠨᠡ
ᠳᠠᠬᠢᠭᠠᠳ ᠳᠡᠭᠡᠭᠰᠢ ᠪᠡᠨ ᠡᠭᠦᠯᠡᠰ ᠊ᠢ ᠵᠦᠰᠦᠨ᠎ᠡ ᠃
ᠡᠷᠴᠢᠯᠡᠭᠰᠡᠨ ᠮᠥᠷᠡᠨ ᠵᠠᠩᠭᠢᠷᠠᠭᠰᠠᠨ ᠳᠠᠪᠠᠯᠭᠠᠨ ᠳᠦ
ᠡᠷᠡᠯᠬᠡᠭ ᠳᠡᠭᠦᠦ ᠨᠡᠷ ᠮᠢᠨᠢ ᠤᠮᠪᠠᠨ᠎ᠠ ᠂ ᠱᠤᠮᠪᠠᠨᠠ
ᠤᠰᠤᠨ ᠊ᠢ ᠳᠡᠯᠡᠰᠴᠦ ᠮᠥᠷᠡᠨ ᠊ᠢ ᠴᠠᠯᠭᠢᠭᠤᠯᠤᠨ᠎ᠠ
ᠤᠷᠤᠰᠬᠠᠯ ᠊ᠢ ᠰᠥᠷᠴᠦ ᠳᠠᠪᠠᠯᠭᠠᠨ ᠊ᠢ ᠬᠠᠯᠭᠢᠭᠤᠯᠤᠨᠠ ᠃
ᠤᠰᠤᠨ ᠪ ᠴᠣᠬᠢᠯᠠᠬᠤ ᠠ᠋ᠴᠠ ᠰᠦᠷᠲᠡᠬᠦ ᠦᠭᠡᠢ
ᠤᠮᠪᠠᠭᠠᠳ ᠪᠠᠢ ᠂ ᠳᠡᠭᠦᠦ ᠨᠡᠷ ᠮᠢᠨᠢ !
ᠤᠷᠤᠰᠬᠠᠯ ᠊ᠢ ᠰᠥᠷᠬᠦ ᠡᠴᠡ ᠠᠶᠤᠬᠤ ᠦᠭᠡᠢ
ᠤᠷᠤᠭᠰᠢᠯᠠᠭᠠᠳ ᠪᠠᠢ ᠂ ᠳᠡᠭᠦᠦ ᠨᠡᠷ ᠮᠢᠨᠢ !
ᠳᠠᠪᠠᠯᠭᠠᠨ ᠰᠠᠯᠬᠢ ᠶ᠋ᠢ ᠦᠵᠡᠬᠦ ᠦᠭᠡᠢ ᠪᠣᠯ
ᠳᠠᠯᠠᠪᠴᠢ ᠵᠢᠭᠦᠷ ᠬᠠᠲᠠᠭᠤᠵᠢᠵᠤ ᠴᠢᠲᠠᠨ᠎ᠠ ᠤᠤ !
ᠳᠠᠯᠠᠪᠴᠢ ᠵᠢᠭᠦᠷ ᠬᠠᠲᠠᠭᠤᠵᠢᠬᠤ ᠦᠭᠡᠢ ᠪᠣᠯ
ᠳᠠᠪᠠᠯᠭᠠᠨ ᠰᠠᠯᠬᠢ ᠶ᠋ᠢ ᠲᠤᠭᠤᠯᠵᠤ ᠴᠢᠲᠠᠨ᠎ᠠ ᠤᠤ !
ᠰᠠᠯᠬᠢᠴᠢ ᠰᠢᠪᠠᠭᠤᠨ ᠪ ᠵᠢᠭᠦᠷ ᠳᠠᠯᠠᠪᠴᠢ
ᠰᠠᠷᠠᠪᠴᠢᠨ ᠪ ᠪᠣᠯᠵᠣᠮᠣᠷ ᠲᠦ ᠪᠠᠶ᠋ᠢᠬᠤ ᠦᠭᠡᠢ ᠶᠤᠮ ᠰᠢᠦ !
ᠰᠠᠷᠢᠲᠠᠭ ᠬᠠᠲᠠᠨ ᠪ ᠨᠠᠷᠠᠰᠤᠨ ᠮᠥᠴᠢᠷ
ᠰᠠᠪᠠᠨ ᠪ ᠴᠡᠴᠡᠭ ᠲᠦ ᠤᠷᠭᠤᠬᠤ ᠦᠭᠡᠢ ᠶᠤᠮ ᠰᠢᠦ !
ᠤᠰᠤᠨ ᠪ ᠴᠣᠬᠢᠯᠠᠬᠤ ᠠ᠋ᠴᠠ ᠰᠦᠷᠲᠡᠬᠦ ᠦᠭᠡᠢ
ᠤᠮᠪᠠᠭᠠᠳ ᠪᠠᠢ ᠂ ᠳᠡᠭᠦᠦ ᠨᠡᠷ ᠮᠢᠨᠢ !
ᠤᠷᠤᠰᠬᠠᠯ ᠊ᠢ ᠰᠥᠷᠬᠦ ᠡᠴᠡ ᠠᠶᠤᠬᠤ ᠦᠭᠡᠢ
ᠤᠷᠤᠭᠰᠢᠯᠠᠭᠠᠳ ᠪᠠᠢ ᠂ ᠳᠡᠭᠦᠦ ᠨᠡᠷ ᠮᠢᠨᠢ !
ᠦᠰᠦᠭ ᠠᠮᠢᠯᠠᠭᠤᠯᠤᠭᠴᠢ ᠄ ᠳ · ᠣᠶᠤᠨᠪᠢᠯᠢᠭ᠌
ᠬᠢᠨᠠᠭᠴᠢ ᠪᠠᠭᠰᠢ ᠄ ᠪᠠᠶᠠᠷᠴᠡᠴᠡᠭ
