ᠮᠠᠯᠴᠢᠨ ᠭᠡᠳᠡᠭ ᠬᠡᠨ ᠪᠤᠢ - ᠬᠤᠨᠲᠤᠨ ᠪᠠᠭᠠᠲᠤᠷ Малчин гэдэг хэн бэ - Хунтун Баатар ᠰᠢᠯᠦᠭ ᠢᠷᠠᠭᠤ ᠨᠠᠢᠷᠠᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠠᠯᠴᠢᠨ ᠭᠡᠳᠡᠭ ᠬᠡᠨ ᠪᠤᠢ - ᠬᠤᠨᠲᠤᠨ ᠪᠠᠭᠠᠲᠤᠷ Малчин гэдэг хэн бэ - Хунтун Баатар

ᠮᠠᠯᠴᠢᠨ ᠭᠡᠳᠡᠭ ᠬᠡᠨ ᠪᠤᠢ - ᠬᠤᠨᠲᠤᠨ ᠪᠠᠭᠠᠲᠤᠷ Малчин гэдэг хэн бэ - Хунтун Баатар

2023-02-25

300

ᠮᠠᠯᠴᠢᠨ ᠭᠡᠳᠡᠭ ᠬᠡᠨ ᠪᠤᠢ


                            ᠬᠤᠨᠲᠤᠨ ᠪᠠᠭᠠᠲᠤᠷ

  ᠮᠠᠯᠴᠢᠨ ᠭᠡᠳᠡᠭ ᠬᠡᠨ ᠪᠤᠢ
  ᠮᠠᠭᠠᠳ ᠵᠠᠷᠢᠮ  ᠶᠡᠬᠡᠷᠬᠡᠭ ᠬᠥᠮᠦᠰ ᠦ᠋ᠨ ᠬᠠᠷᠠᠭᠠᠨ ᠳᠦ 
 《 ᠡᠮᠡᠭᠡᠯ ᠡᠴᠡ ᠪᠡᠨ ᠥᠨᠲᠥᠷ ᠳᠠᠪᠠᠬ᠋᠎ᠠ ᠶ᠋ᠢ ᠳᠠᠪᠠᠭᠰᠠᠨ ᠦᠭᠡᠢ
  ᠡᠬᠡᠨᠡᠷ ᠡᠴᠡ ᠥᠭᠡᠷ᠎ᠡ ᠬᠥᠮᠦᠨ ᠊ᠢ ᠲᠠᠨᠢᠬᠤ ᠦᠭᠡᠢ 》
  ᠮᠠᠯ ᠠ᠋ᠴᠠ ᠪᠤᠰᠤᠳ ᠵᠦᠢᠯ ᠊ᠢ ᠮᠡᠲᠡᠬᠦ ᠦᠭᠡᠢ
  ᠮᠠᠩᠭᠠᠷᠲᠠᠭᠤ ᠬᠥᠮᠦᠰ ᠭᠡᠵᠦ ᠦᠨᠡᠯᠡᠭᠳᠡᠬᠦ ᠪᠠᠶ᠋ᠢᠬ᠎ᠠ
  ᠲᠡᠭᠡᠬᠦ  ᠳᠦ  ᠪᠠᠨ  ᠴᠤ᠌ ᠮᠠᠯᠴᠢᠳ ᠊ᠢ ᠬᠥᠲᠡᠭᠡ ᠶ᠋ᠢᠨ ᠲᠡᠨᠡᠭ ᠭᠡᠵᠦ
  ᠬᠥᠪᠰᠥᠷᠲᠡᠬᠦ ᠰᠠᠭᠰᠠᠭᠤ ᠨᠢ ᠮᠠᠯᠴᠢᠳ ᠊ᠢ ᠳᠣᠣᠷᠠᠰᠢᠶᠠᠳᠠᠭ ᠪᠠᠶ᠋ᠢᠬ᠎ᠠ
  ᠲᠡᠭᠡᠪᠡᠯ ᠮᠠᠯᠴᠢᠳ ᠭᠡᠵᠦ ᠴᠣᠬᠣᠮ ᠬᠡᠨ ᠪᠤᠢ ᠭᠡᠳᠡᠭ ᠊ᠢ
  ᠲᠡᠷᠡ ᠴᠢᠭ᠌ ᠶ᠋ᠢᠡᠷ ᠨᠢ ᠪᠢ ᠡᠨᠲᠡ ᠬᠡᠯᠡᠵᠦ  ᠥᠭᠭᠦᠶ᠎ᠡ
  ᠴᠢᠬᠢ ᠪᠡᠨ ᠲᠠᠯᠪᠢᠭᠠᠳ ᠰᠠᠶ᠋ᠢᠨ ᠰᠣᠨᠣᠰ
  ᠲᠡᠭᠡᠵᠦ ᠪᠠᠷᠠᠭᠠᠳ ᠮᠠᠯᠴᠢᠳ ᠊ᠢ ᠦᠨᠡᠯᠡ ᠁

  ᠵᠤᠨ ᠪ ᠭᠠᠯ ᠨᠠᠷᠠᠨ  ᠳᠦ ᠰᠡᠭᠦᠲᠡᠷ ᠡᠷᠢᠵᠦ  ᠭᠦᠶᠦᠳᠡᠭ ᠦᠭᠡᠢ
  ᠵᠤᠳ ᠲᠠᠢ ᠡᠪᠦᠯ ᠦ᠋ᠨ ᠰᠢᠭᠤᠷᠭᠠᠨ  ᠳᠦ ᠨᠥᠮᠥᠷᠢ ᠬᠠᠶ᠋ᠢᠵᠤ ᠬᠣᠷᠭᠣᠲᠠᠲᠠᠭ ᠦᠭᠡᠢ
  ᠠᠭᠤᠯᠠ ᠬᠠᠶ᠋ᠢᠷᠬᠠᠳ ᠶ᠋ᠢᠠᠨ ᠠᠭᠤᠲᠠᠯᠯᠠᠵᠤ ᠰᠢᠷᠬ᠎ᠠ ᠰᠣᠷᠪᠢ ᠰᠠᠭᠤᠯᠭᠠᠲᠠᠭ ᠦᠭᠡᠢ
  ᠤᠰᠤ ᠭᠣᠣᠯ ᠶ᠋ᠢᠠᠨ ᠪᠤᠵᠠᠷᠯᠠᠵᠤ ᠬᠣᠭ ᠨᠣᠪᠰᠢ ᠣᠷᠣᠭᠤᠯᠲᠠᠭ ᠦᠭᠡᠢ
  ᠭᠠᠷᠠᠭ ᠂ ᠳᠤᠷᠠᠰᠬᠠᠯ ᠦ᠋ᠨ ᠡᠯᠲᠡᠪ ᠠᠮᠠᠷᠠᠯᠲᠠ ᠭᠡᠵᠦ ᠪᠠᠶ᠋ᠢᠲᠠᠭ ᠦᠭᠡᠢ
  ᠭᠠᠵᠢ ᠪᠤᠷᠤᠭᠤ ᠬᠣᠣᠷ᠎ᠠ ᠶ᠋ᠢᠨ ᠮᠠᠭᠤ ᠰᠡᠤᠠᠬᠢᠯ  ᠡᠪᠦᠷᠯᠡᠳᠡᠭ ᠦᠭᠡᠢ
  ᠵᠠᠮ ᠦ᠋ᠨ ᠬᠥᠮᠦᠨ ᠥᠯᠥᠰᠴᠦ ᠴᠠᠩᠭᠠᠬ᠋᠎ᠠ ᠪᠠᠶ᠋ᠢᠯᠭᠦᠢ ᠭᠡᠵᠦ ᠪᠠᠶ᠋ᠢᠲᠠᠭ ᠶ᠋ᠢᠠᠨ  ᠲᠡᠮᠲᠡᠷᠢᠭᠰᠡᠨ
  ᠵᠠᠭᠠᠯ ᠪᠤᠭᠤᠷᠤᠯᠴᠤᠳ ᠶ᠋ᠢᠠᠨ ᠵᠢᠷᠭᠤᠭᠠᠲᠠᠢ ᠲᠠᠶᠠᠭ ᠲᠤᠯᠤᠭ ᠭᠡᠵᠦ ᠠᠴᠢᠯᠠᠨ  ᠬᠦᠨᠳᠦᠯᠡᠭᠰᠡᠨ
  ᠽᠠᠮᠪᠤᠯᠢᠩ ᠶᠢᠷᠲᠢᠨᠴᠦ  ᠳᠦ  ᠣᠷᠣᠰᠢᠨ ᠲᠣᠭᠲᠠᠨᠢᠬᠤ ᠶ᠋ᠢᠨ ᠦᠨᠡᠨ ᠶᠣᠰᠣ ᠶ᠋ᠢ ᠤᠬᠠᠭᠠᠷᠠᠭᠰᠠᠨ
  ᠵᠠᠯᠭᠠᠮᠵᠢ ᠬᠣᠶ᠋ᠢᠴᠢ ᠳᠦ  ᠪᠠᠨ ᠪᠠᠶ᠋ᠢᠭᠠᠯᠢ ᠨᠤᠲᠤᠭ ᠶ᠋ᠢᠠᠨ ᠣᠩᠭᠣᠨ ᠶ᠋ᠢᠠᠷ ᠨᠢ ᠥᠪᠯᠡᠭᠦᠯᠬᠦ ᠶ᠋ᠢ ᠵᠣᠷᠢᠬᠰᠠᠨ
  ᠪᠦᠬᠦ ᠶᠠᠭᠤᠮ᠎ᠠ ᠰᠠᠶ᠋ᠢᠬᠠᠨ ᠪᠣᠯᠤᠨ᠎ᠠ ᠭᠡᠵᠦ ᠰᠡᠤᠠᠬᠢᠯ ᠶ᠋ᠢᠡᠨ ᠠᠷᠢᠭᠤᠰᠬᠠᠭᠰᠠᠨ
  ᠪᠣᠯᠬᠤ ᠦᠭᠡᠢ ᠦᠢᠯᠡ ᠪᠤᠤ ᠦᠢᠯᠡᠳ ᠭᠡᠵᠦ ᠦᠷ᠎ᠡ ᠬᠡᠦᠬᠡᠳ ᠶ᠋ᠢᠡᠨ ᠰᠤᠷᠭᠠᠭᠰᠠᠨ
  ᠦᠭᠡ ᠶᠠᠷᠢᠶᠠᠨ  ᠳᠦ  ᠪᠠᠨ ᠪᠠᠷᠤᠭᠲᠠᠢ ᠴᠤ᠌ ᠦᠨᠡᠨᠴᠢ ᠴᠠᠶ᠋ᠢᠯᠭᠠᠨ ᠰᠡᠤᠠᠬᠢᠯ ᠲᠡᠢ
  ᠡᠷᠲᠡᠮ ᠪᠣᠯᠪᠠᠰᠤᠷᠠᠯ ᠳᠤᠲᠠᠮᠠᠭ ᠴᠤ᠌ ᠢᠲᠡᠭᠡᠯ ᠵᠣᠷᠢᠬ ᠲᠡᠭᠦᠯᠲᠡᠷ
  ᠦᠦᠬᠡ ᠲᠡᠦᠬᠡ ᠪᠡᠨ ᠨᠣᠮ ᠰᠤᠲᠤᠷ ᠶ᠋ᠢᠠᠷ ᠪᠤᠰᠤ ᠠᠮᠠ ᠳᠠᠮᠵᠢᠨ ᠤᠯᠠᠮᠵᠢᠯᠠᠭᠰᠠᠨ
  ᠳᠡᠭᠡᠳᠦ ᠶ᠋ᠢᠨ ᠶ᠋ᠢᠡᠨ ᠭᠠᠯ ᠭᠣᠯᠣᠮᠲᠠ ᠶ᠋ᠢ ᠵᠠᠯᠭᠠᠮᠵᠢᠯᠠᠨ
  ᠡᠭᠡᠯ ᠪᠣᠷᠣᠭᠵᠢᠭᠤᠨ ᠠᠮᠢᠲᠤᠷᠠᠲᠠᠭ ᠂ ᠬᠥᠲᠡᠭᠡ ᠶ᠋ᠢᠨ ᠬᠥᠮᠦᠰ ᠊ᠢ ᠮᠠᠯᠴᠢᠨ ᠶᠤᠮ 
  ᠡᠪᠦᠭᠡᠳ ᠦ᠋ᠨ  ᠨᠤᠲᠤᠭ ᠶ᠋ᠢᠠᠨ ᠰᠠᠬᠢᠲᠠᠭ ᠡᠴᠦᠰ ᠦ᠋ᠨ ᠨᠡᠭᠦᠲᠡᠯᠴᠢᠳ ᠊ᠢ ᠮᠠᠯᠴᠢᠨ ᠭᠡᠳᠡᠭ ᠶᠤᠮ ᠠ᠋ ᠁
  
               ᠦᠰᠦᠭ ᠠᠮᠢᠯᠠᠭᠤᠯᠤᠭᠰᠠᠨ ᠨᠢ ᠄ ᠣᠤᠠᠬᠠᠨᠰᠣ‌‍ᠠ᠋
                    ᠬᠢᠨᠠᠭᠴᠢ ᠪᠠᠭᠰᠢ ᠄ ᠪᠠᠶᠠᠷᠴᠡᠴᠡᠭ