ᠰᠤᠷ – ᠪᠣᠷᠵᠢᠭᠢᠨ ᠨ ᠂ ᠤᠷᠲᠤᠨᠠᠰᠤᠲᠤ Сур – Боржигон Н ᠂ Уртнаст
ᠰᠣᠷ
ᠪᠣᠷᠵᠢᠭᠢᠨ ᠨ ᠂ ᠤᠷᠲᠤᠨᠠᠰᠤᠲᠤ
ᠤᠶᠠᠩᠭᠠᠯᠠᠭᠰᠠᠨ ᠨᠢ᠄ ᠰᠡᠴᠡᠨ
ᠬᠥᠨᠳᠡᠯᠡᠨ ᠪᠢᠴᠢᠭᠳᠡᠭᠰᠡᠨ ᠰᠣᠶᠣᠯ ᠢ᠋
ᠪᠣᠰᠣᠭ᠎ᠠ ᠰᠡᠳᠬᠢᠬᠦᠢ ᠪᠠᠷ ᠲᠠᠨᠢᠵᠤ ᠰᠤᠷ
ᠪᠣᠰᠣᠭ᠎ᠠ ᠱᠤᠭᠤᠭᠳᠠᠭᠰᠠᠨ ᠲᠡᠦᠬᠡ ᠪᠠᠨ
ᠬᠥᠨᠳᠡᠯᠡᠨ ᠢ᠋ᠶ᠋ᠡᠷ ᠤᠷᠠᠯᠠᠵᠤ ᠰᠤᠷ
ᠰᠤᠷ ᠠ᠋ ᠰᠤᠷ
ᠰᠤᠷ ᠰᠢᠭ᠋ ᠰᠤᠨᠵᠤ ᠰᠤᠷ
ᠶᠠᠰᠤ ᠰᠢᠭ᠋ ᠬᠤᠭᠤᠷᠠᠵᠤ ᠰᠤᠷ
ᠴᠢᠯᠠᠭᠤ ᠰᠢᠭ᠋ ᠤᠷᠭᠤᠵᠦ ᠰᠤᠷ
ᠱᠠᠭᠠᠵᠠᠭᠠᠢ ᠰᠢᠭ᠋ ᠴᠤᠭᠯᠠᠷᠠᠵᠤ ᠰᠤᠷ
ᠭᠠᠯ ᠰᠢᠭ᠋ ᠳᠦᠷᠡᠯᠵᠡᠵᠦ ᠰᠤᠷ
ᠭᠣᠣᠯ ᠰᠢᠭ᠋ ᠢ᠋ᠶ᠋ᠡᠨ ᠦᠶᠡᠷᠯᠡᠵᠦ ᠰᠤᠷ
ᠰᠤᠷ ᠠ᠋ ᠰᠤᠷ
ᠡᠬᠡ ᠬᠡᠯᠡ ᠪᠠᠨ ᠬᠦᠨᠳᠦᠯᠡᠵᠦ ᠰᠤᠷ
ᠢᠰᠡᠭᠡᠢ ᠲᠤᠭᠤᠷᠭ᠎ᠠ ᠪᠠᠨ ᠪᠠᠬᠠᠳᠤᠵᠤ ᠰᠤᠷ
ᠡᠮᠡᠭᠡᠯ ᠲᠠᠢ ᠮᠣᠷᠢ ᠪᠠᠨ ᠬᠠᠢᠷᠠᠯᠠᠨ ᠰᠤᠷ
ᠡᠭᠡᠰᠢᠭᠲᠦ ᠭᠣᠪᠢ ᠪᠠᠨ ᠳᠠᠭᠤᠯᠠᠨ ᠰᠤᠷ
ᠡᠷᠢᠨ ᠊ᠣ ᠠᠮᠢᠰᠬᠤᠭ᠎ᠠ ᠲᠠᠢ ᠪᠠᠨ ᠵᠣᠬᠢᠴᠠᠨ ᠰᠤᠷ
ᠬᠦᠷᠦᠨ ᠊ᠣ ᠵᠢᠪᠬᠤᠭ᠎ᠠ ᠲᠠᠢ ᠪᠠᠨ ᠪᠡᠬᠢᠵᠢᠨ ᠰᠤᠷ
ᠰᠤᠷᠤᠭᠠᠳᠦᠢ ᠪᠦᠬᠦᠨ ᠢ᠋ᠶ᠋ᠡᠨ ᠱᠠᠯᠠᠪᠳᠠᠬᠠᠨ ᠰᠤᠷ
ᠰᠤᠷᠤᠭᠰᠠᠨ ᠪᠦᠬᠦᠨ ᠢ᠋ᠶ᠋ᠡᠨ ᠬᠡᠷᠡᠭᠯᠡᠭᠡᠨ ᠳ᠋ᠥ᠍ ᠰᠤᠷ
ᠰᠤᠷᠬᠤ ᠶ᠋ᠢᠨ ᠰᠠᠢᠬᠠᠨ ᠢ᠋ ᠡᠳ᠋ᠯᠡᠨ ᠰᠤᠷ
ᠰᠤᠳᠤᠯᠤᠭᠰᠠᠨ ᠪᠦᠲᠦᠭᠡᠯ ᠳ᠋ᠥ᠍ ᠪᠠᠨ ᠰᠣᠭᠲᠣᠭᠤᠷᠠᠩᠬᠠᠨ ᠰᠤᠷ
ᠬᠡᠯᠡ ᠪᠣᠯᠭᠠᠨ ᠢ᠋ᠶ᠋ᠡᠷ ᠵᠢᠷᠭᠢᠨ ᠰᠤᠷ
ᠬᠢᠯᠢ ᠪᠣᠯᠭᠠᠨ ᠢ᠋ᠶ᠋ᠡᠷ ᠣᠲᠣᠷᠯᠠᠨ ᠰᠤᠷ
ᠬᠡᠵᠢᠶ᠎ᠡ ᠡᠭᠦᠷᠢᠳᠡ ᠮᠥᠩᠬᠡᠷᠡᠬᠦ ᠶ᠋ᠢ ᠰᠤᠷ ᠰᠤᠷ ᠠ᠋ ᠰᠤᠷ
ᠰᠤᠨᠤᠮ᠎ᠠ ᠵᠢᠷᠤᠭ᠎ᠠ ᠬᠦᠯᠦᠭ ᠤ᠋ᠨ ᠢ᠋ᠶ᠋ᠡᠨ
ᠰᠢᠳᠢᠲᠦ ᠳᠡᠯ ᠳᠡᠭᠡᠷ᠎ᠡ ᠰᠢᠳᠡᠵᠦ ᠰᠤᠷ
ᠰᠢᠮᠡᠭᠡᠳ ᠯᠡ ᠪᠠᠢᠪᠠᠯ ᠠᠮᠢᠳᠤ ᠬᠥᠬᠡᠷᠡᠨ᠎ᠡ ᠬᠡᠳᠡᠭ
《 ᠰᠠᠬᠢᠭᠤᠯᠰᠠᠨ ᠊ᠣ ᠷᠠᠰᠢᠶᠠᠨ》 ᠠ᠋ᠴᠠ ᠠᠮᠰᠠᠩᠬᠠᠨ ᠪᠣᠢᠵᠢᠭᠠᠷᠠᠢ
ᠰᠤᠷᠤᠭᠠᠳ ᠯᠡ ᠴᠢᠳᠠᠪᠠᠯ ᠨᠠᠨᠳᠢᠨ ᠣᠷᠣᠰᠢᠨ᠎ᠠ ᠬᠡᠳᠡᠭ
ᠤᠳᠤᠩᠬᠠᠨ ᠳᠡᠯᠡᠬᠡᠢ ᠪᠠᠨ ᠡᠵᠡᠩᠨᠡᠬᠡᠨ ᠬᠥᠮᠥᠵᠢᠭᠡᠷᠡᠢ
ᠮᠢᠨᠤ ᠬᠠᠢᠷᠠᠲᠤ ᠰᠤᠷᠤᠭ᠍ᠴᠢᠳ ᠮᠢᠨᠢ
Сур
Боржгин Н . Урдунст
Уянгалсан нь᠄ Цэцэн
Хөндлөн бичигдсэн соёлыг
Босоо сэтгэхүйгээр таниж сур
Босоо шогогдсон түүхээ
Хөндлөнөөр урлаж сур
Сур өө сур
Сур шиг сунаж сур
Яс шиг хугарч совур
Чулуу шиг ургаж сур
Шаазгай шиг цугларж сур
Гал шиг дүрэлзэж сур
Гол шигээ үерлэж сур
Сур өө сур
Эг хэлээ хүндэлж сур
Эсгий туургаа бахдаж сур
Эмээлтэй морио хайрлан сур
Эгшигт говио дуулан сур
Эрний амьсгаатайгаа зохицон сур
Гүрний жавхаатайгаа бэхжин сур
Сураадой бүхнээ шалавдхан сур
Сурсан бүхнээ хэрэглээнд сур
Сурахын сайхныг эдлэн сур
Судалсан бүтээлдээ согтууранхан сур
Хэл болгоноор жирхийн сур
хилэ болгоноор оторлон сур
Хэзээ үүрд мөнхрөх и суншиур сур өө сур
Сунам жороо хөлгийнхөө
Шидэт дал дээр шатаж сур
Шимээд л байвал амьд хөхөрнө гэдэг
“ Сахиулсний рашаан”-аас амсанхан бойжоорой
Сураад л чадвал нандин оршино гэдэг
Одонхон дэлхийгээ эзэгнээн хүмүүжээрэй
Миний хайрт сурагсид минь .
