ᠲᠡᠭᠰᠢ ᠣᠷᠣᠢ ᠲᠠᠢ ᠠᠭᠤᠯᠠ Тэгш оройтой уул – Бага сургуулийн унших бичиг
ᠲᠡᠭᠰᠢ ᠣᠷᠣᠢ ᠲᠠᠢ ᠠᠭᠤᠯᠠ
ᠬᠥᠬᠡᠨᠠᠭᠤᠷ ᠲᠦ ᠲᠡᠭᠰᠢ ᠣᠷᠣᠢ ᠲᠠᠢ ᠠᠭᠤᠯᠠ ᠠᠷᠪᠢᠨ ᠪᠠᠶ᠋ᠢᠲᠠᠭ ᠃ ᠦᠯᠢᠭᠡᠷ ᠳᠣᠮᠣᠭ ᠲᠤ ᠬᠡᠯᠡᠬᠦ ᠪᠡᠷ ᠪᠣᠯ ᠲᠡᠭᠦᠨ ᠊ᠢ ᠭᠡᠰᠡᠷ ᠬᠠᠭᠠᠨ ᠴᠠᠪᠴᠢᠭᠠᠳ ᠬᠠᠶᠠᠴᠢᠬᠠᠭᠰᠠᠨ ᠶᠤᠮ ᠭᠡᠨ᠎ᠡ ᠃
ᠨᠢᠭᠡᠨ ᠡᠲᠦᠷ ᠭᠡᠰᠡᠷ ᠬᠠᠭᠠᠨ ᠲᠡᠮᠡᠭᠡᠨ ᠰᠥᠷᠦᠭ ᠶ᠋ᠢᠡᠨ ᠪᠡᠯᠴᠢᠭᠡᠭᠡᠳ ᠬᠠᠷᠢᠵᠠᠢ ᠃ ᠲᠡᠭᠡᠭᠡᠳ ᠬᠡᠲᠦᠨ ᠡᠲᠦᠷ ᠪᠣᠯᠣᠭᠠᠳ ᠲᠡᠮᠡᠭᠡᠨ ᠰᠥᠷᠦᠭ ᠶ᠋ᠢᠡᠨ ᠪᠠᠷᠠᠯᠠᠭᠰᠠᠨ ᠳᠦ ᠲᠡᠮᠡᠭᠡᠨ ᠪᠦᠬᠦ ᠨᠢ ᠬᠠᠷᠠᠭᠲᠠᠬᠤ ᠠ᠋ᠴᠠ ᠪᠢᠰᠢ ᠲᠡᠮᠡᠭᠡ ᠨᠢ ᠶᠡᠷᠦ ᠬᠠᠷᠠᠭᠲᠠᠬᠤ ᠦᠭᠡᠢ ᠭᠡᠨ᠎ᠡ ᠃ ᠢᠩᠭᠢᠭᠡᠳ ᠭᠡᠰᠡᠷ ᠬᠠᠭᠠᠨ ᠴᠠᠭᠠᠰᠢ ᠨᠢᠭᠡ ᠬᠠᠷᠠᠵᠤ ᠨᠠᠭᠠᠰᠢ ᠨᠢᠭᠡ ᠬᠠᠷᠠᠬᠤ ᠳᠦ ᠲᠡᠮᠡᠭᠡ ᠶ᠋ᠢ ᠨᠢ ᠠᠭᠤᠯᠠ ᠶ᠋ᠢᠨ ᠲᠣᠯᠣᠭᠠᠢ ᠬᠠᠯᠬᠠᠯᠠᠭᠠᠳ ᠪᠠᠶ᠋ᠢᠵᠠᠢ ᠃ ᠲᠡᠭᠡᠬᠦ ᠳᠦ ᠭᠡᠰᠡᠷ ᠬᠠᠭᠠᠨ ᠳᠠᠯᠠᠨ ᠳᠣᠬᠣᠢ ᠤᠷᠲᠤ ᠳ᠋ᠠᠮ ᠬᠠᠷ᠎ᠠ ᠢᠯᠲᠦ ᠪᠡᠷ ᠶ᠋ᠢᠡᠨ ᠲᠠᠰᠤ ᠴᠠᠪᠴᠢᠭᠠᠳ ᠬᠠᠶᠠᠭᠰᠠᠨ ᠭᠡᠨ᠎ᠡ ᠃ ᠲᠡᠭᠡᠭᠡᠳ ᠬᠦᠬᠡᠨᠠᠭᠤᠷ ᠲᠦ ᠡᠲᠦᠢ ᠲᠡᠲᠦᠢ ᠲᠡᠭᠰᠢ ᠣᠷᠣᠢ ᠲᠠᠢ ᠠᠭᠤᠯᠠ ᠪᠤᠢ ᠪᠣᠯᠵᠣ ᠭᠡᠨ᠎ᠡ ᠃
ᠦᠰᠦᠭ ᠠᠮᠢᠯᠠᠭᠤᠯᠤᠭᠴᠢ — ᠮᠢᠩᠭᠠᠳ ᠴᠢᠮᠡᠭ
