ᠥᠭᠡᠯᠦᠨ ᠡᠬᠡ ᠶᠢᠨ ᠰᠤᠷᠭᠠᠯ Өөлөн эхийн сургааль ᠲᠡᠦᠬᠡ ᠰᠣᠶᠣᠯ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠡᠯᠦᠨ ᠡᠬᠡ ᠶᠢᠨ ᠰᠤᠷᠭᠠᠯ Өөлөн эхийн сургааль

ᠥᠭᠡᠯᠦᠨ ᠡᠬᠡ ᠶᠢᠨ ᠰᠤᠷᠭᠠᠯ Өөлөн эхийн сургааль

ᠠᠩᠭᠢᠯᠠᠯ:ᠲᠡᠦᠬᠡ ᠰᠣᠶᠣᠯ
2023-02-24

293

ᠥᠭᠡᠯᠦᠨ ᠡᠬᠡ ᠶᠢᠨ ᠰᠤᠷᠭᠠᠯ



       ᠶᠢᠰᠦᠭᠡᠢ ᠪᠠᠭᠠᠲᠤᠷ ᠦ᠋ᠨ ᠨᠥᠭᠦᠭᠡ ᠭᠡᠷᠭᠡᠢ ᠰᠣᠴᠢᠭᠡᠯ ᠡᠬᠡ ᠡᠴᠡ ᠲᠦᠷᠦᠭᠰᠡᠨ ᠪᠡᠭᠳᠡᠷ ᠂ ᠪᠡᠯᠭᠦᠲᠡᠢ ᠬᠣᠶᠠᠷ ᠬᠡᠦᠬᠡᠳ ᠪᠣᠯ ᠲᠣᠩ ᠠᠯᠢᠶ᠎ᠠ ᠶᠣᠮ ᠃ ᠲᠡᠲᠡ ᠬᠣᠶᠠᠷ ᠲᠡᠮᠦᠵᠢᠨ ᠂ ᠬᠠᠰᠠᠷ ᠠ᠋ᠴᠠ ᠨᠠᠰᠤ ᠪᠠᠬ᠋᠎ᠠ ᠪᠠᠶ᠋ᠢᠲᠠᠯ᠎ᠠ ᠲᠡᠲᠡᠨ ᠲᠡᠢ ᠵᠡᠷᠭᠡ ᠨᠣᠴᠣᠯᠲᠤᠨ ᠥᠷᠭᠦᠯᠵᠢ ᠨᠠᠭᠠᠲᠤᠮ ᠲᠣᠭᠯᠠᠭᠠᠮ ᠊ᠢ ᠨᠢ ᠪᠣᠯᠢᠶᠠᠯᠲᠤᠨ ᠲᠡᠮᠡᠴᠡᠳᠡᠭ ᠃ ᠡᠭᠦᠨ ᠳᠦ ᠲᠡᠮᠦᠵᠢᠨ ᠬᠠᠰᠠᠷ ᠬᠣᠶᠠᠷ ᠲᠣᠩ ᠲᠠᠬ᠋᠎ᠠ ᠦᠭᠡᠢ ᠪᠣᠯᠪᠠᠴᠤ ᠡᠬᠡ ᠶ᠋ᠢᠨ ᠨᠢᠭᠤᠷ ᠊ᠢ ᠬᠠᠷᠠᠵᠤ ᠦᠩᠭᠡᠷᠡᠭᠦᠯᠵᠦ ᠪᠠᠶ᠋ᠢᠯ᠎ᠠ ᠃
       ᠨᠢᠭᠡᠨ ᠡᠲᠦᠷ ᠂ ᠲᠡᠮᠦᠵᠢᠨ ᠬᠠᠰᠠᠷ ᠬᠣᠶᠠᠷ ᠨᠢᠭᠡ ᠪᠣᠯᠵᠤᠮᠤᠷ ᠬᠠᠷᠪᠤᠵᠤ ᠠᠯᠠᠭᠰᠠᠨ ᠳᠦ ᠪᠡᠬ᠋ᠲᠡᠷ ᠪᠡᠯᠭᠦᠲᠡᠢ ᠬᠣᠶᠠᠷ ᠬᠦᠶᠦᠵᠦ ᠢᠷᠡᠭᠡᠳ ᠪᠤᠯᠢᠶᠠᠵᠤ ᠠᠪᠤᠪᠠ ᠃ ᠲᠡᠮᠦᠵᠢᠨ ᠄
     《 ᠡᠲᠡ ᠳᠠᠩᠴᠢ ᠬᠡᠲᠦᠷᠡᠵᠦ ᠪᠠᠶ᠋ᠢᠨ᠎ᠠ ! 》 ᠭᠡᠰᠡᠨ ᠳᠦ ᠬᠠᠰᠠᠷ ᠄
     《 ᠭᠣᠣᠯ ᠊ᠢ ᠨᠢ ᠰᠤᠭᠤᠯᠬᠤ ᠶᠤᠮᠰᠠᠨ ! 》 ᠭᠡᠪᠡ ᠃  ᠪᠡᠭᠳᠡᠷ ᠪᠡᠯᠭᠦᠲᠡᠢ ᠬᠣᠶᠠᠷ ᠣᠶ᠋ᠢᠰᠢᠶᠠᠬᠤ ᠴᠦ᠍ ᠦᠭᠡᠢ ᠣᠤᠠᠪᠠ ᠃
       ᠮᠠᠷᠭᠠᠰᠢ ᠨᠢ ᠲᠡᠮᠦᠵᠢᠨ ᠂  ᠬᠠᠰᠠᠷ ᠂  ᠪᠡᠭᠳᠡᠷ ᠂ ᠪᠡᠯᠭᠦᠲᠡᠢ ᠲᠥᠷᠪᠡᠭᠥᠯᠡ ᠣᠨᠤᠨ ᠮᠥᠷᠡᠨ ᠪ ᠡᠷᠬᠢ ᠲᠡᠭᠡᠷ᠎ᠡ ᠬᠠᠮᠲᠤ ᠰᠠᠭᠤᠵᠤ ᠵᠢᠭᠠᠰᠤ  ᠬᠥᠬᠢᠳᠡᠭᠰᠡᠨ ᠳᠦ ᠂ ᠲᠡᠮᠦᠵᠢᠨ ᠬᠠᠰᠠᠷ ᠬᠣᠶᠠᠷ ᠦ᠋ᠨ ᠬᠦᠬᠢ  ᠳᠦ ᠨᠢᠭᠡᠨ ᠴᠠᠶ᠋ᠢᠪᠤᠷ ᠵᠢᠭᠠᠰᠤ ᠣᠷᠤᠪᠠ ᠃ ᠲᠡᠮᠦᠵᠢᠨ ᠬᠠᠰᠠᠷ ᠬᠣᠶᠠᠷ ᠊ᠢ ᠬᠦᠲᠡᠯᠬᠦ ᠡᠴᠡ ᠡᠮᠦᠨ᠎ᠡ  ᠪᠡᠭᠳᠡᠷ ᠪᠡᠯᠭᠦᠲᠡᠢ ᠭᠦᠶᠦᠨ ᠪᠣᠰᠴᠤ ᠬᠦᠬᠢ ᠡᠴᠡ ᠪᠣᠯᠢᠶᠠᠵᠦ ᠠᠪᠤᠪᠠ ᠃ ᠲᠡᠮᠦᠵᠢᠨ ᠬᠠᠰᠠᠷ ᠬᠣᠶᠠᠷ ᠡᠨᠡ ᠤᠲᠠᠬ᠋᠎ᠠ ᠲᠡᠰᠴᠦ ᠦᠯᠦ ᠴᠢᠲᠠᠨ ᠂ ᠭᠡᠷ᠎ ᠲᠤ ᠪᠡᠨ ᠬᠠᠷᠢᠭᠠᠳ ᠥᠭᠡᠯᠦᠨ ᠡᠬᠡ  ᠳᠦ ᠄
      《 ᠪᠡᠭᠳᠡᠷ  ᠪᠡᠯᠭᠦᠲᠡᠢ ᠬᠣᠶᠠᠷ ᠥᠷᠭᠦᠯᠵᠢ ᠪᠢᠲᠡᠨ ᠊ᠢ ᠳᠠᠷᠤᠯᠠᠨ᠎ᠠ ᠂ ᠥᠴᠥᠭᠡᠲᠦᠷ ᠨᠢᠭᠡ ᠪᠣᠯᠵᠤᠮᠤᠷ ᠬᠠᠷᠪᠤᠵᠤ ᠠᠯᠠᠭᠰᠠᠨ ᠊ᠢ ᠲᠡᠲᠡ ᠬᠣᠶᠠᠷ ᠪᠣᠯᠢᠶᠠᠵᠦ ᠠᠪᠤᠪᠠ ᠂ ᠡᠨᠡ ᠡᠲᠦᠷ ᠨᠢᠭᠡ ᠴᠠᠶ᠋ᠢᠪᠤᠷ ᠵᠢᠭᠠᠰᠤ ᠬᠦᠭᠢᠲᠠᠵᠦ ᠣᠯᠤᠭᠰᠠᠨ ᠊ᠢ ᠪᠠᠰᠠ ᠲᠡᠲᠡᠨ ᠬᠣᠶᠠᠷ ᠪᠣᠯᠢᠶᠠᠵᠦ ᠠᠪᠤᠪᠠ 》 ᠭᠡᠵᠦ ᠵᠠᠭᠠᠯᠲᠤᠪᠠ ᠃ ᠥᠭᠡᠯᠦᠨ ᠡᠬᠡ ᠲᠡᠲᠡᠨ ᠪ ᠦᠭᠡ ᠶ᠋ᠢ ᠰᠡᠤᠠᠬᠢᠯ ᠲᠠᠯᠪᠢᠨ ᠰᠣᠨᠤᠰᠴᠦ  ᠪᠠᠷᠠᠭᠠᠳ ᠂ ᠲᠡᠮᠦᠵᠢᠨ ᠬᠠᠰᠠᠷ ᠬᠣᠶᠠᠷ ᠲᠤ ᠡᠶᠡᠯᠳᠡᠭ ᠪᠥᠭᠡᠳ ᠲᠥᠪᠯᠡᠭᠦᠨ ᠶ᠋ᠢᠡᠷ ᠄
      《 ᠲᠠ ᠨᠠᠷ ᠴᠦᠮ ᠨᠢᠭᠡ ᠡᠴᠢᠭᠡ ᠶ᠋ᠢᠨ ᠬᠡᠦᠬᠡᠳ ᠪᠠᠶ᠋ᠢᠲᠠᠯ᠎ᠠ ᠶᠠᠭᠤᠨ  ᠳᠦ ᠴᠢᠩᠭᠢᠵᠦ ᠬᠡᠷᠡᠯᠲᠦᠬᠦ ᠪᠤᠢ ? ᠣᠲᠣ ᠲᠠ ᠨᠠᠷ ᠰᠡᠭᠦᠲᠡᠷ ᠡᠴᠡ ᠪᠡᠨ ᠥᠭᠡᠷ᠎ᠡ ᠨᠥᠬᠥᠷ ᠦᠭᠡᠢ ᠂ ᠰᠡᠭᠦᠯ ᠡᠴᠡ ᠪᠡᠨ ᠥᠭᠡᠷ᠎ᠡ ᠳᠠᠰᠢᠭᠤᠷ ᠦᠭᠡᠢ ᠪᠠᠶ᠋ᠢᠬᠤ ᠪᠠᠨ ᠮᠡᠲᠡᠬᠦ ᠶᠣᠰᠣᠲᠠᠢ ᠃ ᠲᠠ ᠠᠬ᠎ᠠ ᠳᠡᠭᠦᠦ ᠨᠠᠷ ᠬᠣᠭᠤᠷᠤᠨᠲᠦ ᠪᠠᠨ ᠡᠶ᠎ᠡ ᠡᠪ ᠦᠭᠡᠢ ᠂ ᠡᠪᠲᠡᠷᠡᠨ ᠮᠠᠭᠤᠲᠠᠯᠴᠠᠪᠠᠯ  ᠲᠠᠲ᠋ᠠᠷ ᠨᠠᠷ ᠬᠢᠭᠡᠳ ᠲᠠᠶ᠋ᠢᠴᠢᠭᠤᠳ ᠠ᠋ᠴᠠ ᠥᠰᠢᠶ᠎ᠡ ᠪᠡᠨ ᠶᠠᠭᠠᠬᠢᠨ ᠠᠪᠬᠤ ᠪᠢᠯᠡ ? ᠲᠠᠷᠬᠠᠵᠤ ᠪᠣᠲᠠᠷᠠᠭᠰᠠᠨ ᠤᠯᠤᠰ ᠶ᠋ᠢᠠᠨ ᠶᠠᠭᠠᠬᠢᠨ ᠴᠤᠭᠯᠠᠭᠤᠯᠬᠤ ᠪᠢᠯᠡ ? ᠲᠠ ᠨᠠᠷ ᠪᠠᠬ᠋᠎ᠠ ᠪᠢᠰᠢ ᠰᠢᠦ ᠂ ᠤᠴᠢᠷ ᠶᠠᠪᠤᠲᠠᠯ ᠊ᠢ ᠮᠡᠲᠡᠬᠦ ᠶᠣᠰᠣᠲᠠᠢ ᠃ ᠤᠷᠢᠲᠤ ᠶ᠋ᠢᠨ ᠠᠯᠤᠨ ᠭᠤᠸ᠋᠎ᠠ ᠡᠮᠡᠭᠡ ᠶ᠋ᠢᠨ ᠬᠡᠦᠬᠡᠳ ᠶ᠋ᠢᠡᠨ ᠰᠤᠷᠭᠠᠭᠰᠠᠨ ᠦᠯᠢᠭᠡᠷ ᠊ᠢ ᠰᠠᠨᠠᠵᠤ ᠪᠠᠶ᠋ᠢᠬᠤ  ᠬᠡᠷᠡᠭᠲᠡᠢ 》 ᠭᠡᠪᠡ ᠃
       ᠲᠡᠮᠦᠵᠢᠨ ᠬᠠᠰᠠᠷ ᠬᠣᠶᠠᠷ ᠡᠬᠡ ᠶ᠋ᠢᠨ ᠶ᠋ᠢᠡᠨ ᠦᠭᠡ ᠶ᠋ᠢ ᠦᠯᠦ ᠲᠣᠭᠤᠮᠰᠤᠷᠯᠡᠨ ᠄
     《 ᠠᠯᠠᠭᠰᠠᠨ ᠪᠣᠯᠵᠤᠮᠤᠷ ᠊ᠢ ᠪᠤᠯᠢᠶᠠᠲᠠᠯ᠎ᠠ  ᠬᠥᠬᠢᠳᠡᠭᠰᠡᠨ ᠵᠢᠭᠠᠰᠤ ᠶ᠋ᠢ ᠡᠵᠡᠷᠬᠡᠭᠯᠡᠭᠡᠳ ᠪᠠᠶ᠋ᠢᠲᠠᠭ ᠬᠥᠮᠦᠰ ᠲᠡᠢ ᠶᠠᠭᠠᠬᠢᠨ ᠬᠠᠮᠲᠤ ᠠᠮᠢᠲᠤᠷᠠᠬᠤ ᠪᠤᠢ ! 》 ᠭᠡᠳ ᠡᠭᠦᠲᠡ ᠶ᠋ᠢ ᠬᠦᠴᠦᠲᠡᠢ ᠬᠠᠶᠠᠵᠤ ᠭᠠᠷᠪᠠ ᠃
       ᠲᠡᠭᠡᠲᠡᠯ᠎ᠡ  ᠪᠡᠭᠳᠡᠷ ᠶᠠᠭ ᠲᠣᠪᠤᠴᠠᠭ ᠰᠠᠭᠤᠭᠠᠳ ᠨᠠᠢ᠍ᠮᠠᠨ ᠰᠢᠷᠬ᠋᠎ᠠ ᠮᠣᠷᠢ ᠬᠢᠭᠡᠳ ᠨᠢᠭᠡ ᠣᠭᠤᠲᠤᠷ ᠬᠣᠩᠭᠣᠷ ᠮᠣᠷᠢ ᠪᠠᠨ ᠬᠠᠷᠢᠭᠤᠯᠵᠤ ᠪᠠᠶ᠋ᠢᠯ᠎ᠠ ᠃ ᠲᠡᠮᠦᠵᠢᠨ ᠬᠠᠰᠠᠷ ᠬᠣᠶᠠᠷ ᠡᠬᠡ  ᠳᠦ ᠪᠡᠨ ᠵᠠᠭᠠᠯᠲᠤᠭᠠᠳ ᠦᠨᠡᠨ ᠶ᠋ᠢᠡᠨ ᠣᠯᠣᠯ ᠦᠭᠡᠢ ᠭᠡᠲᠡᠷᠭᠦ  ᠬᠡᠯᠡᠭᠳᠡᠭᠡᠳ ᠠᠭᠤᠷ ᠶ᠋ᠢᠠᠨ ᠭᠠᠷᠭᠠᠬᠤ ᠭᠠᠵᠠᠷ ᠦᠭᠡᠢ ᠪᠠᠶ᠋ᠢᠬᠰᠠᠨ ᠲᠤᠯᠠ ᠪᠡᠭᠳᠡᠷ ᠭᠠᠭᠴᠠᠭᠠᠷ ᠰᠠᠭᠤᠵᠤ ᠪᠠᠶ᠋ᠢᠬᠤ ᠶ᠋ᠢ ᠬᠠᠷᠠᠭᠠᠳ ᠂ ᠲᠣᠬᠢᠶᠠᠯ ᠪᠣᠯᠪᠠ ᠭᠡᠵᠦ ᠨᠢᠭᠡ ᠨᠢ ᠡᠮᠦᠨ᠎ᠡ ᠠ᠋ᠴᠠ ᠨᠢᠭᠡ ᠨᠢ ᠬᠣᠶ᠋ᠢᠨ᠎ᠠ ᠠ᠋ᠴᠠ ᠰᠡᠮᠡᠬᠡᠷ ᠰᠣᠮᠤ ᠪᠠᠨ ᠣᠨᠢᠯᠠᠨ ᠣᠴᠢᠪᠠ ᠃  ᠪᠡᠭᠳᠡᠷ ᠲᠡᠲᠡ ᠬᠣᠶᠠᠷ ᠦ᠋ᠨ ᠲᠦᠷᠢ ᠪᠠᠶ᠋ᠢᠲᠠᠯ ᠶᠡᠷᠦ ᠪᠣᠰᠦ ᠶ᠋ᠢ ᠦᠵᠡᠭᠡᠳ ᠠᠮᠢ ᠶ᠋ᠢ ᠨᠢ ᠬᠣᠷᠤᠭᠠᠬᠤ ᠭᠡᠵᠦ ᠪᠠᠶ᠋ᠢᠬᠤ ᠶ᠋ᠢ ᠲᠦᠰᠦᠪᠯᠡᠨ ᠮᠡᠲᠡᠵᠦ ᠄
     《 ᠲᠠᠲ᠋ᠠᠷ ᠨᠠᠷ ᠬᠢᠭᠡᠳ ᠲᠠᠶ᠋ᠢᠴᠢᠭᠤᠳ ᠠ᠋ᠴᠠ ᠥᠰᠢᠶ᠎ᠡ ᠪᠡᠨ ᠠᠪᠴᠤ ᠴᠢᠲᠠᠭᠠᠲᠤᠢ ᠂ ᠲᠠᠷᠬᠠᠵᠤ ᠪᠤᠲᠠᠷᠠᠭᠰᠠᠨ ᠤᠯᠤᠰ ᠶ᠋ᠢᠠᠨ ᠴᠤᠭᠯᠠᠭᠤᠯᠵᠤ ᠳᠡᠶ᠋ᠢᠯᠦᠭᠡᠳᠦᠢ ᠪᠠᠶ᠋ᠢᠲᠠᠯ᠎ᠠ ᠲᠠ ᠬᠣᠶᠠᠷ ᠶᠠᠭᠠᠬᠢᠨ ᠨᠠᠮ᠎ᠠ ᠶ᠋ᠢ ᠨᠢᠲᠦᠨ ᠪ ᠰᠣᠷᠮᠤᠤᠰᠤ ᠂ ᠠᠮᠠᠨ  ᠪ ᠪᠥᠭᠡᠯᠵᠢᠰᠦ ᠪᠣᠯᠭᠠᠵᠤ  ᠪᠠᠶ᠋ᠢᠬ᠋᠎ᠠ ᠪᠤᠢ ? ᠣᠲᠣ ᠰᠡᠭᠦᠲᠡᠷ ᠡᠴᠡ ᠥᠭᠡᠷ᠎ᠡ ᠨᠥᠬᠥᠷ ᠦᠭᠡᠢ ᠂ ᠰᠡᠭᠦᠯ ᠡᠴᠡ ᠥᠭᠡᠷ᠎ᠡ ᠲᠠᠰᠢᠭᠤᠷ ᠦᠭᠡᠢ ᠪᠠᠶ᠋ᠢᠲᠠᠯ᠎ᠠ ᠲᠠ ᠶᠠᠭᠤᠨ  ᠳᠦ ᠢᠩᠭᠢᠵᠦ ᠠᠬ᠎ᠠ ᠳᠡᠭᠦᠦ ᠰᠠᠲᠤᠨ ᠶ᠋ᠢᠠᠨ ᠬᠢᠲᠤᠬᠤ ᠶᠤᠮ ? 》 ᠭᠡᠵᠦ ᠬᠡᠯᠡᠭᠡᠳ ᠲᠡᠮᠦᠵᠢᠨ ᠬᠠᠰᠠᠷ ᠬᠣᠶᠠᠷ ᠊ᠢ ᠬᠠᠷᠠᠭᠰᠠᠨ ᠴᠢᠨᠢ ᠬᠣᠶᠠᠭᠤᠯᠠ ᠶᠠᠭ ᠯᠠ ᠰᠣᠨᠣᠰᠤᠭᠰᠠᠨ ᠦᠭᠡᠢ ᠰᠢᠭ᠌ ᠰᠤᠮᠤ ᠪᠠᠨ ᠣᠨᠢᠯᠠᠭᠰᠠᠨ ᠬᠡᠪ ᠶ᠋ᠢᠡᠷ ᠣᠶ᠋ᠢᠷᠠᠲᠤᠵᠤ ᠢᠷᠡᠯ᠎ᠡ ᠃  ᠪᠡᠭᠳᠡᠷ ᠶᠠᠭᠤ ᠬᠡᠯᠡᠭᠰᠡᠨ ᠴᠦ᠍ ᠨᠢᠭᠡᠨᠲᠡ ᠲᠤᠰᠠ ᠪᠣᠯᠬᠤ ᠦᠭᠡᠢ ᠶ᠋ᠢ ᠮᠡᠲᠡᠵᠦ ᠄
     《  ᠪᠡᠭᠳᠡᠷ ᠨᠠᠮ᠎ᠠ ᠶ᠋ᠢ ᠬᠣᠷᠣᠭᠠᠭᠰᠠᠨ ᠴᠦ᠍ ᠶᠠᠭᠠᠬᠢᠬᠤᠪ ᠂ ᠪᠡᠯᠭᠦᠲᠡᠢ ᠶ᠋ᠢ ᠮᠢᠨᠢ ᠪᠢᠲᠡᠭᠡᠢ  ᠬᠥᠨᠦᠭᠡᠭᠲᠦᠨ ᠂ ᠪᠡᠯᠭᠦᠲᠡᠢ ᠶ᠋ᠢ ᠬᠥᠨᠥᠭᠡᠪᠡᠯ ᠭᠠᠯ ᠭᠣᠯᠣᠮᠲᠠ ᠮᠢᠨᠢ ᠲᠠᠰᠤᠷᠠᠨ᠎ᠠ ! 》 ᠭᠡᠵᠦ ᠬᠡᠯᠡᠭᠡᠳ ᠵᠠᠪᠢᠯᠤᠨ ᠰᠠᠭᠤᠵᠤ ᠬᠦᠯᠢᠶᠡᠪᠡ ᠃ ᠲᠡᠮᠦᠵᠢᠨ ᠬᠠᠰᠠᠷ ᠬᠣᠶᠠᠷ  ᠪᠡᠭᠲᠡᠷ ᠦ᠋ᠨ ᠦᠭᠡ ᠶ᠋ᠢ ᠰᠣᠨᠣᠰᠤᠯ ᠦᠭᠡᠢ ᠬᠣᠶ᠋ᠢᠨ᠎ᠠ ᠤᠷᠲᠤ ᠠ᠋ᠴᠠ ᠬᠠᠷᠪᠤᠵᠤ ᠣᠤᠠᠪᠠ  ᠁
       ᠲᠡᠮᠦᠵᠢᠨ ᠬᠠᠰᠠᠷ ᠬᠣᠶᠠᠷ ᠨᠤᠮᠤ ᠰᠤᠮᠤ ᠪᠠᠨ ᠭᠡᠷ ᠦ᠋ᠨ ᠭᠠᠲᠠᠨ᠎ᠠ ᠣᠷᠬᠢᠵᠤ ᠭᠡᠷ ᠲᠦ ᠪᠡᠨ ᠣᠷᠣᠭᠰᠠᠨ ᠳᠦ ᠂ ᠥᠭᠡᠯᠦᠨ ᠡᠬᠡ ᠲᠡᠲᠡᠨ ᠪ ᠴᠢᠷᠠᠢ ᠶ᠋ᠢ ᠬᠠᠷᠠᠮᠠᠭᠴᠠ ᠳᠠᠷᠤᠢ ᠤᠴᠢᠷ ᠊ᠢ ᠮᠡᠲᠡᠪᠡ ᠃ ᠥᠭᠡᠯᠦᠨ ᠡᠬᠡ ᠶ᠋ᠢᠨ ᠳᠣᠲᠣᠷ᠎ᠠ ᠪᠤᠴᠠᠯᠤᠨ ᠦᠭᠡ ᠪᠡᠨ ᠬᠡᠯᠡᠵᠦ ᠭᠠᠷᠬᠤ ᠦᠭᠡᠢ ᠪᠣᠯᠪᠠ ᠃ 《 ᠦᠭᠡᠢ ᠂ ᠡᠨᠡ ᠬᠠᠨᠢ ᠪᠠᠨ ᠬᠠᠵᠠᠵᠤ ᠢᠵᠢᠯᠢ ᠪᠡᠨ ᠢᠳᠡᠭᠴᠢ ᠬᠣᠶᠠᠷ ᠮᠠᠩᠭᠤᠰ ᠊ᠢ ᠡᠷᠦᠬᠡ ᠭᠡᠷ ᠡᠴᠡ ᠥᠯᠲᠡᠨ ᠬᠥᠭᠡᠭᠡᠵᠦ ᠂ ᠦᠵᠡᠬᠦ ᠨᠢᠲᠦᠨ ᠪ ᠳᠠᠯᠳᠠ ᠣᠷᠣᠭᠤᠯᠬᠤ ᠶᠤᠮᠰᠠᠨ ! 》 ᠡᠷᠭᠢᠭᠡᠳ ᠨᠢᠭᠡ ᠪᠣᠲᠣᠬᠤᠯ᠎ᠠ ᠄ 《 ᠢᠩᠭᠢᠵᠦ ᠬᠢᠬᠦ ᠨᠢ ᠶᠠᠭᠤᠨ ᠲᠤᠰᠠ ᠂ ᠭᠠᠭᠴᠠ ᠥᠰᠢᠶᠡᠲᠡᠨ ᠊ᠢ ᠪᠠᠶᠠᠷᠯᠠᠭᠤᠯᠬᠤ ᠲᠡᠲᠦᠢ ᠪᠢᠵᠡ ! ᠡᠨᠡ ᠴᠥᠮ ᠡᠩ ᠦ᠋ᠨ ᠡᠲᠦᠷ ᠲᠦ ᠮᠢᠨᠦ ᠴᠢᠩᠲᠠᠯᠠᠨ ᠰᠤᠷᠭᠠᠭᠰᠠᠨ ᠦᠭᠡᠢ ᠶ᠋ᠢᠨ ᠭᠡᠮ ᠪᠤᠶᠤ ! 》 ᠭᠡᠵᠦ ᠡᠪᠴᠢᠭᠦᠦ ᠪᠡᠨ ᠰᠢᠭᠠᠨ ᠤᠲᠠᠲᠠᠯ᠎ᠠ ᠪᠡᠭᠲᠡᠷᠡᠨ ᠪᠠᠶ᠋ᠢᠵᠤ ᠄
     《 ᠬᠠᠨᠢ ᠪᠠᠨ ᠪᠠᠷᠠᠭᠰᠠᠳ
        ᠢᠵᠢᠯᠢ ᠪᠡᠨ ᠢᠳᠡᠭᠰᠡᠳ
        ᠬᠠᠯᠠᠭᠤᠨ ᠬᠡᠪᠡᠯᠢ ᠡᠴᠡ ᠭᠠᠷᠬᠤ  ᠳᠦ ᠪᠠᠨ
        ᠬᠠᠷ᠎ᠠ ᠨᠥᠵᠢ ᠠᠤᠠᠬᠤᠵᠤ ᠲᠦᠷᠦᠭᠰᠡᠨ ᠪᠢᠯᠡ ᠃
        ᠬᠠᠷᠪᠢᠰᠤ ᠪᠠᠨ ᠬᠠᠵᠠᠬᠤ
        ᠬᠠᠲᠠᠷ ᠨᠣᠬᠠᠢ ᠮᠡᠲᠦ
        ᠬᠠᠲᠠᠨ ᠳᠦ ᠲᠣᠪᠲᠤᠯᠬᠤ
        ᠬᠠᠷᠴᠠᠭᠠᠢ ᠰᠢᠪᠠᠭᠤ ᠮᠡᠲᠦ
        ᠠᠭᠤᠷ ᠶ᠋ᠢᠠᠨ ᠳᠠᠷᠤᠨ ᠶᠠᠲᠠᠬᠤ
        ᠣᠮᠤᠭᠲᠤ ᠠᠷᠰᠯᠠᠨ ᠮᠡᠲᠦ
        ᠠᠮᠢᠲᠤ ᠪᠠᠷ ᠵᠠᠯᠭᠢᠬᠤ
        ᠠᠶᠤᠯᠲᠤ ᠮᠠᠩᠭᠤᠰ ᠮᠡᠲᠦ
        ᠰᠡᠭᠦᠲᠡᠷ ᠶ᠋ᠢᠡᠨ ᠳᠤᠪᠳᠤᠯᠠᠬᠤ
        ᠱᠣᠩᠬᠣᠷ ᠰᠢᠪᠠᠭᠤ ᠮᠡᠲᠦ
        ᠰᠡᠮᠡᠬᠡᠷ ᠵᠠᠯᠭᠢᠬᠤ
        ᠴᠤᠷᠬ᠎ᠠ ᠵᠢᠭᠠᠰᠤ ᠮᠡᠲᠦ
        ᠪᠣᠲᠤᠭᠤ ᠶ᠋ᠢᠨ ᠪᠣᠷᠪᠢ ᠶ᠋ᠢ ᠬᠠᠵᠠᠬᠤ
        ᠪᠤᠤᠷ᠎ᠠ ᠮᠡᠲᠦ
        ᠪᠣᠷᠤᠭᠠᠨᠲᠤ ᠡᠲᠦᠷ ᠵᠠᠪᠰᠢᠬᠤ
        ᠴᠢᠨᠣ᠎ᠠ ᠮᠡᠲᠦ
        ᠬᠡᠦᠬᠡᠳ ᠦᠷ᠎ᠡ ᠪᠡᠨ
        ᠭᠡᠯᠢᠨ ᠶᠠᠲᠠᠵᠤ
        ᠨᠢᠲᠤᠯᠤᠨ ᠢᠲᠡᠬᠦ
        ᠨᠢᠭᠦᠯᠲᠦ ᠠᠩᠭᠢᠷ ᠮᠡᠲᠦ
        ᠬᠡᠪᠲᠡᠰᠢ ᠶ᠋ᠢ ᠬᠥᠲᠡᠯᠭᠡᠪᠡᠯ
        ᠭᠡᠲᠡᠷᠭᠦ ᠲᠣᠪᠲᠤᠯᠵᠤ
        ᠴᠥᠯᠪᠡᠨ ᠢᠲᠡᠬᠦ
        ᠴᠥᠭᠡᠪᠦᠷᠢ ᠴᠢᠨᠣ᠎ᠠ ᠮᠡᠲᠦ
        ᠳᠠᠭᠤ ᠶ᠋ᠢ ᠰᠣᠨᠣᠰᠪᠠᠯ
        ᠳᠠᠭᠠᠷᠢᠨ ᠣᠷᠣᠵᠤ
        ᠪᠠᠷᠢᠵᠤ ᠢᠲᠡᠬᠦ
        ᠪᠠᠷᠰ ᠮᠡᠲᠦ ᠠᠮᠢᠲᠠᠳ ᠲᠠᠨ ᠊ᠢ ᠶᠠᠭᠠᠬᠢᠬᠤ ᠪᠢᠯᠡ ᠪᠢ! 》 ᠭᠡᠵᠦ ᠨᠢᠭᠡᠨ ᠵᠡᠷᠭᠡ ᠬᠠᠷᠢᠶᠠᠵᠤ ᠳᠣᠲᠣᠷ᠎ᠠ ᠨᠢ ᠰᠠᠶᠢ ᠪᠠᠬᠠᠨ ᠠᠭᠤᠵᠢᠷᠠᠵᠤ ᠄
    《 ᠰᠡᠭᠦᠲᠡᠷ ᠡᠴᠡ ᠥᠭᠡᠷ᠎ᠡ ᠨᠥᠬᠥᠷ ᠦᠭᠡᠢ
      ᠰᠡᠭᠦᠯ ᠡᠴᠡ ᠥᠭᠡᠷ᠎ᠡ ᠲᠠᠰᠢᠭᠤᠷ ᠦᠭᠡᠢ
      ᠲᠠᠶ᠋ᠢᠴᠢᠭᠤᠳ ᠠ᠋ᠴᠠ ᠥᠰᠢᠶ᠎ᠡ ᠪᠡᠨ ᠶᠠᠭᠠᠬᠢᠵᠤ ᠠᠪᠤᠨ᠎ᠠ?
      ᠲᠠᠷᠬᠠᠭᠰᠠᠨ ᠤᠯᠤᠰ ᠶ᠋ᠢᠠᠨ ᠶᠠᠭᠠᠬᠢᠵᠤ ᠴᠤᠭᠯᠠᠭᠤᠯᠤᠨ᠎ᠠ? ᠭᠡᠵᠦ ᠪᠠᠶ᠋ᠢᠲᠠᠯ᠎ᠠ ᠲᠠ ᠨᠠᠷ ᠶᠠᠭᠤᠨ ᠳᠦ ᠢᠩᠭᠢᠵᠦ ᠥᠪᠡᠷ ᠵᠠᠭᠤᠷ᠎ᠠ ᠪᠠᠨ ᠬᠣᠷᠣᠭᠠᠵᠤ ᠦᠰᠲᠡᠨ ᠳᠦ ᠲᠤᠰᠠᠯᠠᠬᠤ ᠬᠡᠷᠡᠭ ᠦᠢᠯᠡᠤᠠᠬᠦ ᠪᠤᠢ! 》 ᠭᠡᠵᠦ ᠬᠡᠯᠡᠭᠡᠳ ᠂ ᠥᠭᠡᠯᠦᠨ ᠡᠬᠡ ᠵᠠᠪᠢᠯᠤᠨ ᠰᠠᠭᠤᠵᠤ ᠲᠡᠮᠦᠵᠢᠨ ᠬᠠᠰᠠᠷ ᠬᠣᠶᠠᠷ ᠊ᠢ ᠤᠷᠲᠤ ᠪᠠᠨ ᠰᠥᠭᠥᠤᠠᠬᠡᠨ ᠄
    《 ᠲᠡᠮᠦᠵᠢᠨ ᠡ ᠂ ᠤᠷᠢᠲᠤ ᠠᠯᠤᠨ ᠭᠤᠸ᠋᠎ᠠ ᠡᠮᠡᠭᠡ ᠲᠠᠪᠤᠨ ᠬᠡᠦᠬᠡᠳ ᠶ᠋ᠢᠡᠨ ᠬᠡᠷᠬᠢᠨ ᠰᠤᠷᠭᠠᠭᠰᠠᠨ ᠊ᠢ ᠴᠡᠭᠡᠵᠢᠯᠡᠵᠦ ᠪᠠᠶ᠋ᠢᠨ᠎ᠠ ‍ᠤᠤ? 》 ᠭᠡᠵᠦ ᠠᠰᠠᠭᠤᠪᠠ ᠃ ᠲᠡᠮᠦᠵᠢᠨ ᠲᠣᠯᠣᠭᠠᠢ ᠪᠠᠨ ᠪᠥᠬᠥᠶ᠋ᠢᠨ ᠄
    《 ᠬᠠᠷᠢᠯᠴᠠᠨ ᠡᠪᠲᠡᠷᠡᠨ ᠮᠠᠭᠤᠲᠠᠯᠴᠠᠵᠤ ᠭᠠᠭᠴᠠ ᠭᠠᠭᠴᠠ ᠪᠠᠷ ᠰᠠᠯᠪᠠᠯ ᠨᠢᠵᠡᠭᠡᠳ ᠮᠥᠰᠥᠨ ᠮᠡᠲᠦ ᠬᠡᠨ ᠬᠥᠮᠦᠨ  ᠳᠦ  ᠬᠢᠯᠪᠠᠷᠬᠠᠨ  ᠳᠡᠢᠯᠦᠭᠳᠡᠨ᠎ᠡ ᠂ ᠡᠶ᠎ᠡ ᠡᠪ ᠶ᠋ᠢᠡᠷ ᠨᠢᠭᠡᠲᠦᠨ ᠪᠦᠯᠬᠦᠮᠲᠡᠵᠦ ᠶᠠᠪᠤᠪᠠᠯ ᠬᠠᠮᠲᠤ ᠪᠠᠭᠯᠠᠭᠰᠠᠨ ᠲᠠᠪᠤᠨ ᠮᠥᠰᠥᠨ ᠮᠡᠲᠦ ᠬᠡᠨ ᠬᠥᠮᠦᠨ  ᠳᠦ ᠬᠢᠯᠪᠠᠷ ᠦᠯᠦ  ᠳᠡᠢᠯᠦᠭᠳᠡᠨ᠎ᠡ ᠭᠡᠵᠡᠢ! 》
    ᠥᠭᠡᠯᠦᠨ ᠡᠬᠡ ᠪᠠᠰᠠ ᠬᠠᠰᠠᠷ ᠠ᠋ᠴᠠ ᠄
    《 ᠬᠠᠰᠠᠷ ᠡ ᠂ ᠪᠣᠲᠠᠨᠴᠠᠷ ᠡᠪᠦᠭᠡ ᠬᠣᠵᠢᠮ ᠨᠢ ᠶᠠᠭᠠᠬᠢᠬᠰᠠᠨ ᠪᠢᠯᠡ  》 ᠭᠡᠵᠦ ᠠᠰᠠᠭᠤᠪᠠ ᠃ ᠬᠠᠰᠠᠷ ᠨᠠᠮ ᠳᠠᠭᠤ ᠪᠠᠷ ᠄
    《 ᠠᠯᠤᠨ ᠭᠤᠸ᠋᠎ᠠ ᠡᠮᠡᠭᠡ ᠦᠭᠡᠢ ᠪᠣᠯᠤᠭᠰᠠᠨ ᠪ ᠬᠣᠶ᠋ᠢᠨ᠎ᠠ  ᠪᠦᠬᠦᠨᠦᠲᠠᠢ ᠂  ᠪᠡᠯᠭᠦᠨᠦᠲᠡᠢ ᠂ ᠪᠤᠬ᠎ᠠ ᠬᠠᠲᠠᠬᠢ ᠂ ᠪᠣᠭᠲᠣ ᠰᠠᠯᠵᠢ ᠳᠥᠷᠪᠡᠭᠦᠯᠡ ᠡᠬᠡ ᠶ᠋ᠢᠨ ᠶ᠋ᠢᠡᠨ ᠦᠭᠡ ᠶ᠋ᠢ ᠥᠲᠡᠭᠡᠷᠦᠨ ᠳᠡᠭᠦᠦ ᠪᠣᠲᠠᠨᠴᠠᠷ ᠊ᠢ ᠤᠷᠤᠭ ᠲᠤ ᠦᠯᠦ ᠲᠣᠭᠠᠴᠠᠨ ᠭᠠᠭᠴᠠᠭᠠᠷ ᠊ᠢ ᠶᠠᠪᠤᠭᠤᠯᠪᠠ ᠃ ᠬᠣᠵᠢᠮ ᠨᠢ ᠲᠡᠲᠡ ᠬᠡᠲᠦᠭᠦᠯᠡ ᠳᠡᠭᠦᠦ ᠪᠡᠨ ᠭᠠᠭᠴᠠᠭᠠᠷ ᠊ᠢ ᠰᠢᠬᠠᠵᠤ ᠶᠠᠪᠤᠭᠤᠯᠤᠭᠰᠠᠨ ᠳᠦ ᠪᠠᠨ ᠭᠡᠮᠰᠢᠵᠦ ᠲᠡᠭᠦᠨ ᠊ᠢ ᠡᠷᠢᠵᠦ ᠠᠪᠴᠢᠷᠠᠪᠠ  ᠂ ᠲᠡᠭᠡᠭᠡᠳ ᠠᠬ᠎ᠠ ᠳᠡᠭᠦᠦ ᠬᠣᠭᠣᠷᠣᠨᠲᠣ ᠪᠠᠨ ᠡᠶ᠎ᠡ ᠡᠪ ᠶ᠋ᠢᠠᠨ ᠨᠢᠭᠡᠲᠦᠨ ᠪᠦᠯᠬᠦᠮᠲᠡᠵᠦ ᠠᠶ᠋ᠢᠮᠠᠭ ᠤᠭᠰᠠᠬ᠋᠎ᠠ ᠪᠠᠨ ᠮᠠᠨᠲᠤᠭᠤᠯᠵᠤ ᠶᠠᠪᠤᠵᠠᠢ 》 ᠭᠡᠵᠡᠢ ᠃
        ᠢᠩᠭᠢᠭᠡᠳ ᠥᠭᠡᠯᠦᠨ ᠡᠬᠡ ᠶ᠋ᠢᠨ ᠠᠭᠤᠷ ᠰᠠᠶᠢ ᠲᠠᠶ᠋ᠢᠤᠠᠬᠤᠷᠠᠵᠤ ᠂ ᠲᠡᠮᠦᠵᠢᠨ ᠬᠠᠰᠠᠷ ᠬᠣᠶᠠᠷ ᠲᠤ ᠄
    《 ᠲᠠ ᠬᠣᠶᠠᠷ ᠡᠨᠡ  ᠬᠡᠯᠡᠭᠰᠡᠨ ᠦᠭᠡ ᠪᠡᠨ ᠪᠠᠲᠤ ᠴᠡᠭᠡᠵᠢᠯᠡᠵᠦ ᠂ ᠬᠣᠶ᠋ᠢᠰᠢᠲᠠ ᠠᠬ᠎ᠠ ᠳᠡᠭᠦᠦ ᠬᠣᠭᠣᠷᠣᠨᠲᠣ ᠪᠠᠨ
        ᠡᠶ᠎ᠡ ᠡᠪ ᠶ᠋ᠢᠠᠨ ᠨᠢᠭᠡᠤᠠᠴᠦ
        ᠡᠭᠦᠷᠢᠲᠡ ᠪᠦᠯᠬᠦᠮᠲᠡᠵᠦ ᠶᠠᠪᠤ 
        ᠦᠬᠡᠷ ᠦ᠋ᠨ ᠬᠣᠶᠠᠷ ᠡᠪᠡᠷ ᠮᠡᠲᠦ 
        ᠥᠨᠢᠲᠡ ᠪᠤᠤ ᠬᠠᠭᠠᠴᠠ
        ᠤᠨᠠᠭᠰᠠᠨ ᠭᠠᠵᠠᠷ ᠲᠤ ᠨᠢ ᠡᠷᠭᠦᠵᠦ
        ᠤᠷᠤᠭᠤᠲᠠᠭᠰᠠᠨ ᠭᠠᠵᠠᠷ ᠲᠤ ᠨᠢ ᠲᠠᠲᠠᠵᠤ ᠶᠠᠪᠤ
        ᠳᠤᠤᠭᠠᠷᠪᠠᠯ ᠳᠠᠭᠤ ᠨᠡᠮᠡᠵᠦ
        ᠳᠤᠭᠲᠤᠷᠪᠠᠯ ᠬᠦᠴᠦ ᠨᠡᠮᠡᠵᠦ ᠶᠠᠪᠤ 》 ᠭᠡᠵᠦ ᠰᠤᠷᠭᠠᠵᠤ ᠵᠠᠬᠢᠵᠠᠢ ᠃