ᠵᠤᠯᠵᠠᠭ᠎ᠠ ᠰᠠᠮᠵᠠ – ᠪᠠᠭ᠎ᠠ ᠰᠤᠷᠭᠠᠭᠤᠯᠢ ᠶᠢᠨ ᠣᠩᠰᠢᠬᠣ ᠪᠢᠴᠢᠭ Зулзага самж – Бага сургуулийн унших бичиг
ᠵᠤᠯᠵᠠᠭ᠎ᠠ ᠰᠠᠮᠵᠠ
ᠨᠢᠭᠡᠨ ᠡᠲᠦᠷ ᠵᠤᠯᠵᠠᠬ᠋᠎ᠠ ᠰᠠᠮᠵᠠ ᠠᠭᠤᠯᠠᠨ ᠠ᠋ᠴᠠ ᠪᠠᠭᠤᠭᠠᠳ ᠡᠷᠲᠡᠨᠢ ᠰᠢᠰᠢ ᠶ᠋ᠢᠨ ᠲᠠᠷᠢᠶᠠᠨ ᠳᠦ ᠣᠷᠣᠪᠠ ᠃ ᠤᠯᠠᠭᠠᠨ ᠵᠠᠯᠠᠬ᠋ᠠ ᠲᠠᠢ ᠪᠦᠲᠦᠭᠦᠨ ᠪᠦᠲᠦᠭᠦᠨ ᠡᠷᠲᠡᠨᠢ ᠰᠢᠰᠢ ᠶ᠋ᠢ ᠦᠵᠡᠭᠡᠳ ᠮᠠᠰᠢ ᠪᠠᠶᠠᠷᠯᠠᠵᠤ ᠂ ᠭᠠᠷ ᠦ᠋ᠨ ᠠᠶ᠎ᠠ ᠪᠠᠷ ᠨᠢᠭᠡ ᠶ᠋ᠢ ᠬᠤᠭᠤᠯᠵᠤ ᠠᠪᠤᠭᠠᠳ ᠴᠠᠭᠠᠰᠢ ᠶᠠᠪᠤᠯ᠎ᠠ ᠃
ᠵᠤᠯᠵᠠᠬ᠋᠎ᠠ ᠰᠠᠮᠵᠠ ᠡᠷᠲᠡᠨᠢ ᠰᠢᠰᠢ ᠪᠡᠨ ᠠᠪᠤᠭᠠᠳ ᠶᠠᠪᠤᠭᠰᠠᠭᠠᠷ ᠲᠤᠭᠤᠷ ᠦ᠋ᠨ ᠰᠢᠭᠤᠢ ᠳᠦ ᠣᠷᠣᠪᠠ ᠃ ᠶᠠᠭᠰᠢᠷᠠᠲᠠᠯ᠎ᠠ ᠰᠠᠭᠤᠭᠰᠠᠨ ᠤᠯᠠᠭᠠᠨ ᠲᠤᠭᠤᠷ ᠦ᠋ᠳ ᠊ᠢ ᠦᠵᠡᠭᠡᠳ ᠶᠡᠬᠡ ᠯᠡ ᠬᠦᠭᠰᠡᠨ ᠪᠠᠶᠠᠷᠯᠠᠵᠤ ①᠂ ᠡᠷᠲᠡᠨᠢ ᠰᠢᠰᠢ ᠪᠡᠨ ᠰᠢᠲᠡᠭᠡᠳ ᠲᠤᠭᠤᠷ ᠲᠡᠭᠦᠪᠡ ᠃
ᠵᠤᠯᠵᠠᠬ᠋᠎ᠠ ᠰᠠᠮᠵᠠ ᠲᠤᠭᠤᠷ ᠶ᠋ᠢᠠᠨ ᠲᠡᠪᠡᠷᠢᠭᠰᠡᠭᠡᠷ ᠲᠠᠷᠪᠤᠰ ᠦ᠋ᠨ ᠲᠠᠷᠢᠶᠠᠨ ᠳᠦ ᠬᠦᠷᠪᠡ ᠃ ᠭᠠᠵᠠᠷ ᠰᠠᠢ ᠦᠭᠡᠢ ② ᠰᠠᠭᠤᠭᠰᠠᠨ ᠲᠣᠮᠣ ᠲᠠᠷᠪᠤᠰ ᠊ᠢ ᠦᠵᠡᠭᠡᠳ ᠨᠢᠭᠡᠮᠦᠰᠦᠨ ᠬᠥᠭᠡᠷᠴᠦ ᠂ ᠲᠤᠭᠤᠷ ᠶ᠋ᠢᠠᠨ ᠰᠢᠲᠡᠭᠡᠳ ᠲᠠᠷᠪᠤᠰ ᠊ᠢ ᠠᠪᠤᠯ᠎ᠠ ᠃
ᠵᠤᠯᠵᠠᠬ᠋᠎ᠠ ᠰᠠᠮᠵᠠ ᠨᠢᠭᠡ ᠯᠡ ᠲᠠᠷᠪᠤᠰ ᠲᠡᠪᠡᠷᠢᠭᠰᠡᠭᠡᠷ ᠪᠤᠴᠠᠪᠠ ᠃ ᠵᠠᠮ ᠵᠠᠭᠤᠷ᠎ᠠ ᠪᠥᠵᠥᠩ ᠳᠣᠬᠢᠶᠠᠯᠳᠤᠪᠠ ᠃ ᠪᠥᠵᠥᠩ ᠳᠡᠭᠳᠡᠨ ᠬᠠᠷᠠᠶ᠋ᠢᠵᠤ ᠳᠠᠩᠴᠤ ᠬᠥᠭᠡᠷᠦᠬᠦᠨ ᠬᠠᠷᠠᠭᠲᠠᠪᠠ ᠃ ᠵᠤᠯᠵᠠᠬ᠋᠎ᠠ ᠰᠠᠮᠵᠠ ᠲᠤᠶ᠋ᠢᠯ ᠶ᠋ᠢᠠᠷ ᠪᠠᠶᠠᠷᠯᠠᠵᠤ ᠂ ᠲᠠᠷᠪᠤᠰ ᠶ᠋ᠢᠠᠨ ᠰᠢᠲᠡᠭᠡᠳ ᠪᠥᠵᠥᠩ ᠶ᠋ᠢᠡᠨ ᠬᠥᠭᠡᠭᠡᠯ᠎ᠡ ᠃
ᠪᠥᠵᠥᠩ ᠰᠢᠭᠤᠢ ᠳᠦ ᠣᠷᠣᠵᠣ ᠠᠯᠠᠬ᠋᠎ᠠ ᠪᠣᠯᠪᠠ ᠃ ᠵᠤᠯᠵᠠᠬ᠋᠎ᠠ ᠰᠠᠮᠵᠠ ᠠᠷᠬ᠋᠎ᠠ ᠪᠣᠰᠣ ᠭᠠᠷ ᠬᠣᠭᠣᠰᠣᠨ ᠭᠡᠷ ᠲᠦ ᠪᠡᠨ ᠬᠠᠷᠢᠵᠠᠢ ᠃
① ᠭᠦᠭᠰᠡᠨ ᠪᠠᠶᠠᠷᠯᠠᠬᠤ — ᠮᠠᠰᠢᠲᠠ ᠪᠠᠶᠠᠷᠯᠠᠬᠤ
② ᠭᠠᠵᠠᠷ ᠰᠠᠢ ᠦᠭᠡᠢ — ᠲᠣᠩ ᠣᠯᠠᠨ ᠂ ᠭᠠᠵᠠᠷ ᠪᠣᠯᠭᠠᠨ ᠳᠦ
ᠦᠰᠦᠭ ᠠᠮᠢᠯᠠᠭᠤᠯᠤᠭᠴᠢ — ᠮᠢᠩᠭᠠᠳ ᠂ ᠴᠢᠮᠡᠭ
ᠬᠢᠨᠠᠭᠴᠢ ᠄ ᠤᠷᠠᠨ᠎ᠠ
