ᠬᠠᠮᠤᠭ ᠰᠡᠭᠦᠯᠴᠢ ᠶᠢᠨ ᠬᠢᠴᠢᠶᠡᠯ – ᠠ‍ ᠂ ᠳ᠋ᠠᠣᠲ᠋ᠠᠢ Хамаг сүүлчийн хичээл – А. Доде ᠨᠠᠢᠷᠠᠭᠤᠯᠤᠯ ᠥᠭᠦᠯᠡᠯᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠮᠤᠭ ᠰᠡᠭᠦᠯᠴᠢ ᠶᠢᠨ ᠬᠢᠴᠢᠶᠡᠯ – ᠠ‍ ᠂ ᠳ᠋ᠠᠣᠲ᠋ᠠᠢ Хамаг сүүлчийн хичээл – А. Доде

ᠬᠠᠮᠤᠭ ᠰᠡᠭᠦᠯᠴᠢ ᠶᠢᠨ ᠬᠢᠴᠢᠶᠡᠯ – ᠠ‍ ᠂ ᠳ᠋ᠠᠣᠲ᠋ᠠᠢ Хамаг сүүлчийн хичээл – А. Доде

2023-02-23

6467

ᠬᠠᠮᠤᠭ ᠰᠡᠭᠦᠯᠴᠢ ᠶᠢᠨ ᠬᠢᠴᠢᠶᠡᠯ

               ᠠ‍᠂ ᠳ᠋ᠠᠣᠲ᠋ᠠᠢ
     ᠲᠡᠷᠡ ᠥᠷᠯᠥᠭᠡ ᠪᠢ᠂ ᠰᠤᠷᠭᠠᠭᠤᠯᠢ ᠳ᠋ᠤ᠌ ᠪᠠᠨ ᠲᠤᠩ ᠶᠡᠬᠡ ᠬᠣᠵᠢᠳᠠᠵᠤ ᠣᠴᠢᠭᠰᠠᠨ ᠲᠤᠯᠠ ᠪᠠᠭᠰᠢ ᠬᠠᠮᠸᠯ ᠳ᠋ᠤ᠌ ᠵᠢᠮᠡᠯᠡᠭᠳᠡᠬᠦ ᠡᠴᠡ ᠪᠡᠨ ᠤᠬᠠᠭᠠᠨ ᠦᠭᠡᠢ ᠠᠶᠤᠭᠰᠠᠨ ᠪᠢᠯᠡ᠃ ᠲᠡᠷᠡ ᠡᠳᠦᠷ ᠥᠨᠥᠬᠢ ᠦᠢᠯᠡ ᠦᠭᠡ ᠶ᠋ᠢᠨ ᠬᠤᠪᠢᠯᠤᠯ ᠢ᠋ᠶ᠋ᠠᠨ ᠪᠢᠳᠡᠨ ᠡᠴᠡ ᠠᠰᠠᠭᠤᠬᠤ ᠭᠡᠵᠦ ᠪᠠᠢᠭᠰᠠᠨ ᠶᠤᠮ᠃ ᠪᠢ ᠶᠠᠳᠠᠬᠤ ᠳ᠋ᠤ᠌ ᠪᠠᠨ ᠲᠡᠭᠦᠨ ᠡᠴᠡ ᠨᠢ ᠨᠢᠭᠡ ᠶ᠋ᠢ ᠴᠦ᠍ ᠣᠯᠢᠭᠲᠠᠢᠬᠠᠨ ᠬᠠᠷᠢᠭᠤᠯᠵᠤ ᠴᠢᠳᠠᠬᠤ ᠦᠭᠡᠢ ᠲᠤᠯᠠ ᠰᠤᠷᠭᠠᠭᠤᠯᠢ ᠳ᠋ᠤ᠌ ᠣᠴᠢᠬᠤ ᠶ᠋ᠢᠨ ᠣᠷᠣᠨ ᠳ᠋ᠤ᠌ ᠭᠠᠳᠠᠭᠤᠷ ᠶᠠᠪᠤᠵᠤ ᠵᠤᠭᠠᠴᠠᠮᠠᠷ ᠰᠠᠨᠠᠭᠳᠠᠯ᠎ᠠ᠃
     ᠲᠡᠷᠡ ᠡᠳᠦᠷ ᠦ᠋ᠨ ᠴᠡᠯᠮᠡᠭ ᠪᠥᠭᠡᠳ ᠳᠤᠯᠠᠭᠠᠬᠠᠨ ᠴᠤ᠌ ᠭᠡᠵᠦ ᠠ᠋! ᠶᠡᠬᠡ ᠠᠯᠠᠭ ᠪᠢᠯᠵᠤᠤᠬᠠᠢ ᠨᠤᠭᠤᠳ ᠮᠣᠳᠣᠳ ᠲᠤ᠌ ᠪᠠᠨ ᠳᠣᠩᠭᠣᠳᠬᠤ ᠨᠢ ᠶᠠᠭᠤᠲᠠᠢ ᠰᠠᠢᠬᠠᠨ ᠠᠵᠢ᠃ ᠮᠣᠳᠣ ᠵᠦᠰᠦᠬᠦ ᠦᠢᠯᠡᠳᠪᠦᠷᠢ ᠶ᠋ᠢᠨ ᠠᠷᠤ ᠶ᠋ᠢᠨ ᠵᠦᠯᠭᠡᠨ ᠳᠡᠭᠡᠷ᠎ᠡ ᠪᠠᠰᠠ ᠫᠷᠦ᠋ᠰᠰᠢ ᠶ᠋ᠢᠨ ᠴᠡᠷᠢᠭ ᠪᠣᠯᠪᠠᠰᠤᠷᠠᠯ ᠬᠢᠵᠦ ᠪᠠᠢᠯ᠎ᠠ᠃ ᠡᠳᠡᠭᠡᠷ ᠪᠦᠬᠦᠨ ᠨᠢ ᠨᠠᠳᠠ ᠳ᠋ᠤ᠌ ᠦᠢᠯᠡ ᠦᠭᠡ ᠶ᠋ᠢᠨ ᠬᠤᠪᠢᠯᠤᠯ ᠠ᠋ᠴᠠ ᠬᠠᠪᠢ ᠦᠭᠡᠢ ᠲᠠᠭᠠᠲᠠᠢ ᠰᠠᠨᠠᠭᠳᠠᠭᠰᠠᠨ ᠪᠣᠯᠪᠠᠴᠤ ᠪᠡᠶ᠎ᠡ ᠪᠡᠨ ᠪᠠᠷᠢᠵᠤ ᠰᠤᠷᠭᠠᠭᠤᠯᠢ ᠤᠷᠤᠭᠤ ᠪᠠᠨ ᠶᠠᠭᠠᠷᠠᠨ ᠭᠦᠶᠦᠵᠦ ᠪᠢᠯᠡ᠃
     ᠲᠣᠰᠬᠣᠨ ᠤ᠋ ᠵᠠᠬᠢᠷᠭ᠎ᠠ ᠶ᠋ᠢᠨ ᠬᠠᠵᠠᠭᠤ ᠪᠠᠷ ᠭᠠᠷᠬᠤ ᠳ᠋ᠤ᠌ ᠵᠠᠷᠯᠠᠯ ᠤ᠋ᠨ ᠰᠠᠮᠪᠠᠷ᠎ᠠ ᠶ᠋ᠢᠨ ᠳᠡᠷᠭᠡᠳᠡ ᠪᠠᠬᠠᠨ ᠤᠯᠤᠰ ᠪᠤᠵᠢᠭᠢᠨᠠᠯᠳᠤᠵᠤ ᠪᠠᠢᠯ᠎ᠠ᠃ ᠣᠢᠷ᠎ᠠ ᠶ᠋ᠢᠨ ᠬᠣᠶᠠᠷ ᠵᠢᠯ ᠡᠴᠡ ᠮᠠᠨ ᠤ᠋ ᠲᠣᠰᠬᠣᠨ ᠳ᠋ᠤ᠌ ᠲᠠᠷᠬᠠᠭᠳᠠᠭᠰᠠᠨ᠄ ᠲᠡᠢᠨ ᠳ᠋ᠦ᠍ ᠢᠯᠠᠭᠳᠠᠯ᠎ᠠ᠂ ᠴᠡᠷᠢᠭ ᠲᠦ᠍ ᠮᠣᠷᠳᠠᠯ᠎ᠠ ᠭᠡᠬᠦ ᠮᠡᠲᠦᠴᠢᠯᠡᠨ ᠴᠡᠷᠢᠭ ᠦ᠋ᠨ ᠱᠲ᠋ᠠᠪ ᠤ᠋ᠨ ᠬᠢᠨ ᠦ᠌ ᠶᠠᠩᠵᠤ ᠪᠦᠷᠢ ᠶ᠋ᠢᠨ ᠥᠯᠵᠡᠢ ᠪᠤᠰᠤ ᠶ᠋ᠢᠨ ᠵᠠᠷᠯᠠᠯ ᠮᠡᠳᠡᠭᠡ ᠨᠦ᠍ᠭᠦᠳ ᠴᠥᠮ ᠡᠨᠳᠡ ᠡᠴᠡ ᠡᠭᠦᠰᠳᠡᠭ ᠶᠦᠮ᠃
     ᠪᠢ ᠠᠯᠬᠤᠬᠤ ᠵᠠᠭᠤᠷ᠎ᠠ ᠪᠠᠨ᠄ 《ᠵᠠ᠂ ᠪᠠᠰᠠ ᠶᠠᠭᠤ ᠪᠣᠯᠬᠤ ᠭᠡᠵᠦ ᠪᠠᠢᠭ᠎ᠠ ᠪᠣᠯ ᠳᠠ ?》 ᠭᠡᠵᠦ ᠪᠣᠳᠣᠵᠤ ᠶᠠᠪᠤᠯ᠎ᠠ᠃
     ᠲᠡᠮᠦᠷ ᠦ᠋ᠨ ᠳᠠᠷᠬᠠᠨ ᠸᠠᠱᠢᠲ᠋ ᠭᠤᠸᠠᠢ ᠱᠠᠪᠢ ᠨᠠᠷ ᠤ᠋ᠨ ᠢ᠋ᠶ᠋ᠠᠨ ᠬᠠᠮᠲᠤ ᠣᠯᠠᠨ ᠤ᠋ ᠳᠣᠲᠣᠷ᠎ᠠ ᠰᠢᠬᠠᠯᠳᠤᠵᠤ ᠵᠠᠷᠯᠠᠯ ᠦᠵᠡᠵᠦ ᠪᠠᠢᠭᠰᠠᠨ ᠢ᠋ᠶ᠋ᠠᠨ ᠮᠢᠨᠦ ᠭᠦᠶᠦᠵᠦ ᠶᠠᠪᠤᠭ᠎ᠠ ᠶ᠋ᠢ ᠬᠠᠷᠠᠩᠭᠤᠲᠠ᠄ 《ᠪᠢᠲᠡᠭᠡᠢ ᠶᠠᠭᠠᠷᠠ ᠬᠦᠦ ᠮᠢᠨᠢ᠂ ᠴᠢ ᠶᠠᠭᠠᠬᠢᠯ᠎ᠠ ᠴᠤ᠌ ᠭᠡᠰᠡᠨ ᠰᠤᠷᠭᠠᠭᠤᠯᠢ ᠳ᠋ᠤ᠌ ᠪᠠᠨ ᠡᠷᠲᠡ ᠬᠦᠷᠦᠨ᠎ᠡ!》 ᠭᠡᠵᠦ ᠬᠠᠰᠬᠢᠷᠤᠯ᠎ᠠ᠃
     ᠪᠢ ᠲᠡᠭᠦᠨ ᠢ᠋ ᠨᠠᠳᠠ ᠪᠠᠷ ᠲᠣᠭᠯᠠᠵᠤ ᠪᠠᠢᠭ᠎ᠠ ᠪᠠᠢᠯ ᠦᠭᠡᠢ ᠶᠠᠭᠠᠬᠢᠬᠤ ᠪᠣᠢ ᠭᠡᠵᠦ ᠰᠠᠨᠠᠭᠠᠳ ᠪᠥᠭᠯᠡᠷᠡᠵᠦ ᠦᠬᠦᠮᠡᠷ ᠭᠦᠶᠦᠭᠰᠡᠭᠡᠷ ᠬᠠᠮᠸᠯ ᠪᠠᠭᠰᠢ ᠶ᠋ᠢᠨ ᠵᠢᠵᠢᠭᠬᠡᠨ ᠬᠠᠰᠢᠢ᠎ᠠ ᠤᠷᠤᠭᠤ ᠨᠢ ᠣᠷᠣᠭᠰᠠᠨ ᠪᠠᠢᠯ᠎ᠠ᠃
     ᠮᠠᠨ ᠤ᠋ ᠬᠢᠨ ᠶᠡᠷᠦ ᠳ᠋ᠦ᠍ ᠪᠡᠨ ᠬᠢᠴᠢᠶᠡᠯ ᠡᠬᠢᠯᠡᠭᠰᠡᠭᠡᠷ ᠶᠡᠬᠡ ᠯᠡ ᠦᠢᠮᠡᠵᠦ ᠱᠤᠤᠭᠢᠳᠠᠭ ᠪᠥᠭᠡᠳ ᠡᠨᠡ ᠨᠢ ᠭᠤᠳᠤᠮᠵᠢᠨ ᠳ᠋ᠤ᠌ ᠬᠦᠷᠲᠡᠯ᠎ᠡ ᠢᠯᠡᠬᠡᠨ ᠰᠣᠨᠣᠰᠳᠠᠳᠠᠭ ᠪᠢᠯᠡ᠃ ᠮᠠᠨ ᠤ᠋ ᠨᠥᠬᠥᠳ ᠦ᠋ᠨ ᠪᠢᠴᠢᠭ ᠦ᠋ᠨ ᠰᠢᠷᠡᠭᠡᠨ ᠦ᠌ ᠰᠢᠷᠭᠤᠭᠤᠯ ᠢ᠋ᠶ᠋ᠠᠨ ᠨᠡᠭᠡᠭᠡᠵᠦ ᠬᠠᠭᠠᠬᠤ ᠴᠢᠮᠡᠭᠡ᠂ ᠪᠢᠴᠢᠭ ᠢ᠋ᠶ᠋ᠡᠷ ᠢ᠋ᠶ᠋ᠡᠨ ᠴᠢᠬᠢ ᠪᠡᠨ ᠲᠠᠭᠯᠠᠵᠤ ᠳᠡᠭᠡᠷ᠎ᠡ ᠳᠠᠭᠤᠨ ᠢ᠋ᠶ᠋ᠠᠷ ᠴᠡᠭᠡᠵᠢ ᠪᠡᠷ ᠤᠩᠰᠢᠬᠤ ᠴᠢᠮᠡᠭᠡ ᠁ ᠪᠠᠰᠠ ᠪᠠᠭᠰᠢ ᠶ᠋ᠢᠨ ᠮᠢᠨᠢ ᠥᠨᠥᠬᠢ ᠪᠦᠳᠦᠭᠦᠨ ᠲᠡᠮᠦᠷ ᠱᠤᠭᠤᠮ ᠢ᠋ᠶ᠋ᠠᠷ ᠢ᠋ᠶ᠋ᠠᠨ ᠰᠢᠷᠡᠭᠡ ᠶ᠋ᠢ ᠳᠡᠰ ᠨᠢᠰ ᠬᠢᠲᠡᠯ᠎ᠡ ᠪᠠᠯᠪᠠᠵᠤ 《ᠪᠢᠲᠡᠭᠡᠢ ᠱᠤᠤᠭᠢ! ᠪᠢᠲᠡᠭᠡᠢ ᠱᠤᠤᠭᠢ ᠁》 ᠭᠡᠬᠦ ᠳᠠᠭᠤ ᠵᠡᠷᠭᠡ ᠪᠡᠷ ᠳᠤᠭᠤᠯᠳᠠᠵᠤ ᠶᠡᠬᠡ ᠯᠡ ᠦᠢᠮᠡᠭᠡᠨ ᠲᠡᠢ ᠪᠠᠢᠳᠠᠭ ᠰᠠᠨ᠃
     ᠡᠨᠡ ᠡᠳᠦᠷ ᠪᠢ ᠡᠨᠡ ᠬᠦ᠌ ᠱᠤᠤᠭᠢᠶᠠᠨ ᠢ᠋ ᠳᠠᠯᠢᠮᠳᠠᠭᠤᠯᠤᠨ ᠭᠤᠯᠭᠤᠨ ᠣᠷᠣᠵᠤ ᠠᠮᠵᠢᠬᠤ ᠭᠡᠰᠡᠨ ᠶᠦᠮ᠃ ᠭᠡᠲᠡᠯ᠎ᠡ ᠡᠨᠡ ᠡᠳᠦᠷ ᠠᠩᠭᠢ ᠮᠠᠨᠢ ᠬᠠᠷᠢᠨ ᠠᠮᠠᠷᠠᠯᠲᠠ ᠶ᠋ᠢᠨ ᠡᠳᠦᠷ ᠦ᠋ᠨ ᠥᠷᠯᠥᠭᠡ ᠰᠢᠭ ᠴᠢᠪ ᠴᠢᠮᠡᠭᠡ ᠦᠭᠡᠢ ᠪᠠᠢᠪᠠ᠃ ᠭᠠᠢᠬᠠᠬᠤ ᠳ᠋ᠤ᠌ ᠪᠠᠨ ᠪᠢ ᠨᠡᠭᠡᠭᠡᠯᠲᠡᠲᠡᠢ ᠴᠣᠩᠬᠣ ᠪᠠᠷ ᠨᠢ ᠳᠣᠲᠣᠭᠰᠢ ᠱᠠᠭᠠᠢᠭᠰᠠᠨ ᠴᠢᠨᠢ ᠰᠤᠷᠤᠭᠴᠢᠳ ᠴᠥᠮ ᠥᠪᠡᠷ ᠥᠪᠡᠷ ᠦ᠋ᠨ ᠰᠠᠭᠤᠳᠠᠯ ᠳ᠋ᠤ᠌ ᠪᠠᠨ ᠰᠠᠭᠤᠴᠢᠬᠠᠭᠠᠳ ᠪᠠᠭᠰᠢ ᠬᠠᠮᠸᠯ᠂ ᠥᠨᠥᠬᠢ ᠠᠢᠬᠤᠪᠲᠤᠷ ᠲᠣᠮᠣ ᠡᠳ᠋ ᠢ᠋ᠶ᠋ᠡᠨ ᠰᠤᠭᠤᠨ ᠳ᠋ᠤ᠌ ᠪᠠᠨ ᠬᠠᠪᠴᠢᠵᠤ ᠨᠠᠭᠠᠰᠢ ᠴᠠᠭᠠᠰᠢ ᠪᠠᠨ ᠠᠯᠬᠤᠯᠠᠵᠤ ᠪᠠᠢᠯ᠎ᠠ᠃ ᠪᠢ ᠬᠠᠭᠠᠯᠭ᠎ᠠ ᠶ᠋ᠢ ᠨᠢ ᠠᠶᠠᠷᠬᠠᠨ ᠲᠠᠲᠠᠵᠤ ᠨᠥᠬᠥᠳ ᠦ᠋ᠨ ᠨᠢᠭᠤᠷ ᠲᠠᠯ᠎ᠠ ᠠ᠋ᠴᠠ ᠦᠢᠮᠡᠭᠦᠯᠦᠯ ᠦᠭᠡᠢ ᠪᠡᠷ ᠠᠶᠠᠲᠠᠢᠬᠠᠨ ᠣᠷᠣᠵᠤ ᠰᠠᠭᠤᠬᠤ ᠠ᠋ᠴᠠ ᠥᠭᠡᠷ᠎ᠡ ᠠᠷᠭ᠎ᠠ ᠠᠯᠠᠭ᠎ᠠ ᠪᠣᠯᠵᠠᠢ᠃ ᠲᠡᠷᠡ ᠦᠶ᠎ᠡ ᠳ᠋ᠦ᠍ ᠮᠢᠨᠦ ᠵᠢᠰᠦ ᠴᠢᠷᠠᠢ ᠶᠡᠷᠦ ᠨᠢ ᠶᠠᠮᠠᠷ ᠶᠠᠩᠵᠤ ᠲᠠᠢ ᠪᠠᠢᠭᠰᠠᠨ ᠭᠡᠵᠦ ᠰᠠᠨᠠᠨ᠎ᠠ ᠪᠣᠢ ᠲᠠ ? ᠨᠢᠭᠤᠷ ᠮᠢᠨᠢ ᠴᠢᠰ ᠤᠯᠠᠭᠠᠨ ᠪᠣᠯᠵᠤ ᠵᠢᠷᠦᠬᠡ ᠠᠮᠠ ᠪᠠᠷ ᠭᠠᠷᠴᠢᠬᠠᠬᠤ ᠰᠢᠬᠠᠵᠠᠢ᠃
     ᠭᠡᠲᠡᠯ᠎ᠡ ᠶᠠᠭᠠᠬᠢᠭᠰᠠᠨ ᠴᠤ᠌ ᠦᠭᠡᠢ᠃ ᠪᠠᠭᠰᠢ ᠬᠠᠮᠸᠯ ᠨᠠᠮ᠎ᠠ ᠶ᠋ᠢ ᠦᠵᠡᠭᠡᠳ᠄ 《 ᠪᠢᠴᠢᠬᠠᠨ ᠹᠷᠠᠩᠱ ᠮᠢᠨᠢ ᠪᠤᠰᠢᠭᠤᠬᠠᠨ ᠣᠷᠣᠨ ᠳ᠋ᠤ᠌ ᠪᠠᠨ ᠰᠠᠭᠤᠭᠠᠷᠠᠢ᠂ ᠴᠢᠮ᠎ᠠ ᠶ᠋ᠢ ᠪᠢᠳᠡ ᠬᠦᠯᠢᠶᠡᠬᠦ ᠦᠭᠡᠢ ᠰᠢᠦ᠂ ᠬᠢᠴᠢᠶᠡᠯ ᠢ᠋ᠶ᠋ᠡᠨ ᠡᠬᠢᠯᠡᠵᠡᠭᠡᠨ᠎ᠡ 》 ᠭᠡᠵᠦ ᠶᠡᠷᠦ ᠪᠤᠰᠤ ᠶ᠋ᠢᠨ ᠡᠶᠡᠯᠳᠡᠭᠬᠡᠨ ᠳᠤᠤᠭᠠᠷᠪᠠ᠃
     ᠪᠢ ᠰᠡᠩᠳᠡ ᠮᠡᠩᠳᠡ ᠣᠷᠣᠨ ᠳ᠋ᠤ᠌ ᠪᠠᠨ ᠣᠴᠢᠵᠤ ᠰᠠᠨᠳᠠᠯᠢ ᠳᠡᠭᠡᠷ᠎ᠡ ᠪᠡᠨ ᠰᠠᠭᠤᠯ᠎ᠠ᠃ ᠡᠨᠡ ᠦᠶ᠎ᠡ ᠳ᠋ᠦ᠍ ᠮᠢᠨᠦ ᠵᠢᠷᠦᠬᠡᠨ ᠯᠤᠭᠰᠢᠯᠲᠠ ᠪᠠᠬᠠᠨ ᠨᠠᠮᠳᠠᠵᠤ ᠡᠨᠡ ᠡᠳᠦᠷ ᠪᠠᠭᠰᠢ ᠶ᠋ᠢᠨ ᠢ᠋ᠶ᠋ᠡᠨ ᠶᠣᠰᠣᠯᠠᠯ ᠤ᠋ᠨ ᠭᠣᠶᠣ ᠨᠣᠭᠣᠭᠠᠨ ᠬᠤᠪᠴᠠᠰᠤ ᠪᠠᠨ ᠡᠮᠦᠰᠦᠭᠡᠳ ᠬᠡ ᠤᠭᠠᠯᠵᠠ ᠲᠠᠢ ᠭᠠᠯᠰᠲ᠋ᠦᠶ᠋ᠺ ᠢ᠋ᠶ᠋ᠡᠨ ᠵᠡᠭᠦᠵᠦ ᠥᠨᠥᠬᠢ ᠬᠠᠳᠬᠤᠮᠠᠯ ᠡᠮᠵᠢᠶᠡᠷᠢ ᠲᠡᠢ ᠬᠠᠷ᠎ᠠ ᠲᠣᠷᠭᠠᠨ ᠲᠣᠭᠣᠷᠴᠣᠭ ᠢ᠋ᠶ᠋ᠠᠨ ᠴᠤ᠌ ᠡᠮᠦᠰᠴᠢᠬᠡᠭᠰᠡᠨ ᠢ᠋ ᠬᠠᠷᠠᠯ᠎ᠠ᠃ ᠪᠠᠭᠰᠢ ᠮᠢᠨᠢ ᠡᠨᠡ ᠬᠦ᠌ ᠳᠡᠪᠡᠯ ᠮᠠᠯᠠᠭᠠᠢ ᠪᠠᠨ ᠵᠥᠪᠬᠡᠨ ᠪᠠᠢᠴᠠᠭᠠᠭᠴᠢ ᠲᠦᠰᠢᠮᠡᠯ ᠢᠷᠡᠬᠦ ᠪᠤᠶᠤ ᠱᠠᠩᠨᠠᠯ ᠣᠯᠭᠣᠬᠤ ᠡᠳᠦᠷ ᠦ᠋ᠳ ᠲᠦ᠍ ᠯᠡ ᠡᠮᠦᠰᠳᠡᠭ ᠶᠦᠮ᠃ ᠡᠭᠦᠨ ᠢ᠋ᠶ᠋ᠡᠷ ᠴᠦ᠍ ᠦᠯᠦ ᠪᠠᠷᠠᠮ ᠡᠨᠡ ᠡᠳᠦᠷ ᠬᠢᠴᠢᠶᠡᠯ ᠦ᠋ᠨ ᠭᠡᠷ ᠶᠡᠷᠦ ᠪᠤᠰᠤ ᠶ᠋ᠢᠨ ᠲᠥᠪᠯᠡᠭᠦᠨ ᠪᠠᠢᠪᠠ᠃ ᠪᠢ ᠠᠷᠤ ᠲᠠᠯ᠎ᠠ ᠶ᠋ᠢᠨ ᠬᠡᠳᠦᠨ ᠮᠥᠷ ᠢᠯᠡᠭᠦᠦ ᠰᠠᠨᠳᠠᠯᠢ ᠳᠡᠭᠡᠷ᠎ᠡ ᠲᠣᠰᠬᠣᠨ ᠤ᠋ ᠬᠢᠨ ᠦ᠌ ᠨᠡᠯᠢᠶᠡᠳ ᠤᠯᠤᠰ ᠢᠷᠡᠵᠦ ᠪᠢᠳᠡᠨ ᠲᠡᠢ ᠠᠳᠠᠯᠢ ᠲᠣᠪ ᠳᠤᠭᠤᠢ ᠰᠠᠭᠤᠵᠠᠭᠠᠵᠤ ᠪᠠᠢᠭ᠎ᠠ ᠶ᠋ᠢ ᠦᠵᠡᠭᠡᠳ ᠮᠠᠰᠢ ᠶᠡᠬᠡ ᠭᠠᠢᠬᠠᠯ᠎ᠠ᠃ ᠡᠭᠦᠨ ᠳ᠋ᠦ᠍ ᠭᠤᠷᠪᠠᠯᠵᠢᠨ ᠮᠠᠯᠠᠭᠠᠢ ᠲᠠᠢ ᠡᠪᠦᠭᠡᠨ ᠬᠠᠤᠰᠦ᠋᠂ ᠤᠷᠢᠳᠤ ᠶ᠋ᠢᠨ ᠲᠣᠰᠬᠣᠨ ᠤ᠋ ᠳᠠᠷᠤᠭ᠎ᠠ᠂ ᠤᠷᠢᠳᠤ ᠶ᠋ᠢᠨ ᠰᠢᠤᠳᠠᠨ ᠤ᠋ ᠤᠯᠠᠭᠠᠴᠢ ᠵᠡᠷᠭᠡ ᠨᠡᠯᠢᠶᠡᠳ ᠬᠥᠮᠦᠰ ᠪᠠᠢᠯᠴᠠᠪᠠ᠃ ᠡᠳᠡ ᠴᠥᠮ ᠢ᠋ᠶ᠋ᠡᠷ ᠢ᠋ᠶ᠋ᠡᠨ ᠵᠣᠪᠠᠨᠢᠩᠭᠤᠢ ᠴᠢᠷᠠᠢ ᠲᠠᠢ ᠰᠠᠭᠤᠵᠠᠭᠠᠨ᠎ᠠ᠃ ᠬᠠᠤᠰᠦ᠋ ᠭᠤᠸᠠᠢ ᠡᠪᠦᠳᠦᠭ ᠳᠡᠭᠡᠷ᠎ᠡ ᠪᠡᠨ ᠡᠯᠡᠭᠳᠡᠵᠦ ᠬᠠᠭᠤᠴᠢᠷᠠᠭᠰᠠᠨ ᠠᠩᠬ᠎ᠠ ᠵᠡᠷᠭᠡ ᠶ᠋ᠢᠨ ᠰᠤᠷᠬᠤ ᠪᠢᠴᠢᠭ ᠳᠡᠯᠭᠡᠵᠦ ᠳᠡᠭᠡᠷ᠎ᠡ ᠨᠢ ᠪᠠᠰᠠ ᠥᠨᠥᠬᠢ ᠪᠥᠬᠡᠯᠢᠭ ᠲᠣᠮᠣ ᠭᠠᠯ ᠰᠢᠯ ᠢ᠋ᠶ᠋ᠡᠨ ᠲᠠᠯᠪᠢᠵᠠᠢ᠃
     ᠪᠢ ᠡᠳᠡᠭᠡᠷ ᠰᠣᠨᠢᠷᠬᠠᠯᠲᠠᠢ ᠪᠠᠢᠳᠠᠯ ᠢ᠋ ᠠᠵᠢᠭᠯᠠᠵᠤ ᠭᠠᠢᠬᠠᠨ ᠠᠲᠠᠯ᠎ᠠ ᠪᠠᠭᠰᠢ ᠬᠠᠮᠸᠯ ᠰᠠᠨᠳᠠᠯᠢ ᠳᠡᠭᠡᠷ᠎ᠡ ᠪᠡᠨ ᠰᠠᠭᠤᠭᠠᠳ ᠰᠠᠶᠢᠬᠠᠨ ᠨᠠᠳᠠ ᠶᠠᠷᠢᠭᠰᠠᠨ ᠲᠠᠢ ᠪᠠᠨ ᠠᠳᠠᠯᠢ ᠪᠢᠳᠡᠨ ᠤᠷᠤᠭᠤ ᠡᠶᠡᠯᠳᠡᠭ ᠲᠥᠪᠯᠡᠭᠦᠨ ᠢ᠋ᠶ᠋ᠡᠷ᠄
     《ᠬᠡᠦᠬᠡᠳ ᠦ᠋ᠳ ᠠ᠋! ᠡᠨᠡ ᠪᠣᠯ ᠪᠠᠭᠰᠢ ᠶ᠋ᠢᠨ ᠴᠢᠨᠢ ᠬᠠᠮᠤᠭ ᠤ᠋ᠨ ᠰᠡᠭᠦᠯᠴᠢ ᠶ᠋ᠢᠨ ᠨᠢᠭᠡ ᠬᠢᠴᠢᠶᠡᠯ᠂ ᠪᠧᠷᠯᠢᠨ ᠡᠴᠡ ᠨᠢᠭᠡᠨᠲᠡ ᠠᠯᠰᠠᠰ ᠬᠢᠭᠡᠳ ᠯᠤᠲ᠋ᠠᠷᠢᠨᠬᠢ ᠶ᠋ᠢᠨ ᠰᠤᠷᠭᠠᠭᠤᠯᠢ ᠨᠤᠭᠤᠳ ᠲᠤ᠌ ᠵᠥᠪᠬᠡᠨ ᠭᠧᠷᠮᠠᠨ ᠬᠡᠯᠡ ᠵᠢᠭᠠᠬᠤ ᠬᠡᠷᠡᠭᠲᠡᠢ ᠭᠡᠳᠡᠭ ᠲᠤᠰᠢᠶᠠᠯ ᠢᠷᠡᠵᠡᠢ᠃ ᠰᠢᠨ᠎ᠡ ᠪᠠᠭᠰᠢ ᠴᠢᠨᠢ ᠮᠠᠷᠭᠠᠰᠢ ᠢᠷᠡᠨ᠎ᠡ᠃ ᠡᠨᠡ ᠡᠳᠦᠷ ᠪᠣᠯ ᠹᠷᠠᠨᠼᠢ ᠬᠡᠯᠡᠨ ᠦ᠌ ᠲᠤᠬᠠᠢ ᠲᠠ ᠨᠠᠷ ᠤ᠋ᠨ ᠬᠠᠮᠤᠭ ᠤ᠋ᠨ ᠰᠡᠭᠦᠯᠴᠢ ᠶ᠋ᠢᠨ ᠬᠢᠴᠢᠶᠡᠯ ᠪᠣᠯᠬᠤ ᠲᠤᠯᠠ ᠢᠯᠡᠭᠦᠬᠡᠨ ᠠᠩᠬᠠᠷᠬᠤ ᠶ᠋ᠢ ᠬᠦᠰᠡᠶ᠎ᠡ》 ᠭᠡᠪᠡ᠃
ᠪᠠᠭᠰᠢ ᠶ᠋ᠢᠨ ᠢ᠋ᠶ᠋ᠡᠨ ᠡᠨᠡ ᠬᠡᠳᠦᠨ ᠦᠭᠡ ᠶ᠋ᠢ ᠰᠣᠨᠣᠰᠤᠭᠠᠳ ᠡᠯᠢᠭᠡ ᠵᠢᠷᠦᠬᠡ ᠮᠢᠨᠢ ᠰᠢᠮᠰᠢᠷᠡᠵᠦ ᠪᠢᠯᠡ᠃ ᠠ᠂ ᠵᠣᠯᠢᠭ ᠤ᠋ᠳ ᠤᠤᠬᠠᠢ! ᠲᠡᠷᠡ ᠲᠣᠰᠬᠣᠨ ᠤ᠋ ᠵᠠᠬᠢᠷᠭ᠎ᠠ ᠶ᠋ᠢᠨ ᠵᠠᠷᠯᠠᠯ ᠤ᠋ᠨ ᠰᠠᠮᠪᠠᠷ᠎ᠠ ᠳ᠋ᠤ᠌ ᠶᠠᠭᠤᠮ᠎ᠠ ᠨᠠᠭᠠᠵᠤ ᠪᠠᠢᠭᠰᠠᠨ ᠴᠢᠨᠢ ᠡᠨᠡ ᠤᠴᠢᠷ ᠶᠤᠮᠰᠠᠨᠵᠠᠢ᠃
     ᠮᠢᠨᠦ ᠬᠠᠮᠤᠭ ᠤ᠋ᠨ ᠰᠡᠭᠦᠯᠴᠢ ᠶ᠋ᠢᠨ ᠹᠷᠠᠨᠼᠢ ᠬᠡᠯᠡᠨ ᠦ᠌ ᠬᠢᠴᠢᠶᠡᠯ ᠠ᠋!
     ᠪᠢ ᠣᠳᠣᠬᠠᠨ᠂ ᠥᠭᠦᠯᠡᠪᠦᠷᠢ ᠨᠠᠢᠷᠠᠭᠤᠯᠵᠤ ᠪᠢᠴᠢᠵᠦ ᠴᠦ᠍ ᠴᠢᠳᠠᠭᠠᠳᠤᠢ ᠪᠠᠢᠬᠤ ᠳ᠋ᠤ᠌ ᠹᠷᠠᠨᠼᠢ ᠬᠡᠯᠡ ᠪᠡᠨ ᠳᠠᠬᠢᠨ ᠣᠯᠵᠤ ᠰᠤᠷᠬᠤ ᠦᠭᠡᠢ ᠨᠢ ᠠ᠋! ᠡᠭᠦᠨ ᠦ᠌ ᠤᠷᠢᠳ ᠪᠢ ᠬᠢᠴᠢᠶᠡᠯ ᠢ᠋ᠶ᠋ᠡᠨ ᠣᠷᠬᠢᠵᠤ ᠰᠢᠪᠠᠭᠤᠨ ᠤ᠋ ᠡᠭᠦᠷ ᠠᠭᠤᠳᠠᠯᠬᠤ᠂ ᠰᠡᠷ ᠭᠣᠣᠯ ᠤ᠋ᠨ ᠮᠥᠰᠥᠨ ᠳᠡᠭᠡᠷ᠎ᠡ ᠲᠡᠰᠢᠬᠦ ᠵᠡᠷᠭᠡ ᠪᠡᠷ ᠳᠠᠩᠴᠤ ᠤᠬᠠᠭᠠᠨ ᠦᠭᠡᠢ ᠰᠤᠷᠤᠯᠴᠠᠵᠤ ᠳᠠ ᠁ ᠶᠠᠭᠤᠲᠠᠢ ᠴᠤ᠌ ᠬᠠᠷᠠᠮᠰᠠᠯᠲᠠᠢ ᠠᠵᠢ! ᠡᠳᠡᠭᠡᠷ ᠬᠡᠯᠡ ᠵᠦᠢ᠂ ᠲᠡᠦᠬᠡ ᠵᠡᠷᠭᠡ ᠬᠢᠴᠢᠶᠡᠯ ᠦ᠋ᠳ ᠦ᠋ᠨ ᠰᠤᠷᠬᠤ ᠪᠢᠴᠢᠭ ᠨᠠᠳᠠ ᠥᠴᠥᠭᠡᠳᠦᠷᠬᠡᠨ ᠬᠦᠷᠲᠡᠯ᠎ᠡ ᠠᠪᠴᠤ ᠶᠠᠪᠤᠬᠤ ᠳ᠋ᠤ᠌ ᠬᠦᠨᠳᠦ ᠪᠥᠭᠡᠳ ᠰᠤᠷᠬᠤ ᠳ᠋ᠤ᠌ ᠲᠤᠩ ᠬᠡᠴᠡᠭᠦᠦ ᠰᠠᠨᠠᠭᠳᠠᠨ ᠠᠳᠠᠯᠠᠭᠳᠠᠵᠤ ᠪᠠᠢᠭᠰᠠᠨ ᠨᠢ ᠡᠳᠦᠭᠡ ᠬᠠᠷᠢᠨ ᠳᠣᠲᠣᠨᠣ ᠶ᠋ᠢᠨ ᠬᠠᠯᠠᠮᠵᠢᠲᠤ ᠰᠠᠢᠨ ᠨᠥᠬᠥᠷ ᠰᠢᠭ ᠪᠣᠯᠤᠭᠠᠳ ᠰᠠᠯᠵᠤ ᠶᠠᠳᠠᠮ᠎ᠠ ᠪᠣᠯᠴᠢᠬᠠᠯ᠎ᠠ᠃ ᠪᠠᠭᠰᠢ ᠮᠢᠨᠢ ᠴᠦ᠍ ᠪᠠᠰᠠ ᠨᠣᠮ ᠲᠠᠢ ᠮᠢᠨᠢ ᠠᠳᠠᠯᠢ ᠪᠠᠷ ᠢᠩᠭᠢᠵᠦ ᠰᠠᠨᠠᠭᠳᠠᠭᠠᠳ ᠶᠠᠪᠤᠴᠢᠬᠠᠯ᠎ᠠ᠃ ᠪᠠᠭᠰᠢ ᠮᠢᠨᠢ ᠪᠢᠳᠡᠨ ᠡᠴᠡ ᠪᠡᠨ ᠰᠠᠯᠤᠯ᠎ᠠ᠂ ᠳᠠᠬᠢᠨ ᠠᠭᠤᠯᠵᠠᠬᠤ ᠦᠭᠡᠢ ᠨᠢ ᠠ᠋! ᠡᠳᠡᠭᠡᠷ ᠪᠦᠬᠦᠨ ᠢ᠋ ᠪᠣᠳᠣᠬᠤ ᠳ᠋ᠤ᠌ ᠪᠠᠭᠰᠢ ᠶ᠋ᠢᠨ ᠮᠢᠨᠢ ᠨᠠᠮ᠎ᠠ ᠶ᠋ᠢ ᠶᠠᠯᠠᠲᠠᠨ ᠰᠢᠳᠬᠡᠬᠦ ᠲᠡᠮᠦᠷ ᠱᠤᠭᠤᠮ ᠢ᠋ᠶ᠋ᠠᠷ ᠢ᠋ᠶ᠋ᠠᠨ ᠵᠣᠳᠣᠳᠠᠭ ᠨᠢ ᠬᠦᠷᠲᠡᠯ᠎ᠡ ᠮᠠᠷᠲᠠᠭᠳᠠᠭᠰᠠᠨ ᠪᠠᠢᠯ᠎ᠠ᠃
     ᠳᠠᠩᠴᠤ ᠬᠥᠭᠡᠷᠦᠬᠦᠢ!
     ᠪᠠᠭᠰᠢ ᠮᠢᠨᠢ ᠡᠨᠡ ᠬᠦ᠌ ᠬᠠᠮᠤᠭ ᠤ᠋ᠨ ᠰᠡᠭᠦᠯᠴᠢ ᠶ᠋ᠢᠨ ᠬᠢᠴᠢᠶᠡᠯ ᠢ᠋ᠶ᠋ᠡᠨ ᠳᠤᠷᠠᠰᠬᠠᠨ ᠲᠡᠮᠳᠡᠭᠯᠡᠬᠦ ᠶ᠋ᠢᠨ ᠲᠤᠯᠠᠳᠠ ᠶᠣᠰᠣᠯᠠᠯ ᠤ᠋ᠨ ᠭᠣᠶᠣ ᠬᠤᠪᠴᠠᠰᠤ ᠪᠠᠨ ᠡᠮᠦᠰᠦᠭᠰᠡᠨ ᠶᠦᠮ ᠪᠠᠢᠵᠤ ᠯᠠ ᠳᠠ! ᠠᠷᠤ ᠲᠠᠯ᠎ᠠ ᠪᠠᠷ ᠰᠠᠭᠤᠵᠠᠭᠠᠵᠤ ᠪᠠᠢᠭᠰᠠᠨ ᠨᠠᠰᠤᠲᠠᠳ ᠤ᠋ᠨ ᠢᠷᠡᠭᠰᠡᠨ ᠰᠢᠯᠲᠠᠭᠠᠨ ᠢ᠋ ᠴᠦ᠍ ᠪᠢ ᠤᠬᠠᠵᠤ ᠮᠡᠳᠡᠯ᠎ᠡ᠃ ᠮᠥᠨ ᠲᠡᠳᠡ ᠠᠩᠬᠠᠨ ᠳ᠋ᠤ᠌ ᠪᠠᠨ ᠰᠤᠷᠭᠠᠭᠤᠯᠢ ᠳ᠋ᠤ᠌ ᠳᠡᠮᠡᠢ ᠢᠷᠡᠳᠡᠭ ᠦᠭᠡᠢ ᠳ᠋ᠦ᠍ ᠪᠡᠨ ᠬᠠᠷᠠᠮᠰᠠᠨ ᠭᠤᠲᠤᠷᠠᠵᠤ ᠪᠠᠢᠭ᠎ᠠ ᠶᠤᠮ ᠰᠢᠭ᠋ ᠰᠠᠨᠠᠭᠳᠠᠯ᠎ᠠ᠃ ᠲᠡᠳᠡ ᠮᠠᠨ ᠤ᠋ ᠪᠠᠭᠰᠢ ᠶ᠋ᠢᠨ ᠳᠥᠴᠢᠭᠡᠳ ᠵᠢᠯ ᠢᠩᠭᠢᠵᠦ ᠦᠨᠡᠨᠴᠢ ᠪᠡᠷ ᠠᠵᠢᠯᠯᠠᠭᠰᠠᠨ ᠶᠠᠪᠤᠳᠠᠯ ᠳ᠋ᠤ᠌ ᠲᠠᠯᠠᠷᠬᠠᠵᠤ ᠪᠠᠢᠭ᠎ᠠ ᠪᠠᠨ᠂ ᠪᠤᠰᠤᠳ ᠤ᠋ᠨ ᠭᠠᠷ ᠲᠤ᠌ ᠣᠷᠣᠬᠤ ᠭᠡᠵᠦ ᠪᠠᠢᠭ᠎ᠠ ᠡᠬᠡ ᠣᠷᠣᠨ ᠤ᠋ ᠪᠠᠨ ᠨᠤᠲᠤᠭ ᠤᠰᠤᠨ ᠳ᠋ᠤ᠌ ᠬᠠᠢᠷ᠎ᠠ ᠬᠦᠨᠳᠦᠳᠬᠡᠯ ᠲᠡᠢ ᠪᠠᠢᠭ᠎ᠠ ᠪᠠᠨ ᠢᠯᠡᠷᠬᠡᠢᠯᠡᠵᠦ ᠪᠠᠢᠭ᠎ᠠ ᠨᠢ ᠲᠣᠳᠣᠬᠠᠨ ᠪᠠᠢᠯ᠎ᠠ᠃
     ᠪᠢ ᠡᠳᠡᠭᠡᠷ ᠢ᠋ ᠪᠣᠳᠣᠵᠤ ᠰᠠᠭᠤᠲᠠᠯ᠎ᠠ ᠪᠠᠭᠰᠢ ᠭᠡᠨᠡᠳᠲᠡ ᠮᠢᠨᠦ ᠨᠡᠷ᠎ᠡ ᠶ᠋ᠢ ᠳᠠᠭᠤᠳᠠᠬᠤ ᠨᠢ ᠰᠣᠨᠣᠰᠳᠠᠪᠠ᠃ ᠨᠣᠮ ᠢ᠋ᠶ᠋ᠠᠨ ᠴᠡᠭᠡᠵᠢ ᠪᠡᠷ ᠤᠩᠰᠢᠬᠤ ᠮᠢᠨᠦ ᠡᠭᠡᠯᠵᠢ ᠪᠣᠯᠤᠭᠰᠠᠨ ᠶᠤᠮ ᠰᠠᠨᠵᠠᠢ᠃ ᠠᠢ ᠪᠣᠭᠳᠠ ᠮᠢᠨᠢ! ᠪᠢ ᠬᠡᠷᠪᠡ ᠡᠨᠡ ᠮᠡᠲᠦ ᠶ᠋ᠢᠨ ᠰᠤᠷᠬᠤ ᠳ᠋ᠤ᠌ ᠬᠡᠴᠡᠭᠦᠦ ᠭᠡᠵᠦ ᠣᠯᠠᠨ ᠳ᠋ᠤ᠌ ᠠᠯᠳᠠᠷᠰᠢᠭᠰᠠᠨ᠂ ᠦᠢᠯᠡ ᠦᠭᠡ ᠶ᠋ᠢᠨ ᠬᠤᠪᠢᠯᠤᠯ ᠤ᠋ᠨ ᠬᠡᠷᠡᠭᠯᠡᠬᠦ ᠵᠢᠱ᠌ᠢᠶ᠎ᠡ ᠨᠦ᠍ᠭᠦᠳ ᠢ᠋ ᠡᠬᠢᠨ ᠡᠴᠡ ᠨᠢ ᠠᠳᠠᠭ ᠲᠤ᠌ ᠨᠢ ᠬᠦᠷᠲᠡᠯ᠎ᠡ ᠨᠢᠭᠡᠳ ᠨᠢᠭᠡ ᠦᠭᠡᠢ ᠢᠷᠠᠭᠤ ᠲᠣᠳᠣ᠂ ᠥᠴᠦᠬᠡᠨ ᠴᠦ᠍ ᠠᠯᠳᠠᠭ᠎ᠠ ᠮᠠᠳᠠᠭ ᠦᠭᠡᠢ ᠶᠠᠷᠢᠭᠠᠳ ᠴᠢᠳᠠᠴᠢᠬᠠᠪᠠᠯ ᠶᠠᠮᠠᠷ ᠥᠷᠲᠡᠭ ᠭᠠᠷᠭᠠᠭᠰᠠᠨ ᠴᠤ᠌ ᠪᠢ ᠪᠦᠷ ᠳᠤᠷᠠᠲᠠᠢ᠃ ᠭᠡᠲᠡᠯ᠎ᠡ ᠪᠢ ᠲᠡᠭᠦᠨ ᠦ᠌ ᠡᠬᠢᠨ ᠦ᠌ ᠬᠢᠨᠢ ᠬᠡᠳᠦᠨ ᠦᠭᠡ ᠦᠰᠦᠭ ᠳᠡᠭᠡᠷ᠎ᠡ ᠣᠴᠢᠭᠠᠳ ᠪᠠᠯᠠᠷᠠᠵᠤ ᠡᠬᠢᠯᠡᠭᠰᠡᠨ ᠲᠤᠯᠠ ᠳᠣᠲᠣᠷ᠎ᠠ ᠮᠢᠨᠢ ᠶᠠᠭᠠᠬᠢᠯ᠎ᠠ ᠳᠠ ᠭᠡᠮᠡᠷ ᠲᠤᠩ ᠡᠪ ᠬᠠᠪᠤ ᠦᠭᠡᠢ ᠰᠠᠨᠠᠭᠳᠠᠨ ᠲᠣᠯᠣᠭᠠᠢ ᠪᠠᠨ ᠴᠤ᠌ ᠡᠷᠭᠦᠵᠦ ᠴᠢᠳᠠᠬᠤ ᠦᠭᠡᠢ ᠬᠤᠯᠮᠠᠯᠵᠠᠨ ᠵᠣᠭᠰᠣᠵᠤ ᠪᠠᠢᠲᠠᠯ᠎ᠠ ᠪᠠᠭᠰᠢ ᠨᠠᠳᠠ ᠤᠷᠤᠭᠤ ᠬᠠᠷᠠᠭᠠᠳ᠄
     《ᠪᠢᠴᠢᠬᠠᠨ ᠹᠷᠠᠩᠱ ᠮᠢᠨᠢ᠂ ᠪᠠᠭᠰᠢ ᠨᠢ ᠴᠢᠮ᠎ᠠ ᠶ᠋ᠢ ᠵᠢᠮᠡᠯᠡᠬᠦ ᠦᠭᠡᠢ᠂ ᠴᠢ ᠥᠪᠡᠷ ᠢ᠋ᠶ᠋ᠡᠨ ᠰᠦᠷᠡᠬᠡᠢ ᠭᠡᠮᠰᠢᠵᠦ ᠪᠠᠢᠭ᠎ᠠ ᠪᠣᠯᠤᠯᠲᠠᠢ᠃ ᠡᠢᠮᠦ ᠯᠡ ᠪᠠᠢᠬᠤ ᠶᠣᠰᠣᠲᠠᠢ ᠳᠠ! ᠲᠠ ᠨᠠᠷ ᠦᠷᠭᠦᠯᠵᠢ ᠯᠡ᠄ 〈 ᠵᠠ! ᠪᠣᠯᠢᠶ᠎ᠠ᠂ ᠴᠠᠭ ᠭᠡᠭᠴᠢ ᠪᠠᠢᠬᠤ ᠯᠠ᠂ ᠮᠠᠷᠭᠠᠰᠢ ᠰᠤᠷᠤᠭᠰᠠᠨ ᠴᠤ᠌ ᠣᠷᠣᠢᠲᠠᠬᠤ ᠶᠤᠮ ᠪᠢᠰᠢ〉 ᠭᠡᠵᠡᠭᠡᠳᠡᠭ ᠪᠢᠯᠡ ᠤᠤ᠃ ᠣᠳᠣ ᠪᠢᠳᠡᠨ ᠦ᠌ ᠡᠴᠦᠰ ᠦ᠋ᠨ ᠦᠷ᠎ᠡ ᠳ᠋ᠦᠩ ᠢ᠋ᠶ᠋ᠡᠨ ᠦᠵᠡᠬᠦ ᠦᠭᠡᠢ ᠤᠤ᠃ ᠠ᠋ ᠳᠠ᠂ ᠲᠠ ᠨᠠᠷ ᠮᠢᠨᠢ! ᠰᠤᠷᠤᠯᠭ᠎ᠠ ᠪᠠᠨ ᠦᠷᠭᠦᠯᠵᠢ ᠬᠣᠢᠰᠢ ᠪᠠᠨ ᠲᠦᠯᠬᠢᠭᠡᠳ ᠪᠠᠢᠳᠠᠭ ᠨᠢ ᠠᠯᠰᠠᠰ ᠬᠥᠮᠦᠨ ᠳ᠋ᠦ᠍ ᠪᠠᠢᠵᠤ ᠪᠣᠯᠣᠰᠢ ᠦᠭᠡᠢ ᠬᠠᠮᠤᠭ ᠤ᠋ᠨ ᠵᠣᠯ ᠪᠤᠰᠤ ᠶᠠᠪᠤᠳᠠᠯ ᠶᠤᠮ᠃ ᠬᠡᠦᠬᠡᠳ ᠦ᠋ᠳ ᠠ᠋! ᠣᠳᠣ ᠲᠡᠷᠡ ᠮᠣᠨᠳᠢ ᠨᠤᠭᠤᠳ᠄ 〈 ᠶᠠᠮᠠᠷ ᠪᠣᠢ? ᠲᠠ ᠨᠠᠷ ᠥᠪᠡᠷ ᠦ᠋ᠨ ᠢ᠋ᠶ᠋ᠡᠨ ᠦᠭᠡ ᠬᠡᠯᠡ ᠶ᠋ᠢ ᠴᠦ᠍ ᠮᠡᠳᠡᠬᠦ ᠦᠭᠡᠢ᠂ ᠪᠢᠴᠢᠵᠦ ᠴᠦ᠍ ᠴᠢᠳᠠᠬᠤ ᠦᠭᠡᠢ ᠁ ᠪᠠᠢᠵᠤ ᠪᠡᠶ᠎ᠡ ᠪᠡᠨ ᠶᠠᠭᠠᠬᠢᠵᠤ ᠹᠷᠠᠨᠼᠢ ᠬᠥᠮᠦᠨ ᠭᠡᠬᠦ ᠪᠣᠢ ᠳᠠ〉 ᠭᠡᠵᠦ ᠠᠮᠠ ᠶ᠋ᠢ ᠴᠢᠨᠢ ᠠᠪᠬᠤ ᠰᠢᠯᠲᠠᠭ ᠲᠠᠢ ᠪᠣᠯᠵᠤ ᠳᠠ᠃ ᠭᠡᠪᠡᠴᠦ ᠬᠥᠭᠡᠷᠦᠬᠦᠢ ᠵᠠᠢᠯᠠᠭᠤᠯ᠂ ᠪᠢᠴᠢᠬᠠᠨ ᠹᠷᠠᠩᠱ ᠮᠢᠨᠢ᠂ ᠭᠠᠭᠴᠠ ᠴᠢᠨᠦ ᠪᠤᠷᠤᠭᠤ ᠴᠤ᠌ ᠪᠢᠰᠢ ᠳᠡ᠂ ᠪᠢᠳᠡ ᠪᠦᠭᠦᠳᠡᠭᠡᠷ ᠢ᠋ᠶ᠋ᠡᠨ ᠨᠡᠯᠢᠶᠡᠳ ᠵᠦᠢᠯ ᠳᠡᠭᠡᠷ᠎ᠡ ᠪᠡᠶ᠎ᠡ ᠪᠡᠨ ᠪᠤᠷᠤᠭᠤᠰᠢᠶᠠᠬᠤ ᠬᠡᠷᠡᠭᠲᠡᠢ ᠶᠦᠮ》 ᠭᠡᠳ ᠴᠢᠨᠠᠭᠰᠢ ᠦᠷᠭᠦᠯᠵᠢᠯᠡᠨ᠄ 《ᠡᠴᠢᠭᠡ ᠡᠬᠡ ᠴᠢᠨᠢ ᠲᠠ ᠨᠠᠷ ᠤ᠋ᠨ ᠰᠤᠷᠤᠯᠭ᠎ᠠ ᠶ᠋ᠢ ᠶᠡᠷᠦ ᠨᠢ ᠬᠠᠢᠬᠤᠷᠬᠤ ᠦᠭᠡᠢ᠂ ᠪᠠᠭ᠎ᠠ ᠰᠠᠭ᠎ᠠ ᠮᠥᠩᠭᠥ ᠵᠣᠭᠣᠰ ᠣᠯᠬᠤ ᠶ᠋ᠢᠨ ᠲᠥᠯᠥᠭᠡ ᠲᠠᠷᠢᠶᠠᠨ ᠳᠡᠭᠡᠷ᠎ᠡ ᠶᠠᠪᠤᠭᠤᠯᠬᠤ ᠪᠤᠶᠤ ᠨᠡᠬᠡᠮᠡᠯ ᠦ᠋ᠨ ᠦᠢᠯᠡᠳᠪᠦᠷᠢ ᠳ᠋ᠦ᠍ ᠣᠷᠣᠭᠤᠯᠵᠤ ᠠᠵᠢᠯ ᠬᠢᠯᠭᠡᠳᠡᠭ ᠪᠢᠯᠡ ᠤᠤ? ᠲᠡᠭᠡᠪᠡᠯ ᠨᠠᠳᠠ ᠳ᠋ᠤ᠌ ᠪᠠᠰᠠ ᠪᠡᠶ᠎ᠡ ᠪᠡᠨ ᠵᠢᠮᠡᠯᠡᠬᠦ ᠶᠠᠪᠤᠳᠠᠯ ᠣᠭᠲᠣ ᠦᠭᠡᠢ ᠤᠤ? ᠭᠡᠪᠡᠯ ᠪᠠᠢᠨ᠎ᠠ᠃ ᠵᠥᠩᠳᠡᠭᠡᠨ ᠪᠠᠢᠨ᠎ᠠ᠂ ᠪᠠᠢᠨ ᠪᠠᠢᠨ ᠬᠢᠴᠢᠶᠡᠯ ᠢ᠋ ᠴᠢᠨᠢ ᠲᠠᠰᠤᠯᠳᠠᠭᠤᠯᠵᠤ ᠴᠡᠴᠡᠭ ᠢ᠋ᠶ᠋ᠡᠨ ᠤᠰᠤᠯᠠᠭᠤᠯᠳᠠᠭ᠂ ᠵᠢᠭᠠᠰᠤᠨ ᠳ᠋ᠤ᠌ ᠶᠠᠪᠤᠨ᠎ᠠ ᠭᠡᠪᠡᠯ ᠡᠳᠦᠷᠵᠢᠨ ᠴᠢᠯᠥᠭᠡ ᠲᠠᠯᠪᠢᠵᠤ ᠲᠠ ᠨᠠᠷ ᠢ᠋ᠶ᠋ᠠᠨ ᠵᠦᠭᠡᠷ ᠰᠠᠭᠤᠯᠭᠠᠳᠠᠭ ᠪᠢᠰᠢ ᠤᠤ? 》 ᠭᠡᠪᠡ᠃
     ᠲᠡᠭᠡᠭᠡᠳ ᠪᠠᠭᠰᠢ ᠮᠢᠨᠢ ᠡᠨᠡ ᠲᠡᠷᠡ ᠶ᠋ᠢ ᠶᠠᠷᠢᠭᠰᠠᠭᠠᠷ ᠪᠠᠢᠭᠠᠳ ᠹᠷᠠᠨᠼᠢ ᠬᠡᠯᠡᠨ ᠦ᠌ ᠲᠤᠬᠠᠢ ᠶᠠᠷᠢᠵᠤ ᠡᠬᠢᠯᠡᠪᠡ᠃ 《ᠹᠷᠠᠨᠼᠢ ᠬᠡᠯᠡ ᠪᠣᠯ ᠳᠡᠯᠡᠬᠡᠢ ᠳᠡᠭᠡᠷ᠎ᠡ ᠬᠠᠮᠤᠭ ᠤ᠋ᠨ ᠢᠷᠠᠭᠤ ᠰᠠᠢᠬᠠᠨ ᠬᠡᠯᠡ ᠪᠥᠭᠡᠳ ᠲᠣᠪᠴᠢ ᠲᠣᠳᠣᠷᠬᠠᠢ ᠬᠡᠯᠡ ᠶᠦᠮ᠃ ᠪᠢᠳᠡ ᠡᠭᠦᠨ ᠢ᠋ ᠪᠡᠨ ᠮᠠᠷᠲᠠᠯ ᠦᠭᠡᠢ ᠴᠡᠭᠡᠵᠢᠯᠡᠵᠦ ᠶᠠᠪᠤᠪᠠᠯ ᠵᠣᠬᠢᠨ᠎ᠠ᠃ ᠲᠥᠷᠥ ᠤᠯᠤᠰ ᠨᠢ ᠮᠥᠬᠥᠭᠡᠳ ᠪᠤᠰᠤᠳ ᠲᠤ᠌ ᠪᠣᠭᠣᠯᠴᠢᠯᠠᠭᠳᠠᠭᠰᠠᠨ ᠠᠷᠠᠳ ᠲᠦᠮᠡᠨ ᠬᠡᠷᠪᠡ ᠲᠥᠷᠥᠯᠬᠢ ᠦᠭᠡ ᠬᠡᠯᠡ ᠪᠡᠨ ᠮᠠᠷᠲᠠᠭᠠᠳᠤᠢ ᠪᠠᠲᠤ ᠴᠡᠭᠡᠵᠢᠯᠡᠵᠦ ᠪᠠᠢᠭ᠎ᠠ ᠴᠠᠭ ᠲᠤ᠌ ᠱᠣᠷᠣᠩ ᠤ᠋ᠨ ᠡᠭᠦᠳᠡᠨ ᠦ᠌ ᠲᠦᠯᠬᠢᠭᠦᠷ ᠢ᠋ ᠠᠳᠬᠤᠵᠤ ᠪᠠᠢᠭ᠎ᠠ ᠲᠠᠢ ᠠᠳᠠᠯᠢ ᠶᠤᠮ ᠰᠢᠦ》 ᠭᠡᠳ ᠴᠢᠨᠠᠭᠰᠢ ᠨᠢ ᠬᠡᠯᠡᠨ ᠦ᠌ ᠵᠦᠢ ᠪᠡᠨ ᠵᠢᠭᠠᠯ᠎ᠠ᠃ ᠶᠠᠭᠠᠬᠢᠭᠰᠠᠨ ᠵᠢᠭᠲᠡᠢᠬᠡᠨ ᠶᠦᠮ ᠪᠣᠢ! ᠪᠢ ᠡᠨᠡ ᠡᠳᠦᠷ ᠦ᠋ᠨ ᠵᠢᠭᠠᠭᠰᠠᠨ ᠢ᠋ ᠠᠯᠳᠠᠯ ᠦᠭᠡᠢ ᠰᠠᠢᠬᠠᠨ ᠤᠢᠯᠠᠭᠠᠴᠢᠬᠠᠯ᠎ᠠ! ᠡᠨᠡ ᠡᠳᠦᠷ ᠦ᠋ᠨ ᠵᠢᠭᠠᠭᠰᠠᠨ ᠨᠢ ᠬᠢᠯᠪᠠᠷᠬᠠᠨ ᠴᠤ᠌ ᠶᠤᠮ ᠰᠢᠭ᠋᠃ ᠪᠢ ᠶᠡᠷᠦ ᠨᠢ ᠬᠢᠴᠢᠶᠡᠯ ᠢ᠋ ᠢᠩᠭᠢᠵᠦ ᠠᠩᠬᠠᠷᠤᠯᠲᠠᠢ ᠰᠣᠨᠣᠰᠳᠠᠭ ᠦᠭᠡᠢ ᠰᠠᠨ᠃ ᠪᠠᠭᠰᠢ ᠮᠢᠨᠢ ᠴᠦ᠍ ᠶᠡᠷᠦ ᠨᠢ ᠢᠩᠭᠢᠵᠦ ᠲᠣᠳᠣ ᠰᠠᠢᠬᠠᠨ ᠵᠢᠭᠠᠳᠠᠭ ᠦᠭᠡᠢ ᠰᠢᠭ ᠰᠠᠨᠠᠭᠳᠠᠭᠰᠠᠨ ᠪᠢᠯᠡ᠃ ᠬᠠᠢᠷᠠᠲᠤ ᠪᠠᠭᠰᠢ ᠮᠢᠨᠢ ᠬᠥᠭᠡᠷᠦᠬᠦᠢ᠂ ᠪᠢᠳᠡᠨ ᠡᠴᠡ ᠪᠡᠨ ᠰᠠᠯᠬᠤ ᠶ᠋ᠢᠨ ᠤᠷᠢᠳ ᠥᠪᠡᠷ ᠦ᠋ᠨ ᠢ᠋ᠶ᠋ᠡᠨ ᠪᠣᠢ ᠪᠦᠬᠦᠢ ᠮᠡᠳᠡᠯᠭᠡ ᠪᠡᠨ ᠴᠥᠮ ᠢ᠋ ᠨᠢ ᠵᠢᠭᠠᠵᠤ ᠦᠯᠦ ᠴᠢᠳᠠᠬᠤ ᠳ᠋ᠤ᠌ ᠪᠠᠨ ᠭᠤᠲᠤᠷᠠᠵᠤ ᠪᠠᠢᠭ᠎ᠠ ᠪᠣᠯᠤᠯᠲᠠᠢ᠃
     ᠬᠡᠯᠡᠨ ᠦ᠌ ᠵᠦᠢ ᠶ᠋ᠢᠨ ᠬᠢᠴᠢᠶᠡᠯ ᠦ᠋ᠨ ᠳᠠᠷᠠᠭ᠎ᠠ ᠪᠢᠳᠡᠨ ᠳ᠋ᠦ᠍ ᠪᠠᠰᠠ ᠴᠡᠪᠡᠷ ᠪᠢᠴᠢᠯᠭᠡ ᠶ᠋ᠢᠨ ᠬᠢᠴᠢᠶᠡᠯ ᠬᠢᠪᠡ᠃ ᠮᠥᠨ ᠡᠨᠡ ᠬᠢᠴᠢᠶᠡᠯ ᠳᠡᠭᠡᠷ᠎ᠡ ᠪᠠᠭᠰᠢ ᠪᠢᠳᠡᠨ ᠳ᠋ᠦ᠍ ᠦᠰᠦᠭ ᠪᠢᠴᠢᠯᠭᠡ ᠶ᠋ᠢᠨ ᠰᠢᠨ᠎ᠡ ᠰᠤᠷᠬᠤ ᠪᠢᠴᠢᠭ ᠲᠦᠭᠡᠭᠡᠵᠦ ᠥᠭᠪᠡ᠃ ᠲᠡᠷᠡ ᠬᠦ᠌ ᠰᠤᠷᠬᠤ ᠪᠢᠴᠢᠭ ᠲᠦ᠍ 《ᠹᠷᠠᠨᠼᠢ》᠂ 《ᠠᠯᠰᠠᠰ 》᠂ 《ᠹᠷᠠᠨᠼᠢ》᠂ 《ᠠᠯᠰᠠᠰ》 ᠭᠡᠰᠡᠨ ᠲᠥᠭᠥᠷᠢᠭ ᠭᠣᠶᠣᠬᠠᠨ ᠦᠰᠦᠭ ᠦ᠋ᠳ ᠪᠢᠴᠢᠭᠡᠰᠦᠲᠡᠢ ᠪᠠᠢᠯ᠎ᠠ᠃ ᠡᠳᠡᠭᠡᠷ ᠰᠤᠷᠬᠤ ᠪᠢᠴᠢᠭ ᠦ᠋ᠳ ᠢ᠋ ᠪᠢᠳᠡᠨ ᠦ᠌ ᠪᠢᠴᠢᠭ ᠦ᠋ᠨ ᠰᠢᠷᠡᠭᠡᠨ ᠦ᠌ ᠬᠥᠨᠳᠡᠯᠡᠨ ᠲᠡᠮᠦᠷ ᠳᠣᠲᠣᠷ᠎ᠠ ᠳᠠᠷᠤᠵᠤ ᠲᠠᠯᠪᠢᠭᠰᠠᠨ ᠨᠢ ᠶᠠᠭ ᠯᠠ ᠵᠢᠵᠢᠭ ᠳᠠᠯᠪᠠᠭ᠎ᠠ ᠨᠤᠭᠤᠳ ᠢ᠋ ᠬᠢᠴᠢᠶᠡᠯ ᠦ᠋ᠨ ᠭᠡᠷ ᠲᠦ᠍ ᠨᠠᠮᠢᠷᠠᠭᠤᠯᠤᠨ ᠬᠠᠳᠬᠤᠭᠰᠠᠨ ᠶᠤᠮ ᠰᠢᠭ᠋ ᠬᠠᠷᠠᠭᠳᠠᠨ᠎ᠠ᠃ ᠮᠠᠨ ᠤ᠋ ᠬᠢᠨ ᠦ᠌ ᠬᠥᠮᠦᠨ ᠪᠦᠬᠦᠨ ᠰᠡᠳᠬᠢᠯ ᠲᠠᠯᠪᠢᠵᠤ ᠮᠠᠰᠢ ᠠᠩᠬᠠᠷᠤᠯᠲᠠᠢ ᠬᠢᠴᠢᠶᠡᠯᠯᠡᠵᠦ ᠪᠠᠢᠭ᠎ᠠ ᠠ᠋ᠴᠠ ᠠᠩᠭᠢ ᠳ᠋ᠤ᠌ ᠴᠠᠭᠠᠰᠤ ᠱᠠᠷᠴᠢᠭᠢᠨᠠᠬᠤ ᠠ᠋ᠴᠠ ᠥᠭᠡᠷ᠎ᠡ ᠴᠢᠮᠡᠭᠡ ᠠᠨᠢᠷ ᠣᠭᠲᠣ ᠦᠭᠡᠢ ᠪᠠᠢᠪᠠ᠃ ᠡᠨᠡ ᠦᠶ᠎ᠡ ᠳ᠋ᠦ᠍ ᠪᠠᠬᠠᠨ ᠠᠯᠲᠠᠨ ᠴᠣᠬᠣ ᠨᠢᠰᠦᠨ ᠣᠷᠣᠵᠤ ᠢᠷᠡᠭᠰᠡᠨ ᠪᠣᠯᠪᠠᠴᠤ ᠲᠡᠭᠦᠨ ᠳ᠋ᠦ᠍ ᠠᠩᠬᠠᠷᠤᠯ ᠲᠠᠲᠠᠭᠳᠠᠬᠤ ᠬᠥᠮᠦᠨ ᠦᠭᠡᠢ ᠪᠠᠢᠯ᠎ᠠ᠃ ᠬᠠᠮᠤᠭ ᠤ᠋ᠨ ᠵᠢᠭᠠᠬᠠᠨ ᠬᠡᠦᠬᠡᠳ ᠦ᠋ᠳ ᠬᠦᠷᠲᠡᠯ᠎ᠡ ᠰᠡᠳᠬᠢᠯ ᠠᠯᠭᠠᠰᠠᠬᠤ ᠦᠭᠡᠢ ᠪᠡᠷ ᠳᠡᠪᠲᠡᠷ ᠲᠦ᠍ ᠪᠡᠨ ᠲᠠᠰᠢᠭᠤ ᠵᠢᠷᠤᠭᠠᠰᠤ ᠨᠤᠭᠤᠳ ᠢ᠋ ᠹᠷᠠᠨᠼᠢ ᠦᠰᠦᠭ ᠢ᠋ᠶ᠋ᠡᠨ ᠰᠢᠭ ᠬᠦᠨᠳᠦᠳᠬᠡᠵᠦ ᠰᠢᠮᠳᠠᠨ ᠱᠣᠭᠣᠮᠲᠠᠵᠠᠭᠠᠵᠦ ᠪᠠᠢᠯ᠎ᠠ᠃ ᠪᠠᠢᠰᠢᠩ ᠤ᠋ᠨ ᠣᠷᠣᠢ ᠪᠠᠷ ᠪᠠᠢᠭ᠎ᠠ ᠲᠠᠭᠲᠠᠭ᠎ᠠ ᠨᠤᠭᠤᠳ ᠤ᠋ᠨ ᠭᠦᠭᠦᠭᠯᠡᠨ ᠳᠤᠤᠭᠠᠷᠴᠠᠭᠠᠬᠤ ᠶ᠋ᠢ ᠰᠣᠨᠣᠰᠤᠭᠠᠳ ᠪᠢ 《ᠲᠡᠳᠡ᠂ ᠲᠠᠭᠲᠠᠭ᠎ᠠ ᠶ᠋ᠢ ᠪᠠᠰᠠ ᠻᠸᠷᠮᠠᠨ ᠬᠡᠯᠡ ᠪᠡᠷ ᠠᠯᠪᠠᠲᠠᠨ ᠳᠤᠤᠭᠠᠷᠭᠠᠬᠤ ᠶᠤᠮ ᠪᠣᠯᠪᠠ ᠤᠤ ? ᠁ ᠁》 ᠭᠡᠵᠦ ᠪᠣᠳᠣᠯ᠎ᠠ᠃
     ᠪᠢ ᠬᠠᠷᠠᠬᠤ ᠪᠦᠷᠢ ᠳ᠋ᠦ᠍ ᠯᠡ ᠪᠠᠭᠰᠢ ᠮᠢᠨᠢ ᠰᠠᠨᠳᠠᠯᠢ ᠳᠡᠭᠡᠷ᠎ᠡ ᠪᠡᠨ ᠬᠥᠳᠡᠯᠦᠯ ᠦᠭᠡᠢ ᠰᠠᠭᠤᠵᠤ ᠡᠨᠡ ᠵᠢᠵᠢᠭᠬᠡᠨ ᠲᠠᠰᠤᠯᠭᠠᠨ ᠤ᠋ ᠠᠯᠢᠪᠠ ᠶ᠋ᠢ ᠨᠢᠳᠦᠨ ᠳ᠋ᠦ᠍ ᠪᠡᠨ ᠰᠢᠩᠭᠡᠭᠡᠵᠦ ᠠᠪᠤᠭᠠᠳ ᠶᠠᠪᠤᠬᠤ ᠭᠡᠵᠦ ᠪᠠᠢᠭ᠎ᠠ ᠶᠤᠮ ᠰᠢᠭ᠋ ᠡᠷᠭᠢᠨ ᠲᠣᠭᠣᠷᠢᠨ ᠢ᠋ ᠰᠢᠨᠵᠢᠨ ᠰᠢᠷᠲᠡᠵᠦ ᠪᠠᠢᠯ᠎ᠠ᠃ ᠪᠣᠳᠣᠬᠤ ᠳ᠋ᠤ᠌ ᠮᠠᠨ ᠤ᠋ ᠪᠠᠭᠰᠢ ᠳᠥᠴᠢᠨ ᠵᠢᠯ ᠦ᠋ᠨ ᠲᠤᠷᠰᠢ ᠡᠨᠳᠡ ᠡᠴᠡ ᠰᠠᠯᠤᠭᠠᠳᠤᠢ ᠪᠠᠷ ᠦᠯᠦ ᠪᠠᠷᠠᠮ ᠴᠣᠩᠬᠣᠨ ᠤ᠋ ᠬᠠᠵᠠᠭᠤᠬᠠᠨ ᠳ᠋ᠤ᠌ ᠲᠡᠭᠦᠨ ᠦ᠌ ᠵᠢᠵᠢᠭᠬᠡᠨ ᠬᠠᠰᠢᠶ᠎ᠠ ᠨᠢ ᠪᠠᠢᠨ᠎ᠠ᠂ ᠡᠮᠦᠨ᠎ᠡ ᠨᠢ ᠰᠤᠷᠤᠭᠴᠢᠳ ᠰᠠᠭᠤᠵᠠᠭᠠᠨ᠎ᠠ᠂ ᠮᠥᠨ ᠤᠳᠠᠭᠠᠨ ᠵᠢᠯ ᠢ᠋ᠶ᠋ᠡᠷ ᠬᠡᠷᠡᠭᠯᠡᠭᠰᠡᠨ ᠰᠢᠷᠡᠭᠡ ᠰᠠᠨᠳᠠᠯᠢ ᠨᠤᠭᠤᠳ ᠤ᠋ᠨ ᠡᠯᠡᠭᠳᠡᠬᠦ ᠨᠢ ᠡᠯᠡᠭᠳᠡᠵᠦ᠂ ᠡᠪᠳᠡᠷᠡᠬᠦ ᠨᠢ ᠡᠪᠳᠡᠷᠡᠭᠡᠳ ᠪᠠᠢᠭ᠎ᠠ ᠨᠢ ᠬᠠᠷᠠᠭᠳᠠᠨ᠎ᠠ᠃ ᠬᠠᠰᠢᠶᠠᠨ ᠤ᠋ ᠬᠤᠰᠢᠭ᠎ᠠ ᠶ᠋ᠢᠨ ᠮᠣᠳᠣ ᠥᠨᠳᠥᠷ ᠲᠣᠮᠣ ᠪᠣᠯᠵᠠᠢ᠃ ᠥᠪᠡᠷ ᠦ᠋ᠨ ᠬᠢᠨᠢ ᠭᠠᠷ ᠢ᠋ᠶ᠋ᠠᠷ ᠲᠠᠷᠢᠭᠰᠠᠨ ᠣᠷᠢᠶᠠᠩᠭᠤ ᠨᠢ ᠡᠳᠦᠭᠡ ᠴᠣᠩᠬᠣ ᠶ᠋ᠢ ᠣᠷᠢᠶᠠᠵᠤ ᠪᠠᠢᠰᠢᠩ ᠤ᠋ᠨ ᠣᠷᠣᠢ ᠳ᠋ᠤ᠌ ᠬᠦᠷᠪᠡ᠃ ᠬᠥᠭᠡᠷᠦᠬᠦᠢ ᠵᠠᠢᠯᠠᠭᠤᠯ ᠪᠠᠭᠰᠢ ᠮᠢᠨᠢ᠂ ᠡᠨᠡ ᠪᠦᠬᠦᠨ ᠡᠴᠡ ᠪᠡᠨ ᠬᠠᠭᠠᠴᠠᠬᠤ ᠭᠡᠵᠦ ᠪᠠᠢᠭ᠎ᠠ ᠲᠤᠯᠠ ᠡᠯᠢᠭᠡ ᠡᠮᠲᠡᠷᠡᠬᠦ ᠦᠭᠡᠢ ᠪᠠᠢᠵᠤ ᠬᠡᠷᠬᠢᠨ ᠴᠢᠳᠠᠬᠤ ᠪᠢᠯᠡ! ᠮᠥᠨ ᠥᠬᠢᠨ ᠳᠡᠭᠦᠦ ᠨᠢ ᠠᠰᠠᠷ ᠤ᠋ᠨ ᠳᠡᠭᠡᠷ᠎ᠡ ᠡᠢᠰᠢ ᠲᠠᠢᠰᠢ ᠶᠠᠪᠤᠵᠤ ᠡᠳ᠋ᠯᠡᠯ ᠬᠥᠷᠥᠩᠭᠡ ᠶ᠋ᠢ ᠨᠢ ᠬᠤᠷᠢᠶᠠᠬᠤ ᠴᠢᠮᠡᠭᠡ ᠳᠤᠭᠤᠯᠳᠠᠬᠤ ᠶ᠋ᠢ ᠶᠠᠭᠤᠨ ᠥᠭᠦᠯᠡᠬᠦ ᠠᠵᠢ! ᠲᠡᠳᠡ ᠮᠠᠨᠢ ᠮᠠᠷᠭᠠᠰᠢ ᠡᠨᠳᠡ ᠡᠴᠡ ᠡᠭᠦᠷᠢᠳᠡ ᠠᠩᠭᠢᠵᠢᠷᠠᠬᠤ ᠨᠢ ᠠ᠋!
     ᠭᠡᠪᠡᠴᠦ ᠪᠠᠭᠰᠢ ᠳ᠋ᠤ᠌ ᠮᠠᠨᠢ ᠡᠨᠡ ᠡᠳᠦᠷ ᠦ᠋ᠨ ᠢ᠋ᠶ᠋ᠡᠨ ᠬᠢᠴᠢᠶᠡᠯ ᠢ᠋ ᠪᠦᠷᠢᠨ ᠵᠢᠭᠠᠬᠤ ᠢᠲᠡᠭᠡᠯ ᠳᠦᠭᠦᠷᠡᠩ ᠪᠠᠢᠯ᠎ᠠ᠃ ᠡᠨᠡ ᠬᠢᠴᠢᠶᠡᠯ ᠦ᠋ᠨ ᠳᠠᠷᠠᠭ᠎ᠠ ᠪᠠᠰᠠ ᠨᠢᠭᠡ ᠴᠠᠭ ᠲᠡᠦᠬᠡ ᠵᠢᠭᠠᠯ᠎ᠠ᠃ ᠴᠢᠩᠭᠢᠭᠡᠳ ᠪᠠᠰᠠ ᠠᠩᠬ᠎ᠠ ᠵᠡᠷᠭᠡ ᠶ᠋ᠢᠨ ᠠᠩᠭᠢ ᠳ᠋ᠤ᠌ ba . be . bi. Bo .bu ᠭᠡᠵᠦ ᠠᠪᠢᠶ᠎ᠠ ᠵᠢᠭᠠᠪᠠ᠃ ᠠᠷᠤ ᠳ᠋ᠤ᠌ ᠰᠠᠭᠤᠭᠰᠠᠨ ᠬᠠᠤᠰᠦ᠋ ᠭᠤᠸᠠᠢ ᠬᠡᠵᠢᠶᠡᠨ ᠦ᠌ ᠭᠠᠯ ᠰᠢᠯ ᠢ᠋ᠶ᠋ᠡᠨ ᠵᠡᠭᠦᠵᠦ ᠨᠥᠭᠦᠭᠡ ᠨᠣᠮ ᠢ᠋ᠶ᠋ᠠᠨ ᠬᠣᠶᠠᠷ ᠭᠠᠷ ᠢ᠋ᠶ᠋ᠠᠷ ᠢ᠋ᠶ᠋ᠠᠨ ᠵᠠᠢᠲᠠᠢᠬᠠᠨ ᠪᠠᠷᠢᠵᠤ ᠲᠡᠳᠡᠨ ᠦ᠌ ᠬᠠᠮᠲᠤ ᠦᠰᠦᠭ ᠬᠣᠯᠪᠣᠵᠤ ᠰᠠᠭᠤᠨ᠎ᠠ᠃ ᠲᠡᠭᠦᠨ ᠦ᠌ ᠰᠡᠳᠬᠢᠯ ᠬᠥᠳᠡᠯᠦᠭᠰᠡᠨ ᠪᠣᠯᠤᠯᠲᠠᠢ᠂ ᠬᠣᠭᠣᠯᠠᠢ ᠨᠢ ᠴᠡᠴᠡᠷᠬᠢᠯᠡᠵᠦ ᠪᠠᠢᠯ᠎ᠠ᠃ ᠲᠡᠭᠦᠨ ᠦ᠌ ᠵᠢᠭᠲᠡᠢ ᠳᠠᠭᠤ ᠶ᠋ᠢ ᠰᠣᠨᠣᠰᠤᠭᠠᠳ ᠪᠢ ᠢᠨᠢᠶᠡᠳᠦ ᠬᠦᠷᠬᠦ ᠰᠢᠭ ᠪᠠᠢᠭᠰᠠᠨ ᠪᠣᠯᠪᠠᠴᠤ ᠪᠠᠰᠠ ᠡᠯᠢᠭᠡ ᠡᠮᠲᠡᠷᠡᠬᠦ ᠰᠢᠭ ᠪᠠᠢᠯ᠎ᠠ᠃ ᠪᠢ ᠡᠨᠡ ᠬᠦ᠌ ᠬᠠᠮᠤᠭ ᠤ᠋ᠨ ᠰᠡᠭᠦᠯᠴᠢ ᠶ᠋ᠢᠨ ᠬᠢᠴᠢᠶᠡᠯ ᠢ᠋ᠶ᠋ᠡᠨ ᠶᠠᠭᠠᠬᠢᠭᠰᠠᠨ ᠴᠤ᠌ ᠮᠠᠷᠲᠠᠬᠤ ᠦᠭᠡᠢ ᠳᠡ!
     ᠭᠡᠨᠡᠳᠲᠡ ᠾᠷᠢᠰᠲ᠋ᠣᠰ ᠤ᠋ᠨ ᠰᠦᠮ᠎ᠡ ᠶ᠋ᠢᠨ ᠵᠢᠩ ᠠᠷᠪᠠᠨ ᠬᠣᠶᠠᠷ ᠴᠣᠬᠢᠯ᠎ᠠ᠃ ᠮᠥᠷᠭᠥᠯ ᠦ᠋ᠨ ᠵᠢᠩ ᠴᠦ᠍ ᠳᠤᠤᠭᠠᠷᠤᠯ᠎ᠠ᠃ ᠭᠠᠳᠠᠨ᠎ᠠ ᠫᠷᠦ᠋ᠰᠰᠢ ᠶ᠋ᠢᠨ ᠴᠡᠷᠢᠭ ᠦ᠋ᠨ ᠪᠦᠷᠢᠶᠡᠨ ᠦ᠌ ᠳᠠᠭᠤᠨ ᠬᠠᠩᠭᠢᠨᠠᠨ᠎ᠠ᠃ ᠲᠡᠳᠡᠨ ᠦ᠌ ᠪᠣᠯᠪᠠᠰᠤᠷᠠᠯ ᠴᠤ᠌ ᠳᠠᠭᠤᠰᠤᠭᠰᠠᠨ ᠪᠣᠯᠤᠯᠲᠠᠢ᠃ ᠪᠠᠭᠰᠢ ᠮᠠᠨᠢ ᠴᠤ᠌ ᠴᠢᠷᠠᠢ ᠨᠢ ᠵᠢᠪᠡᠬᠡᠢᠷᠡᠨ ᠪᠣᠰᠤᠯ᠎ᠠ᠂ ᠪᠠᠭᠰᠢ ᠮᠢᠨᠢ ᠨᠠᠳᠠ ᠳ᠋ᠤ᠌ ᠶᠡᠷᠦ ᠡᠴᠡ ᠪᠡᠨ ᠡᠢᠮᠦ ᠬᠠᠨᠠᠭᠠᠷ ᠰᠠᠢᠬᠠᠨ ᠲᠣᠮᠣ ᠪᠡᠶ᠎ᠡ ᠲᠡᠢ ᠪᠠᠢᠭ᠎ᠠ ᠦᠭᠡᠢ ᠶᠦᠮ ᠰᠢᠭ ᠪᠣᠳᠣᠭᠳᠠᠯ᠎ᠠ᠃
     《ᠮᠢᠨᠦ ᠨᠥᠬᠥᠳ ᠨᠠᠢᠵᠠ ᠨᠠᠷ ᠠ᠋! ᠪᠢ — —》 ᠭᠡᠳ ᠪᠠᠭᠰᠢ ᠮᠠᠨᠢ ᠳᠤᠤᠭᠠᠷᠴᠤ ᠴᠢᠳᠠᠬᠤ ᠦᠭᠡᠢ ᠪᠣᠯᠤᠭᠰᠠᠨ ᠢ᠋ᠶ᠋ᠠᠨ ᠰᠠᠮᠪᠠᠷ᠎ᠠ ᠤᠷᠤᠭᠤ ᠬᠠᠨᠳᠤᠵᠤ ᠣ ᠶ᠋ᠢᠨ ᠪᠢᠷ ᠠᠪᠤᠭᠠᠳ ᠪᠠᠢᠳᠠᠭ ᠴᠢᠳᠠᠯ ᠢ᠋ᠶ᠋ᠠᠷ ᠢ᠋ᠶ᠋ᠠᠨ 《ᠹᠷᠠᠨᠼᠢ ᠮᠠᠨᠳᠤᠲᠤᠭᠠᠢ》 ᠭᠡᠰᠡᠨ ᠬᠣᠶᠠᠷᠬᠠᠨ ᠲᠣᠮᠣ ᠦᠰᠦᠭ ᠢ᠋ ᠪᠢᠴᠢᠵᠦ ᠣᠷᠬᠢᠯ᠎ᠠ᠃
ᠢᠩᠭᠢᠭᠡᠳ ᠦᠭᠡ ᠪᠡᠨ ᠬᠡᠯᠡᠵᠦ ᠭᠠᠷᠬᠤ ᠦᠭᠡᠢ ᠬᠠᠨ᠎ᠠ ᠳᠥᠰᠢᠨ ᠪᠠᠬᠠᠨ ᠭᠥᠯᠢᠷᠡᠨ ᠵᠣᠭᠰᠣᠭᠰᠠᠨ ᠢ᠋ᠶ᠋ᠠᠨ᠄
     《ᠰᠤᠷᠭᠠᠭᠤᠯᠢ ᠴᠤ᠌ ᠲᠠᠷᠬᠠᠯ᠎ᠠ — — ᠲᠠ ᠨᠠᠷ ᠬᠠᠷᠢᠵᠠᠭ᠎ᠠ ᠳᠠ!》 ᠭᠡᠰᠡᠨ ᠤᠳᠬ᠎ᠠ ᠲᠠᠢ ᠳᠣᠬᠢᠶ᠎ᠠ ᠥᠭᠪᠡ᠃

     ᠦᠰᠦᠭ ᠠᠮᠢᠯᠠᠭᠤᠯᠤᠭᠴᠢ᠄ ᠰᠠᠷᠠᠨ᠎ᠠ᠂ ᠥᠷᠯᠥᠭ᠂ ᠴᠸᠨ ᠬᠤᠪᠢᠰᠬᠠᠯ᠂ ᠪᠤᠤ ᠿᠦᠩ ᠬᠤᠸᠠ᠂ ᠪᠤᠤ ᠶ᠋ᠢᠨ ᠿᠦᠩ᠃
     ᠬᠢᠨᠠᠭᠴᠢ ᠪᠠᠭᠰᠢ᠄ ᠮᠥᠴᠢᠷ

ᠵᠣᠬᠢᠶᠠᠯᠴᠢ ᠶᠢᠨ ᠳᠥᠭᠥᠮ ᠲᠠᠨᠢᠯᠴᠠᠭᠤᠯᠭ᠎ᠠ  

ᠠ‍᠂ ᠳ᠋ᠠᠣᠲ᠋ᠠᠢ(1840.05.13 – 1897.12.16)
ᠹᠷᠠᠨᠼᠢ ᠶ᠋ᠢᠨ ᠵᠣᠬᠢᠶᠠᠯᠴᠢ- ᠣᠯᠠᠨ ᠵᠢᠯ ᠪᠠᠭᠰᠢᠯᠠᠭᠰᠠᠨ᠃ ᠰᠤᠷᠭᠠᠭᠤᠯᠢ ᠶ᠋ᠢᠨ ᠠᠮᠢᠳᠤᠷᠠᠯ ᠳ᠋ᠤ᠌ ᠥᠩᠭᠡᠷᠡᠭᠦᠯᠦᠭᠰᠡᠨ ᠣᠨ ᠵᠢᠯ ᠤᠳ ᠨᠢ ᠬᠣᠵᠢᠮ ᠵᠣᠬᠢᠶᠠᠯ ᠳ᠋ᠤ᠌ ᠨᠢ ᠲᠣᠰᠣᠭᠰᠠᠨ ᠪᠠᠢᠳᠠᠭ᠃ ᠠᠮᠢᠳᠤᠷᠠᠯ ᠤ᠋ᠨ ᠢ᠋ᠶ᠋ᠠᠨ ᠰᠡᠭᠦᠯ ᠤᠨ ᠵᠢᠯ ᠤᠳ ᠲᠦ᠍ ᠰᠡᠳᠬᠦᠯᠴᠢ ᠪᠡᠷ ᠠᠵᠢᠯᠯᠠᠵᠠᠢ᠃