ᠬᠤᠯᠤ ᠲᠣᠭᠠᠯᠠᠶᠠ Хулу тоолъё
ᠬᠤᠯᠤ ᠲᠣᠭᠠᠯᠠᠶᠠ
ᠶᠠ ᠶᠠ ᠬᠤᠯᠤ
ᠶᠠᠰᠤᠨ ᠬᠤᠯᠤ
ᠶᠠᠩ ᠶᠠᠩ ᠬᠤᠯᠤ
ᠶᠠᠨᠲᠠᠩ ᠬᠤᠯᠤ
ᠳ᠋ᠧ ᠳ᠋ᠧ ᠬᠤᠯᠤ
ᠳᠡᠷᠡᠰᠦᠨ ᠬᠤᠯᠤ
ᠲᠤᠩ ᠲᠤᠩ ᠬᠤᠯᠤ
ᠳᠤᠰᠤᠨ ᠬᠤᠯᠤ
ᠪᠦᠩ ᠪᠦᠩ ᠬᠤᠯᠤ
ᠪᠦᠭᠡᠷᠡᠩᠬᠡᠢ ᠬᠤᠯᠤ
ᠭᠤᠩ ᠭᠤᠩ ᠬᠤᠯᠤ
ᠭᠤᠷᠪᠠᠯᠵᠢᠨ ᠬᠤᠯᠤ ᠃
ᠰᠠᠶ᠋ᠢᠨ ᠡᠷ᠎ᠡ ᠶ᠋ᠢᠨ
ᠬᠣᠷᠢᠨ ᠲᠠᠪᠤᠨ ᠬᠤᠯᠤ
ᠰᠠᠶ᠋ᠢᠬᠠᠨ ᠲᠣᠭᠠᠯᠠᠪᠠᠯ
ᠭᠤᠴᠢᠨ ᠲᠠᠪᠤᠨ ᠬᠤᠯᠤ ᠂
ᠮᠠᠭᠤ ᠡᠷ᠎ᠡ ᠶ᠋ᠢᠨ
ᠠᠷᠪᠠᠨ ᠲᠠᠪᠤᠨ ᠬᠤᠯᠤ
ᠮᠠᠭᠤᠬᠠᠢ ᠲᠣᠭᠠᠯᠠᠪᠠᠯ
ᠲᠠᠪᠤᠨ ᠬᠤᠯᠤ ᠃
ᠠᠲᠠᠭ ᠦ᠋ᠨ ᠡᠷ᠎ᠡ ᠶ᠋ᠢᠨ
ᠠᠷᠪᠠᠨ ᠬᠤᠯᠤ
ᠠᠷᠠᠶ᠋ᠢᠬᠠᠨ ᠲᠣᠭᠠᠯᠠᠪᠠᠯ
ᠨᠢᠭᠡ ᠬᠤᠯᠤ ᠃
ᠵᠠ ᠪᠢ
ᠰᠠᠶ᠋ᠢᠨ ᠡᠷ᠎ᠡ ᠪᠣᠯᠤᠶ᠎ᠠ
ᠬᠣᠷᠢᠨ ᠲᠠᠪᠤᠨ ᠬᠤᠯᠤ ᠶ᠋ᠢ
ᠨᠢᠭᠡ ᠠᠮᠢᠰᠬᠤᠯ ᠶ᠋ᠢᠠᠷ ᠲᠣᠭᠠᠯᠠᠶᠠ ᠃
ᠨᠢᠭᠡ ᠬᠤᠯᠤ
ᠬᠣᠶᠠᠷ ᠬᠤᠯᠤ
ᠭᠤᠷᠪᠠᠨ ᠬᠤᠯᠤ
ᠳᠦᠷᠪᠡᠨ ᠬᠤᠯᠤ
ᠲᠠᠪᠤᠨ ᠬᠤᠯᠤ
ᠵᠢᠷᠭᠤᠭᠠᠨ ᠬᠤᠯᠤ
ᠳᠣᠯᠣᠭᠠᠨ ᠬᠤᠯᠤ
ᠨᠠᠢ᠍ᠮᠠᠨ ᠬᠤᠯᠤ
ᠶᠢᠰᠦᠨ ᠬᠤᠯᠤ
ᠠᠷᠪᠠᠨ ᠬᠤᠯᠤ
ᠠᠷᠪᠠᠨ ᠨᠢᠭᠡᠨ ᠬᠤᠯᠤ
ᠠᠷᠪᠠᠨ ᠬᠣᠶᠠᠷ ᠬᠤᠯᠤ
ᠠᠷᠪᠠᠨ ᠭᠤᠷᠪᠠᠨ ᠬᠤᠯᠤ
ᠠᠷᠪᠠᠨ ᠳᠦᠷᠪᠡᠨ ᠬᠤᠯᠤ
ᠠᠷᠪᠠᠨ ᠲᠠᠪᠤᠨ ᠬᠤᠯᠤ
ᠠᠷᠪᠠᠨ ᠵᠢᠷᠭᠤᠭᠠᠨ ᠬᠤᠯᠤ
ᠠᠷᠪᠠᠨ ᠳᠣᠯᠣᠭᠠᠨ ᠬᠤᠯᠤ
ᠠᠷᠪᠠᠨ ᠨᠠᠢ᠍ᠮᠠᠨ ᠬᠤᠯᠤ
ᠠᠷᠪᠠᠨ ᠶᠢᠰᠦᠨ ᠬᠤᠯᠤ
ᠬᠣᠷᠢᠨ ᠬᠤᠯᠤ
ᠬᠣᠷᠢᠨ ᠨᠢᠭᠡᠨ ᠬᠤᠯᠤ
ᠬᠣᠷᠢᠨ ᠬᠣᠶᠠᠷ ᠬᠤᠯᠤ
ᠬᠣᠷᠢᠨ ᠭᠤᠷᠪᠠᠨ ᠬᠤᠯᠤ
ᠬᠣᠷᠢᠨ ᠳᠦᠷᠪᠡᠨ ᠬᠤᠯᠤ
ᠬᠣᠷᠢᠨ ᠲᠠᠪᠤᠨ ᠬᠤᠯᠤ ᠃
ᠦᠰᠦᠭ ᠠᠮᠢᠯᠠᠭᠤᠯᠤᠭᠴᠢ — ᠮᠢᠩᠭᠠᠳ ᠂ ᠴᠢᠮᠡᠭ
ᠬᠢᠨᠠᠭᠴᠢ ᠄ ᠤᠷᠠᠨ᠎ᠠ