ᠠᠷᠪᠠᠨ ᠬᠣᠶᠠᠷ ᠵᠢᠯ ᠦᠨ ᠮᠠᠭᠲᠠᠭᠠᠯ Арван хоёр жилийн магтаал
ᠠᠷᠪᠠᠨ ᠬᠣᠶᠠᠷ ᠵᠢᠯ ᠦᠨ ᠮᠠᠭᠲᠠᠭᠠᠯ
ᠠᠯᠲᠠᠨ ᠳᠡᠯᠡᠬᠡᠢ ᠳᠦ ᠨᠦᠬᠡ ᠲᠡᠢ
ᠠᠮᠤ ᠦᠷ᠎ᠡ ᠶ᠋ᠢᠨ ᠢᠲᠡᠰᠢ ᠲᠡᠢ
ᠠᠤᠠᠬᠤ ᠶ᠋ᠢᠨ ᠴᠢᠨᠡᠭᠡ ᠪᠡᠶ᠎ᠡ ᠲᠡᠢ
ᠠᠮᠠ ᠴᠠᠭᠠᠨ ᠬᠤᠯᠤᠭᠠᠨ᠎ᠠ ᠵᠢᠯ ᠃
ᠠᠪᠤᠷᠭᠤ ᠬᠣᠶᠠᠷ ᠡᠪᠡᠷ ᠲᠡᠢ
ᠠᠷᠠᠯ ᠳᠦᠭᠦᠷᠡᠩ ᠪᠡᠶ᠎ᠡ ᠲᠡᠢ
ᠠᠷᠰᠯᠠᠨ ᠵᠠᠭᠠᠨ ᠪ ᠴᠢᠲᠠᠯ ᠲᠠᠢ
ᠠᠴᠢ ᠶᠡᠬᠡᠲᠡᠢ ᠦᠬᠡᠷ ᠵᠢᠯ ᠃
ᠠᠭᠤᠯᠠ ᠮᠤᠲᠤᠨ ᠳᠦ ᠨᠤᠲᠤᠭ ᠲᠠᠢ
ᠠᠷᠪᠠᠨ ᠪᠤᠬ᠎ᠠ ᠶ᠋ᠢᠨ ᠢᠲᠡ ᠲᠡᠢ
ᠠᠮᠢᠲᠠᠨ ᠪᠥᠬᠥᠨ ᠊ᠢ ᠠᠶᠤᠯᠭᠠᠲᠠᠭ
ᠠᠭᠤᠷ ᠶᠡᠬᠡᠲᠡᠢ ᠪᠠᠷᠰ ᠵᠢᠯ ᠃
ᠪᠤᠲᠠ ᠪᠤᠷᠭᠠᠰᠤᠨ ᠳᠦ ᠬᠡᠪᠲᠡᠷᠢ ᠲᠡᠢ
ᠪᠤᠭᠤᠷᠤᠯ ᠰᠠᠭᠠᠷᠠᠯ ᠵᠢᠰᠦ ᠲᠡᠢ
ᠪᠣᠰᠣᠬ᠋ᠠ ᠬᠣᠶᠠᠷ ᠴᠢᠬᠢ ᠲᠡᠢ
ᠪᠣᠰᠣᠨ ᠬᠠᠷᠠᠶ᠋ᠢᠲᠠᠭ ᠲᠠᠤᠯᠠᠢ ᠵᠢᠯ ᠃
ᠠᠭᠠᠷ ᠲᠩᠷᠢ ᠳᠦ ᠨᠤᠲᠤᠭ ᠲᠠᠢ
ᠠᠶᠤᠩᠬ᠋ᠠ ᠡᠭᠦᠯᠡ ᠶ᠋ᠢᠨ ᠬᠥᠯᠥᠭ ᠲᠡᠢ
ᠠᠷᠪᠠᠨ ᠨᠠᠢ᠍ᠮᠠᠨ ᠣᠪᠢᠲᠠᠰ ᠲᠠᠢ
ᠠᠪᠤᠷᠭᠤ ᠳᠠᠭᠤᠨ ᠲᠠᠢ ᠯᠤᠤ ᠵᠢᠯ ᠃
ᠠᠭᠤᠯᠠ ᠶ᠋ᠢᠨ ᠬᠠᠵᠠᠭᠤ ᠳᠦ ᠬᠡᠪᠲᠡᠰᠢ ᠲᠡᠢ
ᠤᠷᠲᠤ ᠳᠡᠭᠡᠰᠦᠨ ᠪᠡᠶ᠎ᠡ ᠲᠡᠢ
ᠤᠯᠤᠰ ᠪᠦᠬᠦᠨ ᠊ᠢ ᠰᠢᠷ ᠬᠢᠯᠭᠡᠳᠡᠭ
ᠤᠷᠠᠨ ᠬᠡᠯᠡ ᠲᠡᠢ ᠮᠣᠭᠠᠢ ᠵᠢᠯ ᠃
ᠠᠯᠤᠰ ᠭᠠᠵᠠᠷ ᠭᠦᠶᠦᠲᠡᠯ ᠲᠡᠢ
ᠠᠲᠠᠷ ᠬᠡᠭᠡᠷ᠎ᠡ ᠨᠤᠲᠤᠭ ᠲᠠᠢ
ᠠᠶᠠᠨ ᠵᠠᠮ ᠳᠦ ᠳᠦᠰᠢᠭ ᠲᠡᠢ
ᠠᠤᠬ᠋ᠠ ᠬᠦᠴᠦᠲᠦ ᠮᠣᠷᠢᠨ ᠵᠢᠯ ᠃
ᠳᠤᠭᠤᠢ ᠰᠠᠶ᠋ᠢᠬᠠᠨ ᠰᠡᠭᠦᠯ ᠲᠡᠢ
ᠳᠤᠭᠤᠷᠠᠭ ᠬᠣᠶᠠᠷ ᠡᠪᠡᠷ ᠲᠡᠢ
ᠳᠤᠩ ᠴᠠᠭᠠᠨ ᠨᠣᠣᠰᠣ ᠲᠠᠢ
ᠳᠤᠷᠠᠰᠬᠠᠯ ᠰᠠᠶ᠋ᠢᠬᠠᠨ ᠬᠣᠨᠢᠨ ᠵᠢᠯ ᠃
ᠬᠦᠷᠡᠩ ᠤᠯᠠᠭᠠᠨ ᠵᠢᠰᠦ ᠲᠡᠢ
ᠬᠥᠮᠦᠨ ᠠᠲᠠᠯᠢ ᠠᠭᠠᠰᠢ ᠲᠠᠢ
ᠬᠦᠪᠴᠢ ᠣᠢ ᠪᠠᠷ ᠬᠠᠷᠠᠶ᠋ᠢᠯᠠᠲᠠᠭ
ᠬᠦᠩᠭᠡᠨ ᠱᠠᠯᠠᠮᠠᠭᠠᠢ ᠪᠡᠴᠢᠨ ᠵᠢᠯ ᠃
ᠴᠠᠪ ᠴᠠᠭᠠᠨ ᠪᠡᠶ᠎ᠡ ᠲᠡᠢ
ᠴᠠᠭᠠᠨ ᠤᠯᠠᠭᠠᠨ ᠵᠢᠰᠦ ᠲᠡᠢ
ᠴᠠᠭ ᠴᠠᠭ ᠲᠤ ᠪᠠᠨ ᠳᠤᠤᠭᠠᠷᠳᠠᠭ
ᠴᠠᠭ ᠊ᠢ ᠮᠡᠳᠡᠭᠡᠯᠡᠳᠡᠭ ᠳᠠᠬᠢᠶ᠎ᠠ ᠵᠢᠯ ᠃
ᠬᠦᠪ ᠬᠠᠪ ᠳᠠᠭᠤᠨ ᠲᠠᠢ
ᠬᠣᠲᠠ ᠬᠣᠷᠣᠬ᠋᠎ᠠ ᠪᠠᠨ ᠮᠠᠨᠠᠲᠠᠭ
ᠬᠦᠮᠦᠨ ᠪ ᠥᠪᠡᠷ ᠦ᠋ᠨ ᠬᠢᠨ ᠊ᠢ ᠢᠯᠭᠠᠲᠠᠭ
ᠬᠤᠲᠠᠴᠢ ᠰᠠᠶ᠋ᠢᠬᠠᠨ ᠨᠣᠬᠠᠢ ᠵᠢᠯ ᠃
ᠬᠦ᠋ ᠬᠠᠷ᠎ᠠ ᠪᠡᠶ᠎ᠡ ᠲᠡᠢ
ᠬᠣᠷᠴᠢᠭᠢᠨᠠᠬᠤ ᠰᠣᠨᠢᠨ ᠳᠠᠭᠤᠨ ᠲᠠᠢ
ᠬᠦᠷᠦᠰᠦᠲᠦ ᠭᠠᠵᠠᠷ ᠊ᠢ ᠤᠷᠪᠠᠭᠤᠯᠬᠤ
ᠬᠦᠴᠦ ᠶᠡᠬᠡᠲᠡᠢ ᠭᠠᠬᠠᠢ ᠵᠢᠯ ᠃
ᠦᠰᠦᠭ ᠠᠮᠢᠯᠠᠭᠤᠯᠤᠭᠴᠢ — ᠮᠢᠩᠭᠠᠳ ᠂ ᠴᠢᠮᠡᠭ
ᠬᠢᠨᠠᠭᠴᠢ ᠄ ᠤᠷᠠᠨ᠎ᠠ
