ᠰᠡᠲᠦᠪᠲᠦ ᠳᠠᠭᠠᠷᠢᠯᠴᠠᠭ᠎ᠠ Сэдэвт дайралцаа ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠡᠲᠦᠪᠲᠦ ᠳᠠᠭᠠᠷᠢᠯᠴᠠᠭ᠎ᠠ Сэдэвт дайралцаа

ᠰᠡᠲᠦᠪᠲᠦ ᠳᠠᠭᠠᠷᠢᠯᠴᠠᠭ᠎ᠠ Сэдэвт дайралцаа

2023-02-23

574

ᠰᠡᠲᠦᠪᠲᠦ ᠳᠠᠭᠠᠷᠢᠯᠴᠠᠭ᠎ᠠ - ᠳᠦᠷᠪᠡ


 ᠠ ᠄ ᠵᠸ ᠬᠦᠢ ᠂ ᠦᠨᠡᠬᠡᠷᠡᠨ ᠲᠡᠶ᠋ᠢᠮᠦ ᠶᠸ !
 ᠠᠩᠬᠠᠳᠤᠭᠠᠷ ᠭᠠᠯᠪᠠ ᠶ᠋ᠢ ᠶᠠᠮᠠᠷ ᠪᠣᠷᠬᠠᠨ ᠡᠵᠡᠯᠡᠪᠡ ᠳ᠋ᠠ ?
 ᠠᠷᠰᠢ ᠽᠠᠨᠲᠠᠨ ᠮᠣᠲᠣ ᠨᠢ ᠶᠠᠮᠠᠷ ᠭᠠᠵᠠᠷ ᠤᠷᠭᠤᠪᠠ ᠳ᠋ᠠ ?
 ᠠᠷᠢᠶᠠᠪᠠᠯᠤ ᠶ᠋ᠢᠨ ᠵᠢᠷᠭᠤᠭᠠᠨ ᠯᠤᠩ ᠊ᠢ ᠶᠠᠮᠠᠷ ᠬᠥᠮᠦᠨ ᠴᠢᠨᠢ ᠵᠣᠬᠢᠶᠠᠪᠠ ᠳ᠋ᠠ ?
 ᠠᠯᠠᠵᠤ ᠠᠪᠤᠷᠠᠬᠤ ᠶᠣᠰᠣᠨ ᠊ᠢ ᠶᠠᠮᠠᠷ ᠪᠣᠷᠬᠠᠨ ᠡᠭᠦᠰᠬᠡᠪᠡ ᠳ᠋ᠠ ?
 ᠡ ᠄ ᠵᠸ ᠬᠦᠢ ᠂ ᠦᠨᠡᠬᠡᠷᠡᠨ ᠲᠡᠶ᠋ᠢᠮᠦ ᠶᠸ !
 ᠠᠩᠬᠠᠳᠤᠭᠠᠷ ᠭᠠᠯᠪᠠ ᠶ᠋ᠢ ᠠᠶ᠋ᠢᠰᠢᠮᠲ᠋ᠢᠷᠢ ᠪᠣᠷᠬᠠᠨ ᠡᠵᠡᠯᠡᠪᠡ ᠂
 ᠠᠷᠰᠢ ᠽᠠᠨᠲᠠᠨ ᠮᠣᠲᠣ ᠴᠢᠨᠢ ᠠᠰᠠᠷ ᠬᠤᠷᠮᠤᠰᠲᠠ ᠳᠦ ᠤᠷᠭᠤᠵᠠᠢ ᠃
 ᠠᠷᠢᠶᠠᠪᠠᠯᠤ ᠶ᠋ᠢᠨ ᠵᠢᠷᠭᠤᠭᠠᠨ ᠯᠤᠩ ᠊ᠢ ᠵᠢᠷᠨᠠᠶ᠋ᠢᠰᠠᠩ ᠪᠣᠷᠬᠠᠨ ᠵᠣᠬᠢᠶᠠᠪᠠ ᠂
 ᠠᠯᠠᠵᠤ ᠠᠪᠤᠷᠠᠬᠤ ᠶᠣᠰᠣᠨ ᠊ᠢ ᠮᠠᠶ᠋ᠢᠯ ᠪᠣᠷᠬᠠᠨ ᠡᠭᠦᠰᠬᠡᠪᠡ ᠃
 ᠠ ᠄ ᠵᠸ ᠬᠦᠢ ᠂ ᠦᠨᠡᠬᠡᠷᠡᠨ ᠲᠡᠶ᠋ᠢᠮᠦ ᠶᠸ !
 ᠬᠣᠶᠠᠲᠤᠭᠠᠷ ᠭᠠᠯᠪᠠ ᠶ᠋ᠢ ᠶᠠᠮᠠᠷ ᠪᠣᠷᠬᠠᠨ ᠡᠵᠡᠯᠡᠪᠡ ᠳ᠋ᠠ ?
 ᠬᠣᠪᠣᠯ ᠡᠷᠲᠡᠨᠢ ᠶ᠋ᠢᠨ ᠶᠠ ᠶᠠ ᠬᠤᠯᠤ ᠶᠠᠮᠠᠷ ᠭᠠᠵᠠᠷ ᠤᠷᠭᠤᠪᠠ ᠳ᠋ᠠ ?
 ᠬᠤ᠌ ᠬᠠᠨ ᠵᠢᠩᠲᠧ ᠰᠠᠶ᠋ᠢᠨ ᠡᠷ᠎ᠡ ᠶᠠᠮᠠᠷ ᠭᠠᠵᠠᠷ ᠮᠡᠨᠲᠦᠯᠡᠪᠡ ?
 ᠬᠣᠣᠷ ᠶᠡᠬᠡᠲᠡᠢ ᠪᠠ ᠸᠠᠩ ᠶᠠᠮᠠᠷ ᠭᠠᠵᠠᠷ ᠬᠠᠰᠢᠬᠲᠠᠪᠠ ᠳ᠋ᠠ ?
 ᠡ ᠄ ᠵᠸ ᠬᠦᠢ ᠂ ᠦᠨᠡᠬᠡᠷᠡᠨ ᠲᠡᠶ᠋ᠢᠮᠦ ᠶᠸ !
 ᠬᠣᠶᠠᠲᠤᠭᠠᠷ ᠭᠠᠯᠪᠠ ᠶ᠋ᠢ ᠬᠣᠨᠢᠴᠢᠨ ᠭᠠᠪᠬ᠎ᠠ ᠡᠵᠡᠯᠡᠪᠡ ᠂
 ᠬᠣᠪᠣᠯ ᠡᠷᠲᠡᠨᠢ ᠶ᠋ᠢᠨ ᠶᠠ ᠶᠠ ᠬᠤᠯᠤ ᠲᠩᠷᠢ ᠶ᠋ᠢᠨ ᠣᠷᠲᠣᠨ ᠳᠦ ᠤᠷᠭᠤᠵᠠᠢ ᠃
 ᠬᠤ᠌ ᠬᠠᠨ ᠵᠢᠩᠲᠧ ᠰᠠᠶ᠋ᠢᠨ ᠡᠷ᠎ᠡ ᠠᠷᠤ ᠭᠠᠵᠠᠷ ᠮᠡᠨᠲᠦᠯᠡᠵᠡᠢ ᠂
 ᠬᠣᠣᠷ ᠶᠡᠬᠡᠲᠡᠢ ᠪᠠ ᠸᠠᠩ ᠡᠦ ᠵᠢᠶᠠᠩ ᠮᠥᠷᠡᠨ ᠳᠦ ᠬᠠᠰᠢᠬᠲᠠᠪᠠ ᠃
 ᠠ ᠄ ᠵᠸ ᠬᠦᠢ ᠂ ᠦᠨᠡᠬᠡᠷᠡᠨ ᠲᠡᠶ᠋ᠢᠮᠦ ᠶᠸ !
 ᠭᠤᠷᠪᠠᠲᠤᠭᠠᠷ ᠭᠠᠯᠪᠠ ᠶ᠋ᠢ ᠶᠠᠮᠠᠷ ᠪᠣᠷᠬᠠᠨ ᠡᠵᠡᠯᠡᠪᠡ ᠳ᠋ᠠ ?
 ᠭᠣᠷᠪᠠᠨ ᠨᠡᠭᠦᠲᠡᠯ ᠦ᠋ᠨ ᠭᠠᠵᠠᠷ ᠦᠵᠡᠳᠡᠭ ᠭᠠᠭᠴᠠ ᠨᠢᠲᠦᠲᠡᠢ ᠬᠡᠨ ᠲᠡᠷᠡ ᠪᠤᠢ ?
 ᠭᠤᠸ᠋᠎ᠠ ᠸᠠᠩ ᠦ᠋ᠨ ᠵᠡᠷᠭᠡ ᠳ᠋ᠦ ᠭᠠᠷᠴᠤ ᠡᠵᠡᠨ ᠶ᠋ᠢᠡᠨ  ᠲᠡᠳᠬᠦᠭᠰᠡᠨ ᠶᠠᠮᠠᠷ ᠬᠥᠮᠦᠨ ᠳ᠋ᠠ ?
 ᠭᠣᠷᠪᠠᠨ ᠶᠢᠷᠲᠢᠨᠴᠦ ᠶ᠋ᠢ ᠬᠤᠲᠠᠯ ᠬᠡᠯᠡᠵᠦ ᠶᠠᠪᠤᠲᠠᠭ ᠶᠠᠮᠠᠷ ᠨᠡᠷ᠎ᠡ ᠲᠡᠢ ᠬᠤᠲᠠᠯᠴᠢ ᠪᠤᠢ ?
 ᠡ ᠄ ᠵᠸ ᠬᠦᠢ ᠂ ᠦᠨᠡᠬᠡᠷᠡᠨ ᠲᠡᠶ᠋ᠢᠮᠦ ᠶᠸ !
 ᠭᠤᠷᠪᠠᠲᠤᠭᠠᠷ ᠭᠠᠯᠪᠠ ᠶ᠋ᠢ ᠭᠠᠪᠴᠢᠭ᠎ᠡ ᠪᠣᠷᠬᠠᠨ ᠡᠵᠡᠯᠡᠪᠡ ᠰᠢᠦ ᠂
 ᠭᠣᠷᠪᠠᠨ ᠨᠡᠭᠦᠲᠡᠯ ᠦ᠋ᠨ ᠭᠠᠵᠠᠷ ᠦᠵᠡᠳᠡᠭ ᠭᠠᠭᠴᠠ ᠨᠢᠲᠦᠲᠡᠢ ᠳᠤᠸᠠ ᠰᠣᠬᠣᠷ ᠃
 ᠭᠤᠸ᠋᠎ᠠ ᠸᠠᠩ ᠦ᠋ᠨ ᠵᠡᠷᠭᠡ ᠳᠦ ᠭᠠᠷᠴᠤ ᠡᠵᠡᠨ ᠶ᠋ᠢᠡᠨ  ᠲᠡᠳᠬᠦᠭᠰᠡᠨ ᠮᠤᠬᠤᠯᠠᠢ ᠰᠢᠦ ᠂ 
 ᠭᠣᠷᠪᠠᠨ ᠶᠢᠷᠲᠢᠨᠴᠦ ᠳᠦ ᠬᠤᠲᠠᠯ ᠬᠡᠯᠡᠵᠦ ᠶᠠᠪᠤᠲᠠᠭ ᠪᠠᠯᠭᠠᠨᠰᠠᠩ ᠭᠡᠳᠡᠭ ᠬᠤᠲᠠᠯᠴᠢ ᠰᠢᠦ ᠃
 ᠠ ᠄ ᠵᠸ ᠬᠦᠢ ᠂ ᠦᠨᠡᠬᠡᠷᠡᠨ ᠲᠡᠶ᠋ᠢᠮᠦ ᠶᠸ !
 ᠳᠥᠷᠪᠡᠳᠦᠭᠡᠷ ᠭᠠᠯᠪᠠ ᠶ᠋ᠢ ᠶᠠᠮᠠᠷ ᠪᠣᠷᠬᠠᠨ ᠡᠵᠡᠯᠡᠪᠡ ᠳ᠋ᠠ ? 
 ᠳᠡᠯᠡᠬᠡᠢ ᠶᠢᠷᠲᠢᠨᠴᠦ ᠶ᠋ᠢᠨ ᠲᠤᠭ ᠦ᠋ᠳ ᠊ᠢ ᠶᠠᠮᠠᠷ ᠡᠵᠡᠨ ᠳᠡᠭᠡᠭᠰᠢᠯᠡᠪᠡ ᠳ᠋ᠠ ?
 ᠲᠦᠷᠦᠭᠰᠡᠨ ᠡᠴᠢᠭᠡ ᠪᠡᠨ ᠲᠠᠨᠢᠬᠰᠠᠨ ᠦᠭᠡᠢ ᠬᠠᠷᠪᠤᠵᠤ ᠠᠯᠠᠭᠰᠠᠨ ᠬᠡᠨ ᠲᠡᠷᠡ ᠪᠤᠢ ?
 ᠲᠠᠪᠤᠨ ᠮᠥᠰᠥ ᠶ᠋ᠢᠨ ᠰᠤᠷᠭᠠᠯ ᠶ᠋ᠢᠠᠷ ᠬᠡᠦᠬᠡᠳ ᠶ᠋ᠢᠡᠨ ᠰᠤᠷᠭᠠᠭᠰᠠᠨ ᠬᠡᠨ ᠲᠡᠷᠡ ᠪᠤᠢ ?
 ᠡ ᠄ ᠵᠸ ᠬᠦᠢ ᠂ ᠦᠨᠡᠬᠡᠷᠡᠨ ᠲᠡᠶ᠋ᠢᠮᠦ ᠶᠸ !
 ᠳᠥᠷᠪᠡᠳᠦᠭᠡᠷ ᠭᠠᠯᠪᠠ ᠶ᠋ᠢ  ᠲᠡᠮᠰᠢᠭ ᠪᠣᠷᠬᠠᠨ ᠡᠵᠡᠯᠡᠪᠡ ᠰᠢᠦ ᠂
 ᠳᠡᠯᠡᠬᠡᠢ ᠶᠢᠷᠲᠢᠨᠴᠦ ᠶ᠋ᠢᠨ ᠲᠤᠭ ᠦ᠋ᠳ ᠊ᠢ ᠥᠭᠡᠲᠡᠢ ᠬᠠᠭᠠᠨ ᠳᠡᠭᠰᠢᠯᠡᠪᠡ ᠰᠢᠦ ᠃
 ᠲᠦᠷᠦᠭᠰᠡᠨ ᠡᠴᠢᠭᠡ ᠪᠡᠨ ᠲᠠᠨᠢᠬᠰᠠᠨ ᠦᠭᠡᠢ ᠬᠠᠷᠪᠤᠵᠤ ᠠᠯᠠᠭᠰᠠᠨ ᠰᠢᠤᠸᠠᠢ ᠳ᠋ᠢᠩ ᠱᠠᠨ ᠂
 ᠲᠠᠪᠤᠨ ᠮᠥᠰᠥ ᠶ᠋ᠢᠨ ᠰᠤᠷᠭᠠᠯ ᠶ᠋ᠢᠠᠷ ᠬᠡᠦᠬᠡᠳ ᠶ᠋ᠢᠡᠨ ᠰᠤᠷᠭᠠᠭᠰᠠᠨ ᠠᠯᠤᠩᠭᠤᠸ᠋᠎ᠠ ᠡᠬᠡ ᠰᠢᠦ ᠃
 ᠠ ᠄ ᠵᠸ ᠬᠦᠢ ᠂ ᠦᠨᠡᠬᠡᠷᠡᠨ ᠲᠡᠶ᠋ᠢᠮᠦ ᠶᠸ !
 ᠣᠲᠣ ᠦᠶ᠎ᠡ ᠶ᠋ᠢᠨ ᠭᠠᠯᠪᠠ ᠶ᠋ᠢ ᠶᠠᠮᠠᠷ ᠪᠣᠷᠬᠠᠨ ᠡᠵᠡᠯᠡᠪᠡ ᠳ᠋ᠠ ?
 ᠣᠸᠮ ᠮᠠ ᠨᠢ ᠪᠠᠳ ᠮᠠ ᠬᠣᠩ ᠊ᠢ ᠶᠠᠮᠠᠷ ᠭᠡᠭᠡᠨ ᠲᠣᠭᠲᠠᠭᠠᠪᠠ ᠳ᠋ᠠ ?
 ᠤᠤᠲᠠᠢ ᠶ᠋ᠢᠨ ᠲᠠᠪᠤᠨ ᠠᠭᠤᠯᠠ ᠶ᠋ᠢ ᠶᠠᠮᠠᠷ ᠠᠮᠢᠲᠠᠨ ᠰᠠᠵᠢᠯᠠᠭᠤᠯᠪᠠ ᠳ᠋ᠠ ?
 ᠡᠪᠡᠰᠦᠨ ᠡᠮ ᠊ᠢ ᠡᠭᠦᠳᠦᠭᠰᠡᠨ ᠶᠠᠮᠠᠷ ᠨᠡᠷ᠎ᠡ ᠲᠡᠢ ᠪᠣᠷᠬᠠᠨ ᠳ᠋ᠠ ?
 ᠡ ᠄ ᠵᠸ ᠬᠦᠢ ᠂ ᠦᠨᠡᠬᠡᠷᠡᠨ ᠲᠡᠶ᠋ᠢᠮᠦ ᠶᠸ !
 ᠣᠲᠣ ᠦᠶ᠎ᠡ ᠶ᠋ᠢᠨ ᠭᠠᠯᠪᠠ ᠶ᠋ᠢ ᠱᠠᠭᠵᠠᠲ᠋ᠢᠸ᠋᠎ᠠ  ᠪᠣᠷᠬᠠᠨ ᠡᠵᠡᠯᠡᠪᠡ ᠂
 ᠣᠸᠮ ᠮᠠ ᠨᠢ ᠪᠠᠳ ᠮᠠ ᠬᠣᠩ ᠊ᠢ ᠮᠠᠶ᠋ᠢᠲᠠᠷ ᠪᠣᠷᠬᠠᠨ ᠲᠣᠭᠲᠠᠭᠠᠪᠠ ᠃
 ᠤᠤᠲᠠᠢ ᠶ᠋ᠢᠨ ᠲᠠᠪᠤᠨ ᠠᠭᠤᠯᠠ ᠶ᠋ᠢ ᠴᠢᠯᠠᠭᠤᠨ ᠪᠠᠴᠢᠨ ᠰᠠᠵᠢᠯᠠᠭᠤᠯᠪᠠ ᠂
 ᠡᠪᠡᠰᠦᠨ ᠡᠮ ᠊ᠢ  ᠡᠭᠦᠳᠦᠭᠰᠡᠨ ᠣᠲᠠᠴᠢ ᠪᠣᠷᠬᠠᠨ  ᠭᠡᠳᠡᠭ ᠰᠢᠦ ᠃
 ᠠ ᠄ ᠵᠸ ᠬᠦᠢ ᠂ ᠦᠨᠡᠬᠡᠷᠡᠨ ᠲᠡᠶ᠋ᠢᠮᠦ ᠶᠸ !
 ᠤᠰᠤᠨ ᠪ ᠳᠡᠭᠡᠭᠦᠷ ᠭᠦᠶᠦᠭᠡᠳ ᠶᠠᠪᠤᠲᠠᠭ ᠶᠠᠮᠠᠷ ᠨᠡᠷ᠎ᠡ ᠲᠡᠢ ᠪᠠᠭᠠᠲᠤᠷ ᠳ᠋ᠠ ?
 ᠡᠭᠦᠯᠡ ᠬᠥᠯᠥᠭᠯᠡᠵᠦ ᠶᠢᠷᠲᠢᠨᠴᠦ ᠶ᠋ᠢ ᠲᠣᠭᠣᠷᠢᠲᠠᠭ ᠶᠠᠮᠠᠷ ᠨᠡᠷ᠎ᠡ ᠲᠡᠢ ᠪᠣᠷᠬᠠᠨ ᠪᠤᠢ ?
 ᠤᠷᠠᠨ ᠬᠣᠩᠰᠢᠶᠠᠷ ᠲᠠᠯᠪᠢᠭᠠᠳ ᠬᠦᠢ ᠪᠠᠭᠰᠢ ᠪᠠᠨ ᠬᠡᠨ ᠮᠡᠬᠡᠯᠡᠪᠡ ᠳ᠋ᠠ ?
 ᠡᠬᠡᠨᠡᠷ ᠠᠪᠤᠪᠠᠯ ᠠᠯᠠᠲᠠᠭ ᠬᠦᠢ ᠴᠠᠭᠠᠨ ᠴᠢᠷᠠᠢ ᠲᠠᠢ ᠬᠡᠨ ᠲᠡᠷᠡ ᠳ᠋ᠠ ?
 ᠡ ᠄  ᠵᠸ ᠬᠦᠢ ᠂ ᠦᠨᠡᠬᠡᠷᠡᠨ ᠲᠡᠶ᠋ᠢᠮᠦ ᠶᠸ !
 ᠤᠰᠤᠨ ᠪ ᠳᠡᠭᠡᠭᠦᠷ ᠭᠦᠶᠦᠭᠡᠳ ᠶᠠᠪᠤᠲᠠᠭ ᠠᠮᠢᠨᠪᠦᠬᠡ ᠪᠠᠭᠠᠲᠤᠷ ᠰᠢᠦ ᠂
 ᠡᠭᠦᠯᠡ ᠬᠥᠯᠥᠭᠯᠡᠭᠡᠳ ᠶᠢᠷᠲᠢᠨᠴᠦ ᠶ᠋ᠢ ᠲᠣᠭᠣᠷᠢᠲᠠᠭ ᠪᠤᠳᠢᠰᠠᠳᠤ᠎ᠡ  ᠪᠣᠷᠬᠠᠨ ᠰᠢᠦ ᠃
 ᠤᠷᠠᠨ ᠬᠣᠩᠰᠢᠶᠠᠷ ᠲᠠᠯᠪᠢᠭᠠᠳ ᠪᠠᠭᠰᠢ ᠪᠠᠨ  ᠮᠡᠬᠡᠯᠡᠭᠰᠡᠨ ᠵᠦ᠍ ᠪᠠ ᠵᠢᠶᠸ ᠂
 ᠡᠬᠡᠨᠡᠷ ᠠᠪᠤᠪᠠᠯ ᠠᠯᠠᠲᠠᠭ ᠴᠢᠨᠢ ᠴᠠᠭᠠᠨ ᠴᠢᠷᠠᠢ ᠲᠠᠢ ᠯᠦᠸᠧ ᠴᠸᠩ ᠰᠢᠦ ᠃
 ᠠ ᠄ ᠵᠸ ᠬᠦᠢ ᠂ ᠦᠨᠡᠬᠡᠷᠡᠨ ᠲᠡᠶ᠋ᠢᠮᠦ ᠶᠸ !
 ᠭᠠᠯᠪᠠᠷᠠᠭᠴᠢ ᠽᠠᠨᠲᠠᠨ ᠮᠣᠲᠣ ᠭᠠᠵᠠᠷ ᠦ᠋ᠨ ᠬᠠᠮᠢᠬ᠋᠎ᠠ ᠨᠢ ᠤᠷᠭᠤᠪᠠ ᠳ᠋ᠠ ?
 ᠭᠠᠶ᠋ᠢᠬᠠᠮᠰᠢᠬᠲᠤ ᠳᠥᠷᠪᠡᠨ ᠦᠨᠲᠦᠰᠦ ᠨᠢ ᠶᠠᠮᠠᠷ ᠣᠷᠲᠣᠨ  ᠳᠦ ᠲᠤᠯᠪᠠ ᠳ᠋ᠠ ?
 ᠭᠣᠣᠯ ᠦ᠋ᠨ ᠰᠠᠶ᠋ᠢᠬᠠᠨ ᠰᠠᠯᠠᠭᠠᠨ ᠳ᠋ᠤᠨᠢ ᠶᠠᠮᠠᠷ ᠰᠢᠪᠠᠭᠤ ᠡᠭᠦᠷᠯᠡᠪᠡ ᠳ᠋ᠠ ?
 ᠭᠤᠯᠢᠷ ᠠᠲᠠᠯᠢ ᠮᠢᠬ᠎ᠠ ᠶ᠋ᠢ ᠨᠢ ᠶᠠᠮᠠᠷ ᠪᠣᠷᠬᠠᠨ ᠵᠣᠭᠣᠭᠯᠠᠪᠠ ?
 ᠭᠤᠯᠪᠠᠶ᠋ᠢᠵᠦ  ᠬᠡᠪᠲᠡᠭᠰᠡᠨ ᠪᠡᠶ᠎ᠡ ᠶ᠋ᠢ ᠨᠢ ᠶᠠᠮᠠᠷ ᠮᠡᠷᠭᠡᠨ ᠬᠠᠷᠪᠤᠪᠠ ᠳ᠋ᠠ ?
 ᠭᠣᠷᠪᠠᠨ ᠰᠠᠶ᠋ᠢᠬᠠᠨ ᠥᠨᠲᠡᠭᠡ ᠶ᠋ᠢ ᠨᠢ ᠶᠠᠮᠠᠷ ᠠᠮᠢᠲᠠᠨ ᠵᠠᠯᠭᠢᠪᠠ ᠳ᠋ᠠ ?
 ᠭᠤᠴᠢᠨ ᠵᠢᠷᠭᠤᠭᠠᠨ ᠵᠢᠭᠦᠷ ᠰᠣᠲᠣ ᠶ᠋ᠢ ᠨᠢ ᠶᠠᠮᠠᠷ ᠰᠠᠩ ᠳᠦ ᠲᠠᠲᠠᠪᠠ ᠳ᠋ᠠ ?
 ᠭᠠᠷᠬᠠᠨ ᠬᠣᠶᠠᠷ ᠨᠢᠲᠤ ᠶ᠋ᠢ ᠨᠢ ᠶᠠᠮᠠᠷ ᠰᠦᠮ᠎ᠡ  ᠳᠦ ᠲᠠᠬᠢᠪᠠ ᠳ᠋ᠠ ?
 ᠡ ᠄ ᠵᠸ ᠬᠦᠢ ᠂ ᠦᠨᠡᠬᠡᠷᠡᠨ ᠲᠡᠶ᠋ᠢᠮᠦ ᠶᠸ !
 ᠭᠠᠯᠪᠠᠷᠠᠭᠴᠢ ᠽᠠᠨᠲᠠᠨ ᠮᠣᠲᠣ ᠭᠠᠵᠠᠷ ᠦ᠋ᠨ ᠬᠥᠷᠥᠰᠥᠨ ᠳᠦ ᠤᠷᠭᠤᠵᠠᠢ ᠂
 ᠭᠠᠶ᠋ᠢᠬᠠᠮᠰᠢᠬᠲᠤ ᠳᠥᠷᠪᠡᠨ ᠦᠨᠲᠦᠰᠦ ᠨᠢ ᠯᠤᠤᠰ ᠶ᠋ᠢᠨ ᠣᠷᠲᠣᠨ ᠳᠦ ᠲᠤᠯᠪᠠ ᠃
 ᠭᠣᠣᠯ ᠦ᠋ᠨ ᠰᠠᠶ᠋ᠢᠬᠠᠨ ᠰᠠᠯᠠᠭᠠᠨ ᠳ᠋ᠤᠨᠢ ᠭᠠᠯᠪᠢᠩᠬ᠋᠎ᠠ ᠰᠢᠪᠠᠭᠤ ᠡᠭᠦᠷᠯᠡᠵᠡᠢ ᠂
 ᠭᠤᠯᠢᠷ ᠠᠲᠠᠯᠢ ᠮᠢᠬ᠎ᠠ ᠶ᠋ᠢ ᠨᠢ ᠠᠷᠢᠶᠠᠪᠠᠯᠤ ᠪᠣᠷᠬᠠᠨ ᠵᠣᠭᠣᠭᠯᠠᠪᠠ ᠃
 ᠭᠤᠯᠪᠠᠶ᠋ᠢᠵᠦ ᠬᠡᠪᠲᠡᠭᠰᠡᠨ ᠪᠡᠶ᠎ᠡ ᠶ᠋ᠢ ᠨᠢ ᠬᠡᠰᠡᠷ ᠮᠡᠷᠭᠡᠨ ᠬᠠᠷᠪᠤᠪᠠ ᠂
 ᠭᠣᠷᠪᠠᠨ ᠰᠠᠶ᠋ᠢᠬᠠᠨ ᠥᠨᠲᠡᠭᠡ ᠶ᠋ᠢ ᠨᠢ ᠬᠣᠣᠷᠲᠤ ᠮᠣᠭᠠᠢ ᠵᠠᠯᠭᠢᠪᠠ ᠃
 ᠭᠤᠴᠢᠨ ᠵᠢᠷᠭᠤᠭᠠᠨ ᠵᠢᠭᠦᠷ ᠰᠣᠲᠣ ᠶ᠋ᠢ ᠨᠢ ᠬᠠᠭᠠᠨ ᠰᠠᠩ ᠳᠦ ᠲᠠᠲᠠᠪᠠ ᠂
 ᠭᠠᠷᠬᠠᠨ ᠬᠣᠶᠠᠷ ᠨᠢᠲᠦ ᠶ᠋ᠢ ᠨᠢ ᠵᠣᠣ ᠶ᠋ᠢᠨ ᠰᠦᠮ᠎ᠡ  ᠳᠦ ᠲᠠᠬᠢᠪᠠ ᠃

         ᠦᠰᠦᠭ ᠠᠮᠢᠯᠠᠭᠤᠯᠤᠭᠴᠢ ᠄ ᠰᠢᠯᠤᠭᠤᠨ
            ᠬᠢᠨᠠᠭᠴᠢ ᠄   ᠴᠣᠯᠮᠣᠨᠲᠤᠶᠠᠭ᠎ᠠ ᠪᠠᠭᠰᠢ