ᠵᠦᠢᠷ ᠰᠡᠴᠡᠨ ᠦᠭᠡ – ᠡ  ᠶ᠋ᠢᠨ ᠠᠢᠮᠠᠭ Зүйр цэцэн үг – Ээний аймаг ᠵᠦᠢᠷ ᠰᠡᠴᠡᠨ ᠦᠭᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠵᠦᠢᠷ ᠰᠡᠴᠡᠨ ᠦᠭᠡ – ᠡ  ᠶ᠋ᠢᠨ ᠠᠢᠮᠠᠭ Зүйр цэцэн үг – Ээний аймаг

ᠵᠦᠢᠷ ᠰᠡᠴᠡᠨ ᠦᠭᠡ – ᠡ  ᠶ᠋ᠢᠨ ᠠᠢᠮᠠᠭ Зүйр цэцэн үг – Ээний аймаг

2023-02-22

1492

ᠡ ᠶ᠋ᠢᠨ ᠠᠢᠮᠠᠭ

ᠡᠷᠬᠡ ᠶ᠋ᠢ ᠰᠤᠷᠬᠤ ᠠ᠋ᠴᠠ
ᠪᠡᠷᠬᠡ ᠶ᠋ᠢ ᠰᠤᠷ᠃

ᠡᠳ᠋ ᠢ᠋ᠶ᠋ᠡᠷ ᠪᠡᠶ᠎ᠡ ᠪᠡᠨ ᠴᠢᠮᠡᠭᠰᠡᠨ ᠡᠴᠡ
ᠡᠷᠳᠡ  ‍ᠢᠶ᠋ᠠᠷ ᠪᠡᠶ᠎ᠡ ᠪᠡᠨ ᠴᠢᠮᠡ᠃

ᠡᠷᠭᠢ ᠰᠢᠭ ᠡᠮᠲᠡᠷᠡᠬᠦ ᠡᠴᠡ
ᠬᠠᠳᠠ ᠰᠢᠭ᠋ ᠬᠠᠭᠠᠷᠠᠪᠠᠯ ᠳᠡᠭᠡᠷ᠎ᠡ᠃

ᠠ᠋ ᠭᠡᠪᠡᠯ ᠠ ᠦᠭᠡᠢ
ᠡᠯᠵᠢᠭᠡ ᠭᠡᠪᠡᠯ ᠳᠤᠳᠠᠷᠠᠢ ᠦᠭᠡᠢ᠃

ᠡᠭᠦᠯᠡ ᠭᠠᠷᠪᠠᠯ ᠪᠣᠷᠣᠭᠠᠨ ᠲᠠᠢ
ᠦᠯᠢᠭᠡᠷ ᠭᠠᠷᠪᠠᠯ ᠰᠠᠯᠠᠭ᠎ᠠ ᠲᠠᠢ᠃

ᠡᠵᠡᠨ ᠦᠭᠡᠢ ᠭᠠᠵᠠᠷ
ᠥᠮᠥᠳᠥ ᠦᠭᠡᠢ ᠬᠠᠭᠠᠨ᠃

ᠡᠯᠵᠢᠭᠡ ᠬᠦᠨᠳᠦ ᠳ᠋ᠡᠭᠡᠨ ᠵᠢᠷᠣᠭ᠎ᠠ᠃

ᠡᠯᠵᠢᠭᠡᠨ ᠴᠢᠬᠢᠨ ᠳ᠋ᠦ᠍
ᠠᠯᠲᠠ ᠬᠢᠪᠡᠴᠦ ᠰᠠᠵᠢᠨ᠎ᠠ
ᠠᠷᠭᠠᠯ ᠬᠢᠪᠡᠴᠦ ᠰᠡᠵᠢᠨ᠎ᠡ᠃

ᠡᠷᠭᠢᠭᠦᠦ ᠰᠢᠳᠠᠮ
ᠡᠵᠡᠨ ᠳ᠋ᠡᠭᠡᠨ᠃

ᠡᠬᠡ ᠡᠴᠢᠭᠡ ᠶ᠋ᠢᠨ ᠨᠢᠭᠤᠷ
ᠦᠷ᠎ᠡ ᠬᠡᠦᠬᠡᠳ ᠦ᠋ᠨ ᠴᠢᠷᠮᠠᠢᠯᠭ᠎ᠠ᠃

ᠡᠭᠦᠳᠡ ᠮᠠᠨᠠᠬᠤ ᠬᠦᠦ ᠲᠡᠢ
ᠤᠷᠤᠭ ᠲᠡᠯᠡᠬᠦ ᠬᠡᠦᠬᠡᠨ ᠲᠡᠢ᠃

ᠡᠭᠦᠯᠡ ᠪᠦᠷᠬᠦᠭ ᠪᠣᠯ ᠪᠣᠷᠣᠭ᠎ᠠ ᠲᠠᠢ
ᠡᠪᠡᠳᠴᠢᠨ ᠶᠡᠬᠡ ᠪᠣᠯ ᠦᠬᠦᠯ ᠲᠡᠢ᠃

ᠡᠭᠦᠯᠡ ᠶᠡᠬᠡᠲᠦ ᠪᠣᠷᠣᠭ᠎ᠠ ᠦᠭᠡᠢ
ᠡᠭᠦᠳᠡ ᠰᠠᠢᠲᠤ ᠬᠣᠪ ᠦᠭᠡᠢ᠃

ᠡᠭᠦᠯᠡ ᠮᠠᠨᠠᠨ ᠰᠠᠯᠬᠢ ᠳᠠᠭᠠᠭᠠᠬᠤ ᠦᠭᠡᠢ
ᠥᠷᠯᠥᠭᠡᠨ ᠰᠢᠭᠦᠳᠡᠷᠢ ᠨᠠᠷᠠ ᠳᠠᠭᠠᠭᠠᠬᠤ ᠦᠭᠡᠢ᠃

ᠡᠭᠦᠯᠡ ᠨᠠᠷᠠ ᠶ᠋ᠢ ᠬᠠᠭᠠᠬᠤ
ᠦᠢᠯᠡ ᠶ᠋ᠢᠨ ᠦᠷ᠎ᠡ ᠪᠤᠶᠠᠨ ᠢ᠋ ᠬᠠᠭᠠᠬᠤ᠃

ᠡᠭᠦᠯᠡ ᠬᠤᠷᠠᠯᠳᠤᠪᠠᠯ ᠬᠤᠷ᠎ᠠ
ᠬᠥᠮᠦᠨ ᠬᠤᠷᠠᠯᠳᠤᠪᠠᠯ ᠬᠦᠴᠦ᠃

ᠡᠭᠦᠯᠡ ᠦᠭᠡᠢ ᠡᠳᠦᠷ ᠴᠡᠯᠮᠡᠭ
ᠡᠪᠡᠳᠴᠢᠨ ᠦᠭᠡᠢ ᠪᠡᠶ᠎ᠡ ᠰᠠᠷᠠᠭᠤᠯᠬᠠᠨ᠃

ᠡᠭᠦᠯᠡᠨ ᠡᠴᠡ ᠪᠣᠷᠣᠭ᠎ᠠ ᠣᠷᠣᠨ᠎ᠠ
ᠦᠨᠡᠨ ᠡᠴᠡ ᠵᠣᠷᠢᠭ ᠭᠠᠷᠤᠨ᠎ᠠ᠃

ᠡᠭᠦᠯᠡ ᠲᠡᠢ ᠵᠤᠨ ᠡᠪᠡᠰᠦᠨ ᠳ᠋ᠦ᠍ ᠰᠠᠢᠨ
ᠨᠠᠷᠠ ᠲᠠᠢ ᠡᠳᠦᠷ ᠨᠠᠮᠤᠷ ᠲᠠᠭᠠᠨ ᠰᠠᠢᠨ ᠃

ᠡᠪᠡᠷ ᠰᠢᠭᠠᠪᠠᠯ ᠮᠠᠯ
ᠰᠡᠭᠦᠯ ᠰᠢᠭᠠᠪᠠᠯ ᠡᠯᠵᠢᠭᠡ᠃

ᠡᠷᠡᠯᠬᠡᠭ ᠪᠠᠭᠠᠲᠤᠷ ᠠ᠋ᠴᠠ
ᠡᠷᠳᠡᠮ ᠤᠬᠠᠭᠠᠨ ᠲᠠᠢ ᠨᠢ ᠳᠡᠭᠡᠷ᠎ᠡ᠃

ᠡᠪᠡᠷ ᠦᠭᠡᠢ ᠮᠠᠯ
ᠰᠡᠭᠦᠯ ᠦᠭᠡᠢ ᠡᠯᠵᠢᠭᠡ᠃

ᠡᠷ᠎ᠡ ᠬᠥᠮᠦᠨ ᠬᠡᠯᠡᠭᠰᠡᠨ ᠳ᠋ᠡᠭᠡᠨ
ᠡᠷ᠎ᠡ ᠮᠣᠷᠢ ᠬᠠᠷᠠᠢᠭᠰᠠᠨ ᠳ᠋ᠠᠭᠠᠨ᠃

ᠡᠬᠡᠨᠡᠷ ᠡᠴᠡ ᠎ᠪᠠᠨ ᠣᠨᠳᠣᠣ
ᠬᠥᠮᠦᠨ ᠢ ᠲᠠᠨᠢᠬᠤ ᠦᠭᠡᠢ
ᠡᠮᠡᠭᠡᠯ ᠡᠴᠡ ᠪᠡᠨ ᠥᠨᠳᠥᠷ
ᠳᠠᠪᠠᠭ᠎ᠠ ᠶ᠋ᠢ ᠳᠠᠪᠠᠭ᠎ᠠ ᠦᠭᠡᠢ᠃

ᠡᠷᠦᠬᠡ ᠳ᠋ᠦ᠍ ᠡᠬᠡᠨᠡᠷ ᠦᠭᠡᠢ ᠪᠣᠯᠪᠠᠰᠤ
ᠴᠢᠮᠡᠭ ᠳᠠᠷᠤᠭᠳᠠᠮᠤᠢ
ᠡᠷᠦᠬᠡ ᠳ᠋ᠦ᠍ ᠡᠷ᠎ᠡ ᠦᠭᠡᠢ ᠪᠣᠯᠪᠠᠰᠤ
ᠰᠦᠷ ᠳᠠᠷᠤᠭᠳᠠᠮᠤᠢ᠃

ᠡᠳᠦᠷ  ‍ᠤᠨ ᠪᠣᠳᠣᠯ
ᠰᠥᠨᠢ ᠶ᠋ᠢᠨ ᠵᠡᠭᠦᠳᠦ᠃

   ᠲᠩᠷᠢ ᠂ ᠡᠵᠢ ᠦᠰᠦᠭ ᠠᠮᠢᠯᠠᠭᠤᠯᠪᠠ
   ᠬᠢᠨᠠᠭᠴᠢ ᠄ ᠴᠣᠯᠮᠣᠨᠲᠤᠶᠠᠭ᠎ᠠ ᠪᠠᠭᠰᠢ