ᠰᠢᠨᠤᠯШунал
ᠰᠢᠨᠤᠯ
ᠮᠣᠩᠭᠣᠯᠴᠤᠳ ᠢ ᠵᠡᠪᠰᠡᠭ ᠢᠶ᠋ᠡᠷ ᠪᠠᠷᠠᠬᠤ ᠦᠭᠡᠢ ᠭᠡᠳᠡᠭ
ᠢ ᠮᠡᠳᠡᠭᠡᠳ ᠂ ᠲᠡᠳᠡᠨ ᠦ ᠬᠢ ᠬᠠᠮᠤᠭ ᠤᠨ ᠬᠦᠴᠦᠷᠬᠡᠭ ᠪᠣᠯᠭᠠᠵᠤ ᠪᠠᠶ᠋ᠢᠬᠰᠠᠨ ᠭᠠᠭᠴᠠ ᠵᠦᠢᠯ ᠢ ᠨᠢ
ᠲᠠᠷᠢᠬᠢ ᠶ᠋ᠢ ᠨᠢ ᠤᠬᠢᠶᠠᠵᠤ ᠤᠰᠠᠳᠬᠠᠭᠰᠠᠨ ᠂ ᠲᠡᠷᠡ ᠵᠦᠢᠯ ᠨᠢ ᠰᠢᠨᠤᠯ ᠪᠠᠶ᠋ᠢᠬᠰᠠᠨ ᠂ ᠮᠣᠩᠭᠣᠯᠴᠤᠳ
ᠭᠠᠵᠠᠷ ᠨᠤᠲᠤᠭ ᠲᠦ ᠰᠢᠨᠤᠯ ᠲᠠᠢ ᠪᠠᠶ᠋ᠢᠬᠰᠠᠨ ᠂ ᠵᠡᠪᠰᠡᠭ ᠲᠦ ᠰᠢᠨᠤᠯ ᠲᠠᠢ ᠪᠠᠶ᠋ᠢᠬᠰᠠᠨ ᠂ ᠡᠷᠬᠡ
ᠮᠠᠲᠠᠯ ᠳᠤ ᠰᠢᠨᠤᠯ ᠲᠠᠢ ᠪᠠᠶ᠋ᠢᠬᠰᠠᠨ ᠂ ᠨᠡᠷ᠎ᠡ ᠬᠦᠨᠳᠦ ᠳᠦ ᠰᠢᠨᠤᠯ ᠲᠠᠢ ᠪᠠᠶ᠋ᠢᠬᠰᠠᠨ ᠂ ᠣᠳᠣ
ᠪᠦᠭᠦᠳᠡ ᠪᠠᠶ᠋ᠢᠬᠤ ᠦᠭᠡᠢ ᠪᠣᠯᠤᠭᠰᠠᠨ ᠂ ᠰᠢᠨᠤᠯ ᠭᠡᠳᠡᠭ ᠦᠭᠡ ᠬᠠᠷᠢᠶᠠᠯ ᠤᠨ ᠦᠭᠡ ᠪᠣᠯᠤᠭᠰᠠᠨ ᠂ ᠮᠥᠩᠭᠥ
ᠭᠡᠳᠡᠭ ᠦᠭᠡ ᠴᠢᠳᠬᠥᠷ ᠪᠣᠯᠤᠭᠰᠠᠨ ᠂ ᠰᠢᠨᠤᠯ ᠲᠠᠢ ᠬᠥᠮᠦᠨ ᠭᠡᠵᠦ ᠮᠠᠭᠤ ᠬᠥᠮᠦᠨ ᠢ ᠬᠡᠯᠡᠳᠡᠭ ᠂ ᠡᠰᠡᠷᠭᠦ
ᠪᠡᠷ ᠢᠶ᠋ᠡᠨ ᠬᠢᠲᠠᠳ ᠰᠢᠨᠤᠯ ᠲᠠᠢ ᠬᠥᠮᠦᠨ ᠪᠣᠯ ᠬᠠᠮᠤᠭ ᠤᠨ ᠰᠠᠶ᠋ᠢᠨ ᠬᠥᠮᠦᠨ ᠂ ᠮᠥᠩᠭᠥ ᠲᠡᠢ
ᠬᠥᠮᠦᠨ ᠪᠣᠯ ᠬᠠᠮᠤᠭ ᠤᠨ ᠰᠢᠯᠢᠳᠡᠭ ᠬᠥᠮᠦᠨ ᠂ ᠮᠥᠩᠭᠥ ᠶ᠋ᠢ ᠪᠤᠷᠬᠠᠨ ᠤ ᠪᠠᠨ ᠣᠷᠣᠨ ᠳᠤ ᠪᠠᠨ
ᠰᠢᠲᠦᠳᠡᠭ ᠂ ᠮᠥᠩᠭᠥᠨ ᠳᠦ ᠪᠡᠨ ᠮᠥᠷᠭᠥᠳᠡᠭ ᠂ ᠪᠠᠶᠠᠨ ᠪᠣᠯᠤᠭᠠᠷᠠᠢ ᠭᠡᠵᠦ ᠢᠷᠦᠭᠡᠳᠡᠭ ᠂ ᠥᠪᠡᠷᠰᠡᠳ ᠢᠶ᠋ᠡᠨ
ᠲᠡᠶ᠋ᠢᠮᠦ ᠪᠣᠯᠤᠭᠰᠠᠨ ᠂ ᠬᠥᠮᠦᠨ ᠰᠢᠨᠤᠯ ᠦᠭᠡᠢ ᠪᠣᠯ ᠵᠣᠷᠢᠯᠭ᠎ᠠ ᠪᠠᠨ ᠠᠯᠳᠠᠨ᠎ᠠ ᠂ ᠳᠠᠷᠠᠭ᠎ᠠ ᠨᠢ
ᠨᠤᠲᠤᠭ ᠣᠷᠣᠨ ᠴᠤ᠌ ᠦᠭᠡᠢ ᠪᠣᠯᠤᠨ᠎ᠠ ᠂ ᠳᠠᠷᠠᠭ᠎ᠠ ᠨᠢ ᠪᠦᠬᠦᠨ ᠢᠶ᠋ᠡᠨ ᠠᠯᠳᠠᠨ᠎ᠠ ᠂ ᠳᠠᠷᠠᠭ᠎ᠠ ᠨᠢ ᠡᠩ ᠦᠨ
ᠪᠣᠭᠣᠯ ᠤᠨ ᠠᠮᠢᠳᠤᠷᠠᠯ ᠢᠶ᠋ᠠᠷ ᠠᠮᠢᠳᠤᠷᠠᠬᠤ ᠶ᠋ᠢ ᠢᠯᠡᠭᠦᠦ ᠳᠦ ᠦᠵᠡᠳᠡᠭ ᠪᠣᠯᠵᠤ ᠡᠬᠢᠯᠡᠨ᠎ᠡ ᠃
