ᠴᠢ ᠵᠠᠪᠠᠯ ᠴᠢᠳᠠᠨ᠎ᠠЧи заавал чадна
ᠴᠢ ᠵᠠᠪᠠᠯ ᠴᠢᠳᠠᠨ᠎ᠠ
ᠦᠯᠢᠭᠡᠷ
ᠬᠡᠰᠡᠭ ᠮᠡᠯᠡᠬᠡᠢ ᠣᠢ ᠳᠣᠲᠣᠷ᠎ᠠ ᠶᠠᠪᠤᠵᠤ ᠪᠠᠶ᠋ᠢᠲᠠᠯ᠎ᠠ
᠂ ᠬᠣᠶᠠᠷ ᠨᠢ ᠭᠦᠨ ᠨᠦᠬᠡ ᠤᠷᠤᠭᠤ ᠤᠨᠠᠴᠢᠬᠠᠵᠠᠢ ᠪᠤᠰᠤᠳ ᠮᠡᠯᠡᠬᠡᠢ ᠨᠤᠭᠦᠳ ᠨᠦᠬᠡ ᠶ᠋ᠢ ᠲᠣᠭᠣᠷᠢᠨ
ᠬᠠᠷᠠᠵᠤ ᠭᠦᠨᠴᠡ ᠶ᠋ᠢ ᠨᠢ ᠭᠠᠶ᠋ᠢᠬᠠᠵᠠᠭᠠᠨ ᠂ 《ᠲᠠ ᠬᠣᠶᠠᠷ ᠴᠤ᠌ ᠨᠠᠭᠠᠨ᠎ᠠ ᠠ᠋ᠴᠠ ᠪᠠᠨ ᠭᠠᠷᠬᠤ ᠠ᠋ᠴᠠ ᠥᠩᠭᠡᠷᠡᠵᠦ ᠳ᠋ᠠ 》 ᠭᠡᠵᠡᠭᠡᠵᠦ ᠪᠠᠶ᠋ᠢᠪᠠ ᠃
ᠭᠡᠰᠡᠨ ᠴᠤ᠌ ᠨᠥᠭᠦᠭᠡ
ᠬᠣᠶᠠᠷ ᠮᠡᠯᠡᠬᠡᠢ ᠲᠡᠳᠡᠨ ᠦ ᠬᠡᠯᠡᠭᠰᠡᠨ ᠢ ᠲᠤᠭᠤᠯ ᠦᠭᠡᠢ ᠭᠠᠷᠬᠤ ᠭᠡᠵᠦ ᠣᠷᠣᠯᠳᠣᠭᠰᠠᠭᠠᠷ ᠪᠠᠶ᠋ᠢᠯ᠎ᠠ
᠃
ᠲᠡᠷᠡ ᠬᠣᠶᠠᠷ ᠤᠨ
ᠬᠢᠴᠢᠶᠡᠵᠦ ᠪᠠᠶ᠋ᠢᠭ᠎ᠠ ᠶ᠋ᠢ ᠲᠣᠭᠣᠭᠰᠠᠨ ᠴᠤ᠌ ᠶᠠᠭᠤᠮ᠎ᠠ ᠦᠭᠡᠢ ᠳᠡᠭᠡᠷ᠎ᠡ ᠪᠠᠶ᠋ᠢᠬᠰᠠᠨ ᠮᠡᠯᠡᠬᠡᠢ ᠨᠤᠭᠦᠳ
《 ᠲᠠ ᠬᠣᠶᠠᠷ ᠬᠡᠵᠢᠶ᠎ᠡ ᠴᠤ᠌ ᠭᠠᠷᠴᠤ
ᠴᠢᠳᠠᠬᠤ ᠦᠭᠡᠢ ᠂ ᠪᠣᠯᠢᠵᠤ ᠦᠵᠡ 》 ᠭᠡᠭᠰᠡᠭᠡᠷ ᠪᠠᠶ᠋ᠢᠬᠰᠠᠨ ᠶᠤᠮ ᠃ ᠡᠴᠦᠰ ᠲᠤ ᠨᠢ ᠨᠦᠬᠡᠨ ᠳᠦ
ᠤᠨᠠᠭᠰᠠᠨ ᠨᠢᠭᠡ ᠮᠡᠯᠡᠬᠡᠢ ᠨᠢ ᠲᠡᠳᠡᠨ ᠦ ᠬᠡᠯᠡᠵᠦ ᠪᠠᠶ᠋ᠢᠭ᠎ᠠ ᠳᠤ ᠢᠲᠡᠭᠡᠵᠦ ᠪᠠᠭᠤᠵᠤ ᠥᠭᠭᠦᠭᠡᠳ
ᠦᠬᠦᠵᠦ ᠭᠡᠨ᠎ᠡ ᠃
ᠬᠠᠷᠢᠨ ᠨᠥᠭᠦᠭᠡ
ᠮᠡᠯᠡᠬᠡᠢ ᠨᠢ ᠴᠢᠳᠠᠬᠤ ᠴᠢᠨᠡᠭᠡ ᠪᠡᠷ ᠢᠶ᠋ᠡᠨ ᠬᠢᠴᠢᠶᠡᠨ ᠦᠰᠦᠷᠦᠭᠰᠡᠭᠡᠷ ᠯᠡ ᠪᠠᠶ᠋ᠢᠯ᠎ᠠ ᠃
ᠲᠡᠭᠡᠲᠡᠯ᠎ᠡ ᠳᠡᠭᠡᠷ᠎ᠡ
ᠪᠠᠶ᠋ᠢᠬᠰᠠᠨ ᠮᠡᠯᠡᠬᠡᠢ ᠨᠤᠭᠦᠳ 《 ᠳᠠᠬᠢᠭᠠᠳ ᠯᠡ ᠥᠪᠡᠷ ᠢ ᠪᠡᠨ ᠵᠣᠪᠠᠭᠠᠬᠤ ᠪᠠᠨ
ᠪᠣᠯᠢᠭᠠᠳ ᠵᠦᠭᠡᠷ ᠦᠬᠦ 》 ᠭᠡᠵᠦ ᠬᠠᠰᠬᠢᠷᠴᠠᠭᠠᠵᠤ ᠪᠠᠶ᠋ᠢᠬᠰᠠᠨ ᠶᠤᠮ ᠃
ᠮᠡᠯᠡᠬᠡᠢ ᠬᠠᠷᠢᠨ ᠤᠯᠠᠮ
ᠬᠢᠴᠢᠶᠡᠨ ᠦᠰᠦᠷᠦᠭᠰᠡᠭᠡᠷ ᠪᠠᠶ᠋ᠢᠯ᠎ᠠ ᠃
ᠲᠡᠭᠡᠭᠡᠳ ᠰᠡᠭᠦᠯ ᠦᠨ
ᠤᠳᠠᠭ᠎ᠠ ᠨᠢᠭᠡ ᠰᠠᠶ᠋ᠢᠨ ᠦᠰᠦᠷᠲᠡᠯ᠎ᠡ ᠨᠦᠬᠡᠨ ᠡᠴᠡ ᠭᠠᠷᠴᠢᠬᠠᠬᠤ ᠨᠢ ᠲᠡᠷᠡ ᠃
ᠪᠤᠰᠤᠳ ᠮᠡᠯᠡᠬᠡᠢ
ᠨᠤᠭᠦᠳ ᠶᠠᠭᠠᠬᠢᠵᠤ ᠭᠠᠷᠴᠤ ᠴᠢᠳᠠᠭᠰᠠᠨ ᠢ ᠨᠢ ᠭᠠᠶ᠋ᠢᠬᠠᠵᠠᠭᠠᠵᠤ ᠪᠠᠶ᠋ᠢᠪᠠ ᠃
ᠭᠡᠲᠡᠯ᠎ᠡ ᠲᠡᠷᠡ
ᠮᠡᠯᠡᠬᠡᠢ ᠦᠨᠡᠨ ᠳᠦ ᠪᠡᠨ ᠳᠦᠯᠡᠢ ᠪᠠᠶ᠋ᠢᠬᠰᠠᠨ ᠪᠥᠭᠡᠳ ᠪᠤᠰᠤᠳ ᠨᠢ ᠲᠡᠭᠦᠨ ᠢ ᠭᠠᠷᠭᠠᠬᠤ ᠭᠡᠵᠦ
ᠵᠣᠷᠢᠬᠵᠢᠭᠤᠯᠵᠤ ᠪᠠᠶ᠋ᠢᠨ᠎ᠠ ᠭᠡᠵᠦ ᠪᠣᠳᠣᠭᠰᠠᠨ ᠠᠵᠢ ᠃
ᠬᠥᠮᠦᠰ ᠴᠢᠮ᠎ᠠ ᠶ᠋ᠢ ᠶᠠᠮᠠᠷ ᠨᠢᠭᠡᠨ ᠵᠦᠢᠯ ᠢ ᠬᠢᠵᠦ ᠴᠢᠳᠠᠬᠤ ᠦᠭᠡᠢ ᠭᠡᠵᠦ ᠬᠡᠯᠡᠪᠡᠯ
ᠳᠦᠯᠡᠢ ᠶᠤᠮ ᠰᠢᠭ᠌ ᠯᠡ ᠪᠠᠢ ᠃
ᠵᠠᠷᠢᠮ ᠬᠥᠮᠦᠰ ᠥᠪᠡᠷᠰᠡᠳ
ᠢᠶ᠋ᠡᠨ ᠴᠢᠳᠠᠬᠤ ᠦᠭᠡᠢ ᠪᠣᠯᠬᠣᠷ ᠴᠢᠮ᠎ᠠ ᠶ᠋ᠢ ᠪᠠᠶ᠋ᠢᠩᠭᠤ ᠳᠣᠭᠣᠭᠰᠢ ᠲᠠᠲᠠᠬᠤ ᠭᠡᠵᠦ ᠣᠷᠣᠯᠳᠣᠨ᠎ᠠ ᠃
ᠬᠠᠷᠢᠨ ᠴᠢ ᠦᠷᠭᠦᠯᠵᠢ
ᠥᠭᠡᠳᠡᠷᠡᠭ ᠪᠠᠶ᠋ᠢᠵᠤ ᠮᠥᠷᠥᠭᠡᠳᠦᠯ ᠦᠨ ᠢᠶ᠋ᠡᠨ ᠲᠥᠯᠥᠭᠡ ᠥᠪᠡᠷ ᠲᠤ ᠪᠡᠨ ᠢᠲᠡᠭᠡᠯ ᠲᠡᠢ ᠪᠠᠶ᠋ᠢᠬᠤ
ᠬᠡᠷᠡᠭᠲᠡᠢ ᠃
ᠴᠢ ᠵᠠᠪᠠᠯ ᠴᠢᠳᠠᠨ᠎ᠠ ᠃
