ᠪᠠᠷᠰ ᠬᠥᠮᠦᠨ ᠬᠣᠶᠠᠷ - ᠣᠳᠣᠨᠴᠢᠮᠡᠭ ᠎ ᠪᠦᠪᠡᠢБар Хүн Хоёр - Одончимэг _ Бүүвэй 2D ᠳᠣᠮᠣᠭ ᠦᠯᠢᠭᠡᠷ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠷᠰ ᠬᠥᠮᠦᠨ ᠬᠣᠶᠠᠷ - ᠣᠳᠣᠨᠴᠢᠮᠡᠭ ᠎ ᠪᠦᠪᠡᠢБар Хүн Хоёр - Одончимэг _ Бүүвэй 2D

ᠪᠠᠷᠰ ᠬᠥᠮᠦᠨ ᠬᠣᠶᠠᠷ - ᠣᠳᠣᠨᠴᠢᠮᠡᠭ ᠎ ᠪᠦᠪᠡᠢБар Хүн Хоёр - Одончимэг _ Бүүвэй 2D

ᠠᠩᠭᠢᠯᠠᠯ:ᠳᠣᠮᠣᠭ ᠦᠯᠢᠭᠡᠷ
2024-02-16

1388

ᠪᠠᠷᠰ ᠬᠥᠮᠦᠨ ᠬᠣᠶᠠᠷ

   ᠮᠣᠩᠭᠣᠯ ᠠᠷᠠᠳ ᠤ᠋ᠨ ᠦᠯᠢᠭᠡᠷ 
ᠡᠷᠲᠡ ᠤᠷᠢᠳᠤ ᠶ᠋ᠢᠨ ᠴᠠᠭ ᠲᠤ᠌᠂ ᠠᠯᠤᠰ ᠬᠣᠯᠠ ᠶ᠋ᠢᠨ ᠠᠭᠤᠯᠠᠨ ᠳ᠋ᠤ᠌᠂ ᠠᠭᠯᠠᠭ ᠣᠢ ᠶ᠋ᠢᠨ ᠭᠦᠨ ᠳ᠋ᠦ᠍ ᠨᠢᠭᠡᠨ ᠨᠠᠰᠤᠨ ᠥᠨᠳᠥᠷ ᠪᠣᠯᠤᠭᠰᠠᠨ ᠪᠠᠷᠰ ᠪᠠᠢᠵᠠᠢ ᠭᠡᠨ᠎ᠡ᠃ ᠲᠡᠷᠡ ᠪᠠᠷᠰ ᠪᠢᠷ᠎ᠠ ᠲᠡᠩᠬᠡᠭᠡ ᠲᠡᠢ ᠪᠠᠷᠳᠠᠮ ᠵᠠᠩ ᠲᠠᠢ ᠬᠦᠦ ᠲᠡᠢ ᠶᠤᠮᠰᠠᠨᠵᠠᠢ᠃ ᠨᠢᠭᠡ ᠤᠳᠠᠭ᠎ᠠ ᠬᠦᠦ ᠳ᠋ᠦ᠍ ᠪᠡᠨ᠂
— ᠵᠠ ᠬᠦᠦ ᠮᠢᠨᠢ ᠬᠦᠴᠦᠨ ᠳ᠋ᠦ᠍ ᠪᠡᠨ ᠡᠷᠲᠡᠢᠵᠦ ᠬᠥᠮᠦᠨ ᠭᠡᠳᠡᠭ ᠠᠮᠢᠲᠠᠨ ᠳ᠋ᠤ᠌ ᠯᠠ ᠪᠤᠤ ᠣᠢᠷᠠᠳᠤᠭᠠᠷᠠᠢ᠃ ᠣᠷᠴᠢᠯᠠᠩ ᠬᠣᠷᠸ᠎ᠠ ᠳ᠋ᠤ᠌ ᠬᠥᠮᠦᠨ ᠡᠴᠡ ᠠᠢᠬᠤᠪᠲᠤᠷ ᠠᠮᠢᠲᠠᠨ ᠭᠡᠵᠦ ᠦᠭᠡᠢ ᠰᠢᠦ ᠭᠡᠮᠡᠨ ᠵᠠᠬᠢᠵᠤ ᠬᠡᠯᠡᠭᠡᠳ ᠨᠠᠰᠤᠨ ᠥᠭᠡᠳᠡ ᠪᠣᠯᠵᠤ ᠭᠡᠨ᠎ᠡ᠃ ᠭᠡᠪᠡᠴᠦ ᠪᠠᠷᠳᠠᠮ ᠵᠠᠩ ᠲᠠᠢ ᠵᠠᠯᠠᠭᠤ ᠪᠠᠷᠰ ᠡᠴᠢᠭᠡ ᠶ᠋ᠢᠨ ᠢ᠋ᠶ᠋ᠡᠨ ᠵᠠᠬᠢᠶ᠎ᠠ ᠶ᠋ᠢ ᠣᠭᠲᠣ ᠲᠤᠭᠤᠯ ᠦᠭᠡᠢ ᠬᠥᠮᠦᠨ ᠭᠡᠳᠡᠭ ᠶᠠᠮᠠᠷ ᠠᠮᠢᠲᠠᠨ ᠪᠣᠯᠤᠭᠠᠳ ᠣᠢᠷᠠᠳᠴᠤ ᠪᠣᠯᠳᠠᠭ ᠦᠭᠡᠢ ᠶᠦᠮ ᠪᠣᠯ᠂ ᠲᠡᠭᠦᠨ ᠲᠡᠢ ᠨᠢᠭᠡ ᠬᠦᠴᠦ ᠪᠡᠨ ᠦᠵᠡᠭᠡᠳ ᠠᠯᠳᠠᠬᠤ ᠶᠤᠮᠰᠠᠨ ᠭᠡᠵᠦ ᠬᠣᠷᠣᠬᠠᠢᠵᠢᠨ ᠪᠣᠳᠣᠵᠤ ᠬᠥᠮᠦᠨ ᠢ᠋ ᠡᠷᠢᠵᠦ ᠶᠠᠪᠤᠳᠠᠭ ᠪᠣᠯᠵᠤ ᠭᠡᠨ᠎ᠡ᠃
— ᠭᠡᠲᠡᠯ᠎ᠡ ᠬᠠᠩᠭᠠᠢ ᠶ᠋ᠢᠨ ᠬᠦᠴᠦᠲᠦ ᠪᠤᠬ᠎ᠠ ᠲᠠᠭᠠᠷᠠᠯᠳᠤᠵᠠᠢ᠃
— ᠵᠠ ᠬᠦ ᠴᠢ ᠬᠥᠮᠦᠨ ᠭᠡᠳᠡᠭ ᠠᠮᠢᠲᠠᠨ ᠮᠥᠨ ᠤᠤ ᠭᠡᠮᠡᠨ ᠠᠰᠠᠭᠤᠬᠤ ᠳ᠋ᠤ᠌ ᠨᠢ᠂
— ᠦᠭᠡᠢ ᠳᠡ᠂ ᠪᠢ ᠬᠥᠮᠦᠨ ᠪᠢᠰᠢ᠂ ᠦᠬᠡᠷ ᠰᠦᠷᠦᠭ ᠦ᠋ᠨ ᠲᠦᠷᠦᠭᠦᠨ ᠪᠤᠬ᠎ᠠ ᠪᠠᠢᠨ᠎ᠠ ᠭᠡᠯ᠎ᠡ᠃
— ᠪᠠᠷᠰ ᠲᠡᠭᠡᠬᠦ ᠳ᠋ᠦ᠍ ᠨᠢ
— ᠲᠡᠭᠡᠪᠡᠯ ᠴᠢ ᠲᠡᠷᠡ ᠬᠥᠮᠦᠨ ᠭᠡᠳᠡᠭ ᠠᠮᠢᠲᠠᠨ ᠢ᠋ ᠮᠡᠳᠡᠬᠦ ᠤᠤ ᠭᠡᠯ᠎ᠡ᠃
— ᠮᠡᠳᠡᠬᠦ ᠪᠡᠷ ᠪᠠᠷᠠᠬᠤ ᠦᠭᠡᠢ ᠳᠡ ᠪᠢ ᠲᠡᠭᠦᠨ ᠦ᠌ ᠭᠠᠷ ᠲᠤ᠌ ᠨᠢ ᠪᠠᠢᠬᠤ ᠦᠭᠡᠢ ᠤᠤ᠂ ᠮᠢᠨᠦ ᠬᠠᠮᠠᠷ ᠤ᠋ᠨ ᠳᠦᠷᠢ ᠶ᠋ᠢ ᠬᠠᠷᠠ ᠳᠠ᠂ ᠨᠠᠮ᠎ᠠ ᠶ᠋ᠢ ᠢᠩᠭᠢᠵᠦ ᠳᠦᠷᠢᠯᠡᠭᠡᠳ ᠬᠥᠲᠥᠯᠵᠦ᠂ ᠪᠠᠰᠠ ᠲᠡᠷᠭᠡᠨ ᠳ᠋ᠦ᠍ ᠬᠦᠯᠢᠵᠦ ᠮᠥᠨ ᠤᠨᠤᠵᠤ ᠶᠠᠪᠤᠳᠠᠭ ᠶᠤᠮ ᠭᠡᠵᠦ ᠪᠤᠬ᠎ᠠ ᠬᠠᠷᠢᠭᠤ ᠬᠡᠯᠡᠵᠦ ᠭᠡᠨ᠎ᠡ᠃
— ᠲᠡᠭᠡᠪᠡᠯ ᠲᠡᠷᠡ ᠪᠢᠷ᠎ᠠ ᠲᠡᠩᠬᠡᠭᠡ ᠲᠡᠢ ᠠᠮᠢᠲᠠᠨ ᠪᠠᠢᠬᠤ ᠨᠢ ᠭᠡᠵᠦ ᠪᠠᠷᠰ ᠭᠠᠢᠬᠠᠨ ᠬᠡᠯᠡᠬᠦ ᠳ᠋ᠦ᠍᠂ ᠪᠤᠬ᠎ᠠ
— ᠶᠠᠭᠠᠬᠢᠯ᠎ᠠ ᠭᠡᠵᠦ ᠲᠡᠷᠡ ᠲᠡᠢᠮᠦ ᠪᠢᠰᠢ᠂ ᠨᠠᠮ᠎ᠠ ᠶ᠋ᠢ ᠲᠣᠯᠣᠭᠠᠢ ᠪᠠᠨ ᠬᠥᠳᠡᠯᠬᠦ ᠳ᠋ᠦ᠍ ᠡᠪᠡᠷ ᠡᠴᠡ ᠨᠢ ᠵᠡᠭᠦᠭᠳᠡᠭᠡᠳ ᠡᠨᠳᠡ ᠲᠡᠨᠳᠡ ᠮᠢᠨᠢ ᠭᠠᠷᠴᠤ ᠯᠠ ᠪᠠᠢᠳᠠᠭ ᠶᠤᠮ ᠭᠡᠵᠦ ᠭᠡᠨ᠎ᠡ᠃
— ᠲᠡᠭᠡᠭᠡᠳ ᠪᠠᠷᠰ ᠶᠠᠭᠠᠬᠢᠭᠰᠠᠨ ᠬᠠᠴᠢᠨ ᠶᠤᠮ ᠪᠣᠢ᠂ ᠡᠢᠮᠦ ᠲᠣᠮᠣ ᠪᠠᠷᠪᠠᠭᠠᠷ ᠡᠪᠡᠷ ᠲᠡᠢ᠂ ᠪᠦᠳᠦᠭᠦᠨ ᠴᠡᠭᠡᠵᠢ ᠲᠡᠢ ᠨᠦᠰᠡᠷ ᠪᠡᠶ᠎ᠡ ᠲᠡᠢ ᠠᠮᠢᠲᠠᠨ ᠢ᠋ ᠶᠠᠭᠠᠬᠢᠵᠤ ᠲᠠᠷᠴᠢᠯᠠᠵᠤ ᠴᠢᠳᠠᠳᠠᠭ ᠶᠤᠮ ᠪᠣᠯ ᠳᠠ ᠭᠡᠵᠦ ᠪᠣᠳᠣᠭᠠᠳ ᠴᠢᠨᠠᠭᠰᠢ ᠶᠠᠪᠤᠵᠠᠢ ᠭᠡᠨ᠎ᠡ᠃
ᠭᠡᠲᠡᠯ᠎ᠡ ᠳᠠᠷᠠᠭ᠎ᠠ ᠰᠦᠷᠦᠭ ᠲᠦ᠍ ᠪᠡᠨ ᠰᠦᠷᠯᠢᠭ ᠲᠣᠮᠣ ᠪᠡᠶ᠎ᠡ ᠲᠡᠢ ᠪᠤᠤᠷ᠎ᠠ ᠲᠠᠭᠠᠷᠠᠯᠳᠤᠵᠤ ᠭᠡᠨ᠎ᠡ᠃ ᠥᠨᠥ ᠪᠠᠷᠰ
— ᠴᠢ ᠬᠦ ᠲᠡᠷᠡ ᠬᠥᠮᠦᠨ ᠭᠡᠳᠡᠭ ᠠᠮᠢᠲᠠᠨ ᠮᠥᠨ ᠤᠤ ᠭᠡᠰᠡᠨ ᠳ᠋ᠦ᠍ ᠪᠤᠤᠷ᠎ᠠ᠂
— ᠦ᠋ ᠦᠭᠡᠢ ᠳᠡ᠂ ᠪᠢ ᠬᠥᠮᠦᠨ ᠪᠢᠰᠢ ᠲᠡᠮᠡᠭᠡᠨ ᠰᠦᠷᠦᠭ ᠦ᠋ᠨ ᠲᠦᠷᠦᠭᠦᠨ ᠪᠤᠤᠷ᠎ᠠ ᠭᠡᠭᠴᠢ ᠪᠠᠢᠨ᠎ᠠ᠂ ᠲᠠ ᠬᠥᠮᠦᠨ ᠢ᠋ᠶ᠋ᠡᠷ ᠶᠠᠭᠠᠬᠢᠬᠤ ᠪᠣᠢ ᠭᠡᠵᠦ ᠠᠰᠠᠭᠤᠯ᠎ᠠ᠃ ᠪᠠᠷᠰ
— ᠪᠢ ᠲᠡᠷᠡ ᠬᠥᠮᠦᠨ ᠭᠡᠭᠴᠢ ᠲᠡᠢ ᠬᠦᠴᠦ ᠪᠡᠨ ᠦᠵᠡᠯᠴᠡᠬᠦ ᠭᠡᠰᠡᠨ ᠶᠦᠮ ᠭᠡᠬᠦ ᠳ᠋ᠦ᠍ ᠨᠢ᠂ ᠪᠤᠤᠷ᠎ᠠ
— ᠠᠢ ᠪᠠᠷᠰ ᠮᠢᠨᠢ ᠳᠡᠮᠡᠢ ᠪᠠᠢᠬ᠎ᠠ᠂ ᠲᠡᠷᠡ ᠬᠥᠮᠦᠨ ᠭᠡᠳᠡᠭ ᠠᠮᠢᠲᠠᠨ ᠴᠢᠨᠢ ᠡᠨᠡ ᠬᠣᠷᠸ᠎ᠠ ᠶ᠋ᠢᠨ ᠬᠠᠮᠤᠭ ᠤ᠋ᠨ ᠬᠦᠴᠦ ᠲᠡᠢ ᠠᠮᠢᠲᠠᠨ ᠰᠢᠦ᠂ ᠬᠡᠷᠡᠭ ᠦᠭᠡᠢ ᠪᠠᠢᠬ᠎ᠠ ᠭᠡᠵᠦ ᠭᠡᠨ᠎ᠡ᠃ ᠪᠠᠷᠰ
— ᠲᠡᠭᠡᠪᠡᠯ ᠲᠡᠷᠡ ᠬᠥᠮᠦᠨ ᠭᠡᠭᠴᠢ ᠨᠢ ᠠᠰᠠᠷ ᠲᠣᠮᠣ ᠠᠮᠢᠲᠠᠨ ᠪᠠᠢᠬᠤ ᠤᠤ ᠭᠡᠵᠦ ᠠᠰᠠᠭᠤᠬᠤ ᠳ᠋ᠤ᠌ ᠨᠢ ᠪᠤᠤᠷ᠎ᠠ
— ᠦᠭᠡᠢ ᠳᠡ ᠦᠭᠡᠢ᠂ ᠵᠢᠭᠠᠬᠠᠨ ᠠᠮᠢᠲᠠᠨ ᠪᠣᠢ᠂ ᠪᠢ ᠬᠥᠮᠦᠨ ᠢ᠋ ᠴᠢᠨᠢ ᠳᠡᠭᠡᠷ᠎ᠡ ᠪᠡᠨ ᠮᠣᠷᠳᠠᠭᠤᠯᠬᠤ ᠭᠡᠳ ᠰᠥᠭᠥᠳᠴᠦ ᠥᠭᠳᠡᠭ ᠪᠠᠢᠬᠤ ᠦᠭᠡᠢ ᠤᠤ ᠭᠡᠵᠦ ᠬᠡᠯᠡᠬᠦ ᠳ᠋ᠦ᠍ ᠨᠢ᠂ ᠪᠠᠷᠰ
— ᠦᠢ ᠴᠢ ᠪᠠᠰᠠ ᠬᠥᠮᠦᠨ ᠭᠡᠳᠡᠭ ᠦ᠋ᠨ ᠵᠠᠷᠤᠴᠠ ᠨᠢ ᠶᠦᠮ ᠤᠤ ᠭᠡᠵᠦ ᠭᠠᠢᠬᠠᠪᠠᠯ ᠳᠡᠭᠡᠯ ᠦᠭᠡᠢ ᠶᠠᠭᠠᠬᠢᠬᠤ ᠪᠣᠢ᠂ ᠮᠢᠨᠦ ᠬᠠᠮᠠᠷ ᠤ᠋ᠨ ᠪᠤᠢᠯᠠ ᠶ᠋ᠢ ᠬᠠᠷᠠ ᠳᠠ᠂ ᠨᠠᠮ᠎ᠠ ᠶ᠋ᠢ ᠪᠤᠷᠠᠨᠲᠠᠭ ᠢ᠋ᠶ᠋ᠠᠷ ᠳᠠᠷᠤᠵᠤ ᠤᠨᠠᠨ᠂ ᠠᠴᠢᠯᠭ᠎ᠠ ᠠᠴᠢᠨ ᠵᠢᠩ ᠲᠡᠭᠡᠭᠡᠳᠡᠭ ᠶᠦᠮ ᠰᠢᠦ ᠳᠡ ᠭᠡᠵᠦ ᠬᠡᠯᠡᠯ᠎ᠡ᠃
— ᠦᠭᠡᠢ ᠮᠥᠨ ᠬᠠᠴᠢᠨ ᠶᠤᠮ ᠶᠤᠮ ᠳᠠ ᠭᠡᠵᠦ ᠪᠠᠷᠰ ᠭᠠᠢᠬᠠᠨ ᠳᠠᠭᠤ ᠠᠯᠳᠠᠬᠤ ᠳ᠋ᠤ᠌ ᠪᠤᠤᠷ᠎ᠠ᠂
— ᠬᠥᠮᠦᠨ ᠦ᠌ ᠬᠦᠴᠦ ᠴᠢᠳᠠᠯ ᠤᠬᠠᠭᠠᠨ ᠳ᠋ᠤ᠌ ᠪᠠᠨ ᠪᠠᠢᠳᠠᠭ ᠶᠤᠮ᠃
ᠲᠡᠢᠮᠦ ᠤᠬᠠᠭᠠᠨ ᠲᠠᠢ ᠠᠮᠢᠲᠠᠨ ᠮᠡᠳᠡᠭᠡᠴᠢ ᠬᠦᠴᠦ ᠲᠡᠢ ᠪᠠᠢᠬᠤ ᠨᠢ ᠠᠷᠭ᠎ᠠ ᠦᠭᠡᠢ᠂ ᠪᠠᠷᠰ ᠴᠢᠨᠠᠭᠰᠢ ᠶᠠᠪᠤᠬᠤ ᠳ᠋ᠤ᠌ ᠪᠠᠨ ᠡᠢᠨ ᠪᠣᠳᠣᠯ᠎ᠠ᠃ ᠬᠥᠮᠦᠨ ᠭᠡᠳᠡᠭ ᠴᠢᠨᠢ ᠪᠢᠷ᠎ᠠ ᠲᠡᠩᠬᠡᠭᠡ ᠪᠠᠭ᠎ᠠ ᠲᠠᠢ᠂ ᠪᠡᠶ᠎ᠡ ᠪᠢᠯᠳᠠᠷ ᠵᠢᠵᠢᠭ ᠭᠡᠬᠦ ᠶ᠋ᠢ ᠪᠣᠳᠣᠬᠤ ᠳ᠋ᠤ᠌ ᠡᠢᠮᠦ ᠴᠦ᠍ ᠰᠦᠷᠡᠬᠡᠢ ᠰᠦᠷᠳᠡᠮᠡᠷ ᠠᠮᠢᠲᠠᠨ ᠪᠢᠰᠢ ᠰᠢᠦ ᠳᠡ ᠭᠡᠵᠦ ᠴᠢᠮᠠᠯᠠᠨ ᠪᠣᠳᠣᠭᠠᠳ᠂ ᠬᠠᠷᠢᠨ ᠤᠬᠠᠭᠠᠨ ᠭᠡᠳᠡᠭ ᠨᠢ ᠶᠠᠭᠤ ᠪᠠᠢᠳᠠᠭ ᠶᠤᠮ ᠪᠣᠯ ᠳᠠ᠂ ᠲᠡᠭᠦᠨ ᠢ᠋ ᠨᠢ ᠪᠤᠯᠢᠶᠠᠭᠠᠳ ᠠᠪᠴᠢᠬᠤ ᠶᠤᠮ ᠰᠠᠨ ᠭᠡᠭᠰᠡᠭᠡᠷ ᠣᠢ ᠮᠣᠳᠣ ᠯᠤᠭ᠎ᠠ ᠣᠷᠣᠯ᠎ᠠ᠃ ᠡᠭᠦᠨ ᠢ᠋ ᠬᠠᠢᠵᠤ ᠴᠥᠬᠥᠷᠡᠩᠭᠡ ᠪᠠᠷᠠᠲᠠᠯ᠎ᠠ ᠶᠠᠪᠤᠵᠤ ᠭᠡᠨ᠎ᠡ᠃ ᠲᠡᠭᠡᠵᠦ ᠶᠠᠪᠤᠭᠰᠠᠭᠠᠷ ᠨᠢᠭᠡ ᠲᠦᠯᠡᠭᠡᠴᠢᠨ ᠬᠥᠮᠦᠨ ᠲᠡᠢ ᠲᠠᠭᠠᠷᠠᠯᠳᠤᠵᠠᠢ᠃
— ᠬᠥᠮᠦᠨ ᠭᠡᠳᠡᠭ ᠠᠮᠢᠲᠠᠨ ᠬᠠᠮᠢᠭ᠎ᠠ ᠪᠠᠢᠨ᠎ᠠ ᠭᠡᠵᠦ ᠠᠰᠠᠭᠤᠭᠰᠠᠨ ᠳ᠋ᠤ᠌ ᠲᠦᠯᠡᠭᠡᠴᠢᠨ᠂
— ᠬᠥᠮᠦᠨ ᠭᠡᠵᠦ ᠠᠮᠢᠲᠠᠨ ᠪᠢ ᠪᠠᠢᠨ᠎ᠠ᠂ ᠲᠠ ᠶᠠᠭᠠᠬᠢᠬᠤ ᠪᠣᠢ ᠭᠡᠵᠦ ᠳᠣᠲᠣᠷ᠎ᠠ ᠪᠠᠨ ᠶᠡᠬᠡ ᠯᠡ ᠠᠶᠤᠭᠰᠠᠨ ᠪᠣᠯᠪᠠᠴᠤ ᠪᠠᠷᠳᠠᠮ ᠳᠦᠷᠢ ᠲᠡᠢ ᠬᠡᠯᠡᠬᠦ ᠳ᠋ᠦ᠍᠂
— ᠶᠠᠭᠤ᠂ ᠬᠥᠮᠦᠨ ᠭᠡᠳᠡᠭ ᠮᠠᠨ ᠶᠡᠷᠦᠳᠡᠭᠡᠨ ᠡᠨᠡ ᠶᠠᠭᠤ ᠭᠡᠵᠦ ᠪᠠᠰᠤᠮᠵᠢᠯᠠᠨ ᠳᠠᠭᠤ ᠠᠯᠳᠠᠭᠰᠠᠨ ᠢ᠋ᠶ᠋ᠠᠨ᠂ ᠠᠷᠠᠰᠤ ᠬᠥᠷᠥᠰᠥ ᠴᠦ᠍ ᠪᠠᠢᠬᠤ ᠦᠭᠡᠢ᠂ ᠠᠷᠴᠠᠭ᠎ᠠ ᠦᠭᠡᠢ ᠠᠮᠢᠲᠠᠨ ᠪᠠᠢᠨ᠎ᠠ ᠳᠠ᠂ ᠠᠩᠰᠠᠯᠵᠤ ᠳᠡᠯᠡᠰᠵᠦ ᠲᠣᠨᠢᠯᠭᠠᠬᠤ ᠶᠤᠮ ᠪᠠᠢᠨ᠎ᠠ ᠭᠡᠵᠦ ᠪᠣᠳᠣᠭᠠᠳ᠂
— ᠴᠢᠮ᠎ᠠ ᠳ᠋ᠤ᠌ ᠲᠡᠭᠡᠭᠡᠳ ᠦᠵᠡᠭᠦᠯᠵᠦ ᠬᠠᠷᠠᠭᠤᠯᠬᠤ ᠬᠦᠴᠦ ᠴᠢᠳᠠᠯ ᠭᠡᠵᠦ ᠪᠠᠢᠳᠠᠭ ᠶᠤᠮ ᠤᠤ ᠭᠡᠵᠦ ᠶᠡᠬᠡᠳᠡ ᠳᠡᠭᠡᠷᠡᠩᠭᠦᠢ ᠠᠰᠠᠭᠤᠯ᠎ᠠ ᠬᠡᠨ ᠰᠢᠦ᠃ ᠭᠡᠬᠦ ᠳ᠋ᠦ᠍ ᠨᠢ ᠬᠥᠮᠦᠨ
— ᠠᠰᠢ ᠪᠠᠷᠰ ᠭᠤᠸᠠᠢ ᠮᠢᠨᠢ ᠪᠠᠢᠯᠭᠦᠢ ᠶᠠᠭᠠᠬᠢᠬᠤ ᠪᠣᠢ᠃ ᠮᠢᠨᠦ ᠬᠦᠴᠦ ᠴᠢᠳᠠᠯ ᠤᠬᠠᠭᠠᠨ ᠳ᠋ᠤ᠌ ᠪᠠᠨ ᠪᠠᠢᠳᠠᠭ ᠶᠤᠮ ᠰᠢᠦ ᠳᠡ ᠭᠡᠰᠡᠨ ᠳ᠋ᠦ᠍᠂ ᠨᠥᠭᠦᠭᠡ ᠪᠠᠷᠰ ᠬᠥᠮᠦᠨ ᠡᠴᠡ ᠲᠡᠷᠡ ᠤᠬᠠᠭᠠᠨ ᠢ᠋ ᠨᠢ ᠪᠤᠯᠢᠶᠠᠵᠤ ᠠᠪᠤᠨ᠎ᠠ ᠭᠡᠵᠦ ᠪᠣᠳᠣᠵᠤ ᠶᠠᠪᠤᠭᠰᠠᠨ ᠲᠤᠯᠠ᠂
— ᠵᠠ ᠠᠯᠢ ᠪᠣᠢ᠂ ᠲᠡᠷᠡ ᠤᠬᠠᠭᠠᠨ ᠢ᠋ᠶ᠋ᠠᠨ ᠨᠠᠳᠠᠳᠤ ᠦᠵᠡᠭᠦᠯᠦᠭᠡᠳ ᠠᠯᠢ ᠭᠡᠪᠡ᠃
— ᠪᠠᠷᠰ ᠭᠤᠸᠠᠢ᠂ ᠪᠢ ᠲᠠᠨ ᠢ᠋ ᠡᠨᠳᠡ ᠤᠬᠠᠭᠠᠨ ᠦᠵᠡᠬᠦ ᠶᠦᠮ ᠭᠡᠵᠦ ᠶᠡᠷᠦ ᠰᠠᠨᠠᠭᠰᠠᠨ ᠦᠭᠡᠢ᠂ ᠲᠡᠭᠦᠨ ᠢ᠋ ᠭᠡᠷ ᠲᠦ᠍ ᠪᠡᠨ ᠣᠷᠬᠢᠭᠠᠳ ᠢᠷᠡᠭᠰᠡᠨ ᠰᠢᠦ ᠳᠡ ᠭᠡᠬᠦ ᠳ᠋ᠦ᠍ ᠪᠠᠷᠰ᠂
— ᠵᠠ ᠲᠡᠭᠡᠪᠡᠯ ᠣᠴᠢᠵᠤ ᠦᠵᠡᠨ᠎ᠡ ᠳᠡ ᠭᠡᠳ ᠪᠠᠷᠬᠢᠷᠠᠨ ᠠᠯᠬᠤᠯ᠎ᠠ᠃
   — ᠠᠢ ᠪᠤᠷᠬᠠᠨ ᠮᠢᠨᠢ᠂ ᠪᠠᠷᠰ ᠭᠤᠸᠠᠢ ᠲᠠ ᠨᠠᠮ᠎ᠠ ᠶ᠋ᠢ ᠳᠠᠭᠠᠬᠤ ᠬᠡᠷᠡᠭ ᠦᠭᠡᠢ ᠪᠠᠢᠬ᠎ᠠ᠃ ᠮᠠᠨ ᠤ᠋ ᠬᠣᠲᠠᠴᠢ ᠨᠣᠬᠠᠢ ᠨᠤᠭᠤᠳ ᠮᠢᠨᠢ ᠲᠠᠨ ᠢ᠋ ᠬᠠᠷᠠᠮᠠᠭᠴᠠ ᠳᠠᠪᠬᠢᠨ ᠢᠷᠡᠵᠦ ᠠᠮᠢᠨ ᠳ᠋ᠤ᠌ ᠴᠢᠨᠢ ᠠᠶᠤᠯ ᠤᠴᠠᠷᠠᠭᠤᠯᠵᠤ ᠮᠡᠳᠡᠨ᠎ᠡ᠃ ᠲᠠ ᠡᠨᠳᠡ ᠪᠡᠨ ᠬᠦᠯᠢᠶᠡᠵᠦ ᠪᠠᠢᠭᠰᠠᠨ ᠳᠡᠭᠡᠷ᠎ᠡ ᠭᠡᠯ᠎ᠡ᠃ ᠪᠠᠷᠰ ᠲᠡᠨᠳᠡ ᠪᠡᠨ ᠬᠣᠴᠣᠷᠬᠤ ᠪᠣᠯᠬᠤ ᠳ᠋ᠤ᠌ ᠲᠦᠯᠡᠭᠡᠴᠢᠨ ᠬᠡᠳᠦ ᠠᠯᠬᠤᠭᠰᠠᠨ ᠢ᠋ᠶ᠋ᠠᠨ ᠲᠡᠭᠡᠨᠡᠭᠡᠯᠵᠡᠨ ᠵᠣᠭᠰᠣᠭᠠᠳ᠂
— ᠪᠢ ᠠᠶᠤᠭᠠᠳ ᠪᠠᠢᠨ᠎ᠠ ᠭᠡᠯ᠎ᠡ᠃ ᠪᠠᠷᠰ
— ᠶᠠᠭᠤᠨ ᠠ᠋ᠴᠠ ᠠᠶᠤᠭ᠎ᠠ ᠪᠣᠢ ᠭᠡᠵᠦ ᠭᠠᠢᠬᠠᠨ ᠠᠰᠠᠭᠤᠬᠤ ᠳ᠋ᠤ᠌᠂
— ᠦ ᠲᠠᠨ ᠢ᠋ ᠠᠷᠤ ᠠ᠋ᠴᠠ ᠪᠠᠷᠢᠭᠠᠳ ᠠᠪᠬᠤ ᠪᠣᠯᠪᠠ ᠤᠤ ᠭᠡᠵᠦ ᠠᠶᠤᠭᠠᠳ ᠪᠠᠢᠨ᠎ᠠ ᠭᠡᠰᠡᠨ ᠳ᠋ᠦ᠍᠂ ᠪᠠᠷᠰ ᠬᠥᠮᠦᠨ ᠭᠡᠳᠡᠭ ᠡᠢᠮᠦ ᠠᠶᠤᠮᠠᠲᠠᠭᠠᠢ ᠪᠠᠢᠵᠤ᠂ ᠶᠠᠭᠠᠬᠢᠵᠤ ᠬᠦᠴᠦ ᠴᠢᠳᠠᠯ ᠲᠠᠢ ᠪᠠᠢᠬᠤ ᠪᠣᠢ ᠭᠡᠵᠦ ᠪᠣᠳᠣᠭᠠᠳ᠂
— ᠵᠠ ᠲᠡᠭᠡᠪᠡᠯ ᠨᠠᠮ᠎ᠠ ᠶ᠋ᠢ ᠡᠨᠡ ᠮᠣᠳᠣᠨ ᠠ᠋ᠴᠠ ᠤᠶᠠᠭᠠᠳ ᠶᠠᠪᠤ ᠭᠡᠯ᠎ᠡ᠃ ᠲᠦᠯᠡᠭᠡᠴᠢᠨ ᠪᠠᠷᠰ ᠢ᠋ ᠪᠦᠰᠡ ᠪᠡᠷ ᠢ᠋ᠶ᠋ᠡᠨ ᠪᠦᠳᠦᠭᠦᠨ ᠮᠣᠳᠣᠨ ᠳ᠋ᠤ᠌ ᠪᠥᠬᠡ ᠭᠡᠭᠴᠢ ᠬᠦᠯᠢᠭᠡᠳ
— ᠵᠠ ᠪᠠᠷᠰ ᠭᠤᠸᠠᠢ ᠪᠢ ᠶᠠᠪᠤᠭᠠᠳ ᠰᠡᠴᠡᠨ ᠤᠬᠠᠭᠠᠨ ᠢ᠋ᠶ᠋ᠠᠨ ᠠᠪᠤᠭᠠᠳ ᠢᠷᠡᠶ᠎ᠡ᠂ ᠲᠠ ᠬᠦᠯᠢᠶᠡᠵᠦ ᠪᠠᠢᠭᠠᠷᠠᠢ ᠭᠡᠳ ᠶᠠᠪᠤᠴᠢᠬᠠᠵᠠᠢ᠃
— ᠲᠦᠳᠡ ᠤᠳᠠᠯ ᠦᠭᠡᠢ ᠲᠦᠯᠡᠭᠡᠴᠢᠨ ᠮᠣᠳᠣᠨ ᠤ᠋ ᠬᠠᠲᠠᠭᠰᠠᠨ ᠮᠥᠴᠢᠷ ᠦ᠋ᠳ ᠢ᠋ ᠲᠡᠪᠡᠷᠢᠵᠦ ᠠᠪᠴᠢᠷᠠᠭᠠᠳ ᠪᠠᠷᠰ ᠤ᠋ᠨ ᠬᠠᠵᠠᠭᠤ ᠪᠠᠷ ᠣᠪᠣᠭᠠᠯᠠᠵᠤ ᠭᠠᠷᠪᠠ᠃ ᠲᠡᠭᠡᠭᠡᠳ
— ᠪᠢ ᠤᠬᠠᠭᠠᠨ ᠢ᠋ᠶ᠋ᠠᠨ ᠠᠪᠤᠭᠠᠳ ᠢᠷᠡᠯ᠎ᠡ᠃ ᠣᠳᠣ ᠲᠠ ᠦᠵᠡ ᠳᠡ ᠭᠡᠳ ᠬᠡᠲᠡ ᠴᠠᠬᠢᠭᠤᠷ ᠴᠠᠬᠢᠯᠵᠤ ᠣᠪᠣᠭᠠᠯᠠᠭᠰᠠᠨ ᠮᠥᠴᠢᠷ ᠲᠦ᠍ ᠪᠡᠨ ᠭᠠᠯ ᠣᠷᠣᠭᠤᠯᠤᠭᠠᠳ ᠶᠠᠪᠤᠭᠠᠳ ᠥᠭᠴᠦ ᠭᠡᠨ᠎ᠡ᠃ ᠪᠠᠷᠰ ᠡᠨᠳᠡ ᠲᠡᠨᠳᠡ ᠡᠴᠡ ᠪᠡᠨ ᠰᠢᠳᠡᠵᠦ ᠡᠬᠢᠯᠡᠬᠦ ᠳ᠋ᠦ᠍ ᠦᠩᠬᠦᠯᠴᠡᠭ ᠢ᠋ᠶ᠋ᠡᠨ ᠬᠠᠭᠠᠷᠠᠲᠠᠯ᠎ᠠ ᠠᠶᠤᠵᠤ ᠠᠷᠭ᠎ᠠ ᠪᠠᠨ ᠪᠠᠷᠠᠵᠤ ᠪᠠᠢᠲᠠᠯ᠎ᠠ᠂ ᠠᠰᠢᠭᠦᠢ ᠦᠯᠡᠳᠡᠭᠰᠡᠨ ᠪᠦᠰᠡ ᠨᠢ ᠲᠦᠯᠡᠭᠳᠡᠨ ᠰᠤᠯᠠᠷᠠᠵᠤ ᠰᠡᠩᠳᠡ ᠮᠡᠩᠳᠡ ᠭᠠᠯ ᠳᠤᠮᠳᠠᠭᠤᠷ ᠳᠡᠭᠦᠯᠢᠨ ᠭᠠᠷᠴᠤ ᠠᠮᠢ ᠵᠤᠯᠪᠠᠨ ᠳᠠᠪᠬᠢᠵᠤ ᠵᠢᠭᠤᠲᠠᠵᠤ ᠭᠡᠨ᠎ᠡ᠃ ᠢᠩᠭᠢᠵᠦ ᠪᠠᠷᠰ ᠬᠥᠮᠦᠨ ᠦ᠌ ᠰᠡᠴᠡᠨ ᠤᠬᠠᠭᠠᠨ ᠢ᠋ ᠦᠵᠡᠬᠦ ᠭᠡᠰᠡᠨ ᠬᠦᠰᠡᠯ ᠡᠴᠡ ᠪᠡᠨ ᠪᠣᠯᠵᠤ ᠦᠰᠦ ᠨᠢ ᠣᠭᠣᠴᠢᠨ ᠰᠤᠭᠤᠴᠢᠨ ᠲᠦᠯᠡᠭᠳᠡᠭᠡᠳ ᠬᠠᠷ᠎ᠠ ᠴᠣᠬᠣᠷ ᠠᠷᠠᠰᠤ ᠲᠠᠢ ᠪᠣᠯᠤᠭᠰᠠᠨ ᠭᠡᠳᠡᠭ᠃ ᠡᠪᠦᠭᠡᠨ ᠪᠤᠭᠤᠷᠤᠯ ᠠᠪᠤ ᠶ᠋ᠢᠨ ᠢ᠋ᠶ᠋ᠡᠨ ᠵᠠᠬᠢᠵᠤ ᠬᠡᠯᠡᠭᠰᠡᠨ ᠦᠭᠡᠨ ᠡᠴᠡ ᠵᠥᠷᠢᠴᠡᠵᠦ᠂ ᠵᠠᠮ ᠳ᠋ᠤ᠌ ᠲᠠᠭᠠᠷᠠᠭᠰᠠᠨ ᠪᠤᠬ᠎ᠠ ᠪᠤᠤᠷ᠎ᠠ ᠬᠣᠶᠠᠷ ᠤ᠋ᠨ ᠰᠠᠨᠠᠭᠤᠯᠵᠤ ᠬᠡᠯᠡᠭᠰᠡᠨ ᠢ᠋ ᠦᠯᠦ ᠲᠣᠭᠣᠨ᠂ ᠬᠥᠮᠦᠨ ᠭᠡᠳᠡᠭ ᠠᠮᠢᠲᠠᠨ ᠲᠠᠢ ᠬᠦᠴᠦ ᠪᠡᠨ ᠦᠵᠡᠬᠦ ᠭᠡᠵᠦ ᠡᠷᠢᠵᠦ ᠶᠠᠪᠤᠭᠰᠠᠨ ᠳ᠋ᠤ᠌ ᠪᠠᠨ ᠬᠠᠷᠠᠮᠰᠠᠨ ᠭᠡᠮᠰᠢᠵᠦ ᠭᠡᠨ᠎ᠡ᠃ ᠬᠠᠷᠢᠨ ᠲᠦᠯᠡᠭᠡᠴᠢᠨ ᠰᠡᠴᠡᠨ ᠤᠬᠠᠭᠠᠨ ᠤ᠋ ᠪᠠᠨ ᠠᠴᠢ ᠪᠠᠷ ᠠᠷᠠᠭᠠᠳᠠᠨ ᠪᠠᠷᠰ ᠢ᠋ ᠠᠷᠭᠠᠯᠠᠨ ᠬᠠᠰᠢᠷᠠᠭᠠᠵᠤ ᠠᠶᠤᠬᠤ ᠠᠶᠤᠯ ᠦᠭᠡᠢ ᠠᠮᠤᠷ ᠲᠠᠢᠪᠤᠩ ᠵᠢᠷᠭᠠᠵᠤ ᠭᠡᠨ᠎ᠡ᠃

ᠦᠰᠦᠭ ᠬᠠᠲᠠᠵᠤ᠂ ᠠᠮᠢᠯᠠᠭᠤᠯᠤᠭᠰᠠᠨ ᠨᠢ ᠠᠯᠲᠠᠨᠴᠢᠮᠡᠭ
ᠬᠢᠨᠠᠭᠴᠢ᠄ ᠭᠦᠩᠭᠠᠷ