ᠳᠠᠭᠠᠷᠢᠯᠴᠠᠭ᠎ᠠ ᠠᠨᠲᠠ ᠬᠠᠮᠲᠤᠯᠢᠬДайралцаа аандаа хамтлаг
ᠳᠠᠭᠠᠷᠢᠯᠴᠠᠭ᠎ᠠ
ᠳᠠᠭᠤᠯᠠᠵᠤ ᠰᠢᠯᠦᠭᠯᠡᠭᠰᠡᠨ ᠨᠢ᠄ ᠠᠨᠳᠠ ᠬᠠᠮᠲᠤᠯᠢᠭ
ᠵᠠ᠁ ᠬᠦᠢ᠂ ᠦᠨᠡᠬᠡᠷ ᠲᠡᠢᠮᠦ ᠤᠤ ᠳᠠ
ᠬᠡᠯᠡᠯᠴᠡᠶ᠎ᠡ ᠭᠡᠪᠡᠯ ᠬᠡᠯᠡᠯᠴᠡᠶ᠎ᠡ ᠳᠡ
ᠬᠡᠷᠡᠯᠳᠦᠬᠦ ᠡᠴᠡ ᠴᠢᠨᠢ ᠠᠶᠤᠨ᠎ᠠ ᠪᠢ
ᠬᠡᠷᠡᠮ ᠦ᠋ᠨ ᠰᠡᠭᠦᠳᠡᠷ ᠳᠠᠭᠠᠭᠠᠳ ᠴᠢ
ᠳᠤᠲᠠᠭᠠᠬᠤ ᠠ᠋ᠴᠠ ᠴᠢᠨᠢ ᠠᠶᠤᠨ᠎ᠠ ᠪᠢ
ᠵᠠ᠁ ᠬᠦᠢ᠂ ᠦᠨᠡᠬᠡᠷ ᠲᠡᠢᠮᠦ ᠤᠤ ᠳᠠ
ᠭᠠᠯᠪᠠᠷᠠᠨᠴᠠ (ᠭᠠᠯᠪᠠᠷ) ᠽᠠᠨᠳᠠᠨ ᠮᠣᠳᠣ ᠨᠢ
ᠭᠠᠵᠠᠷ ᠤ᠋ᠨ ᠬᠠᠮᠢᠭ᠎ᠠ ᠨᠢ ᠤᠷᠭᠤᠪᠠ ᠳᠠ
ᠭᠠᠢᠬᠠᠮᠰᠢᠭᠲᠤ ᠳᠥᠷᠪᠡᠨ ᠦᠨᠳᠦᠰᠦ ᠨᠢ
ᠶᠠᠮᠠᠷ ᠣᠷᠣᠨ ᠳ᠋ᠤ᠌ ᠲᠤᠯᠪᠠ ᠳᠠ
ᠭᠣᠣᠯ ᠰᠠᠢᠬᠠᠨ ᠰᠠᠯᠠᠭᠠᠨ ᠳ᠋ᠤ᠌ ᠨᠢ
ᠶᠠᠮᠠᠷ ᠰᠢᠪᠠᠭᠤ ᠡᠭᠦᠷᠯᠡᠪᠡ ᠳᠡ
ᠭᠤᠯᠪᠠᠢᠴᠢᠬᠠᠭᠰᠠᠨ ᠪᠡᠶ᠎ᠡ ᠶ᠋ᠢ ᠨᠢ
ᠶᠠᠮᠠᠷ ᠮᠡᠷᠭᠡᠨ ᠬᠠᠷᠪᠤᠪᠠ ᠳᠠ
ᠭᠠᠯᠪᠠᠷᠠᠨᠴᠠ( ᠭᠠᠯᠪᠠᠷ) ᠽᠠᠨᠳᠠᠨ ᠮᠣᠳᠣ ᠨᠢ
ᠭᠠᠵᠠᠷ ᠤ᠋ᠨ ᠬᠥᠷᠥᠰᠥᠨ ᠳ᠋ᠦ᠍ ᠤᠷᠭᠤᠵᠠᠢ ᠰᠢᠦ
ᠭᠠᠢᠬᠠᠮᠰᠢᠭᠲᠤ ᠳᠥᠷᠪᠡᠨ ᠦᠨᠳᠦᠰᠦ ᠨᠢ
ᠯᠤᠤᠰ ᠤ᠋ᠨ ᠣᠷᠣᠨ ᠳ᠋ᠤ᠌ ᠲᠤᠯᠵᠠᠢ ᠰᠢᠦ
ᠭᠣᠣᠯ ᠤ᠋ᠨ ᠰᠠᠢᠬᠠᠨ ᠰᠠᠯᠠᠭᠠᠨ ᠳ᠋ᠤ᠌ ᠨᠢ
ᠭᠠᠷᠤᠳᠢ ᠭᠠᠯᠪᠢᠩᠭ᠎ᠠ ᠡᠭᠦᠷᠯᠡᠵᠢ ᠰᠢᠦ
ᠭᠤᠯᠪᠠᠢᠴᠢᠬᠠᠭᠰᠠᠨ ᠪᠡᠶ᠎ᠡ ᠶ᠋ᠢ ᠨᠢ
ᠬᠠᠰᠠᠷ ᠮᠡᠷᠭᠡᠨ ᠬᠠᠷᠪᠤᠵᠠᠢ ᠰᠢᠦ
ᠠᠩᠬᠠᠳᠤᠭᠠᠷ ᠭᠠᠯᠪᠠ ᠶ᠋ᠢ
ᠶᠠᠮᠠᠷ ᠪᠤᠷᠬᠠᠨ ᠡᠵᠡᠯᠡᠪᠡ
ᠠᠷᠴᠠ ᠽᠠᠨᠳᠠᠨ ᠮᠣᠳᠣ ᠨᠢ
ᠶᠠᠮᠠᠷ ᠭᠠᠵᠠᠷ ᠤᠷᠭᠤᠪᠠ
ᠬᠣᠶᠠᠳᠤᠭᠠᠷ ᠭᠠᠯᠪᠠ ᠶ᠋ᠢ
ᠶᠠᠮᠠᠷ ᠪᠤᠷᠬᠠᠨ ᠡᠵᠡᠯᠡᠪᠡ
ᠬᠣᠪᠣᠷ ᠡᠷᠳᠡᠨᠢ ᠶᠠ ᠶᠠ ᠬᠤᠯᠤ
ᠶᠠᠮᠠᠷ ᠭᠠᠵᠠᠷ ᠤᠷᠭᠤᠪᠠ
ᠠᠩᠬᠠᠳᠤᠭᠠᠷ ᠭᠠᠯᠪᠠ ᠶ᠋ᠢ
ᠠᠶᠤᠰᠢ ᠮᠠᠢᠳᠠᠷ ᠡᠵᠡᠯᠡᠵᠢ
ᠠᠷᠴᠠ ᠽᠠᠨᠳᠠᠨ ᠮᠣᠳᠣ ᠨᠢ
ᠠᠰᠤᠷᠢ ᠬᠤᠷᠮᠤᠰᠲᠠ ᠳ᠋ᠤ᠌ ᠤᠷᠭᠤᠵᠠᠢ
ᠬᠣᠶᠠᠳᠤᠭᠠᠷ ᠭᠠᠯᠪᠠ ᠶ᠋ᠢ
ᠬᠣᠨᠢᠴᠢᠨ ᠷᠠᠪᠬᠠ ᠡᠵᠡᠯᠡᠵᠢ
ᠬᠣᠪᠣᠷ ᠡᠷᠳᠡᠨᠢ ᠶ᠋ᠢᠨ ᠶᠠ ᠶᠠ ᠬᠤᠯᠤ
ᠲᠩᠷᠢ ᠶ᠋ᠢᠨ ᠣᠷᠳᠣᠨ ᠳ᠋ᠤ᠌ ᠤᠷᠭᠤᠵᠠᠢ
ᠭᠤᠷᠪᠠᠳᠤᠭᠠᠷ ᠭᠠᠯᠪᠠ ᠶ᠋ᠢ
ᠶᠠᠮᠠᠷ ᠪᠤᠷᠬᠠᠨ ᠡᠵᠡᠯᠡᠪᠡ
ᠭᠠᠯᠪᠠ ᠳᠡᠯᠡᠬᠡᠢ ᠳ᠋ᠠᠬᠢᠨ ᠢ᠋
ᠶᠠᠮᠠᠷ ᠬᠠᠭᠠᠨ ᠨᠢᠭᠡᠳᠬᠡᠪᠡ
ᠳᠥᠷᠪᠡᠳᠦᠭᠡᠷ ᠭᠠᠯᠪᠠ ᠶ᠋ᠢ ᠶᠠᠮᠠᠷ ᠪᠤᠷᠬᠠᠨ ᠡᠵᠡᠯᠡᠪᠡ
ᠳᠡᠯᠡᠬᠡᠢ ᠳ᠋ᠠᠬᠢᠨ ᠤ᠋ ᠲᠦᠭᠰᠢᠭᠦᠷᠢ ᠶ᠋ᠢ
ᠶᠠᠮᠠᠷ ᠬᠠᠭᠠᠨ ᠲᠡᠭᠰᠢᠯᠡᠪᠡ
ᠭᠤᠷᠪᠠᠳᠤᠭᠠᠷ ᠭᠠᠯᠪᠠ ᠶ᠋ᠢ
ᠠᠰᠤᠷᠢ ᠮᠡᠷᠭᠡᠨ ᠡᠵᠡᠯᠡᠵᠡᠢ
ᠭᠠᠯᠪᠠ ᠳᠡᠯᠡᠬᠡᠢ ᠳ᠋ᠠᠬᠢᠨ ᠢ᠋
ᠴᠢᠩᠭᠢᠰ ᠬᠠᠭᠠᠨ ᠨᠢᠭᠡᠳᠬᠡᠵᠡᠢ
ᠳᠥᠷᠪᠡᠳᠦᠭᠡᠷ ᠭᠠᠯᠪᠠ ᠶ᠋ᠢ
ᠲᠡᠮᠡᠴᠡᠭ ᠪᠤᠷᠬᠠᠨ ᠡᠵᠡᠯᠡᠵᠡᠢ
ᠳᠡᠯᠡᠬᠡᠢ ᠳ᠋ᠠᠬᠢᠨ ᠤ᠋ ᠲᠦᠭᠰᠢᠭᠦᠷᠢ ᠶ᠋ᠢ
ᠥᠭᠡᠳᠡᠢ ᠡᠵᠡᠨ ᠲᠡᠭᠰᠢᠯᠡᠵᠡᠢ
ᠵᠠ᠁ ᠬᠦᠢ᠂ ᠦᠨᠡᠬᠡᠷ ᠲᠡᠢᠮᠦ ᠤᠤ ᠳᠠ
ᠣᠳᠣ ᠦᠶ᠎ᠡ ᠶ᠋ᠢᠨ ᠭᠠᠯᠪᠠ ᠶ᠋ᠢ
ᠶᠠᠮᠠᠷ ᠪᠤᠷᠬᠠᠨ ᠡᠵᠡᠯᠡᠪᠡ
ᠣᠮ ᠮᠠ᠋ ᠨᠢ ᠪᠠᠳ ᠮᠠ᠋ ᠬᠣᠮ
ᠶᠠᠮᠠᠷ ᠪᠤᠷᠬᠠᠨ ᠤ᠋ ᠲᠠᠷᠨᠢ ᠪᠣᠢ
ᠣᠳᠣ ᠦᠶ᠎ᠡ ᠶ᠋ᠢᠨ ᠭᠠᠯᠪᠠ ᠶ᠋ᠢ
ᠱᠠᠭᠵᠠᠮᠤᠨᠢ ᠡᠵᠡᠯᠡᠵᠡᠢ
ᠣᠮ ᠮᠠ᠋ ᠨᠢ ᠪᠠᠳ ᠮᠠ᠋ ᠬᠣᠮ
ᠠᠷᠢᠶᠠᠪᠠᠯᠤ ᠪᠤᠷᠬᠠᠨ ᠤ᠋ ᠲᠠᠷᠨᠢ ᠰᠢᠦ
ᠲᠩᠷᠢ ᠳᠡᠭᠡᠷᠡᠬᠢ ᠨᠠᠷᠠ ᠶ᠋ᠢ
ᠲᠥᠪᠡᠳ ᠢ᠋ᠶ᠋ᠡᠷ ᠬᠡᠯᠡᠪᠡᠯ ᠶᠠᠭᠤ ᠲᠡᠷᠡ
ᠲᠡᠷᠭᠡᠨ ᠦ᠌ ᠳᠥᠷᠪᠡᠨ ᠬᠦᠷᠳᠦ ᠶ᠋ᠢ
ᠬᠢᠲᠠᠳ ᠢ᠋ᠶ᠋ᠠᠷ ᠬᠡᠯᠡᠪᠡᠯ ᠶᠠᠭᠤ ᠲᠡᠷᠡ
ᠮᠠᠯᠠᠭᠠᠢ ᠶ᠋ᠢᠨ ᠬᠢᠨ ᠵᠠᠯᠠᠭ᠎ᠠ ᠶ᠋ᠢ
ᠮᠠᠨᠵᠤ ᠪᠠᠷ ᠬᠡᠯᠡᠪᠡᠯ ᠶᠠᠭᠤ ᠲᠡᠷᠡ
ᠮᠠᠨ ᠤ᠋ ᠡᠨᠳᠡᠬᠢ ᠮᠤᠤᠷ ᠢ᠋
ᠭᠣᠷᠯᠣᠰ ᠢ᠋ᠶ᠋ᠠᠷ ᠬᠡᠯᠡᠪᠡᠯ ᠶᠠᠭᠤ ᠲᠡᠷᠡ
ᠲᠩᠷᠢ ᠳᠡᠭᠡᠷᠡᠬᠢ ᠨᠠᠷᠠ ᠶ᠋ᠢ
ᠲᠥᠪᠡᠳ ᠢ᠋ᠶ᠋ᠡᠷ ᠬᠡᠯᠡᠪᠡᠯ ᠨᠢᠮ᠎ᠠ ᠰᠢᠦ
ᠲᠡᠷᠭᠡᠨ ᠦ᠌ ᠳᠥᠷᠪᠡᠨ ᠬᠦᠷᠳᠦ ᠶ᠋ᠢ
ᠬᠢᠲᠠᠳ ᠢ᠋ᠶ᠋ᠠᠷ ᠬᠡᠯᠡᠪᠡᠯ ᠴᠧ ᠯᠦᠨ ᠰᠢᠦ
ᠮᠠᠯᠠᠭᠠᠢ ᠶ᠋ᠢᠨ ᠬᠢᠨ ᠵᠠᠯᠠᠭ᠎ᠠ ᠶ᠋ᠢ
ᠮᠠᠨᠵᠤ ᠪᠠᠷ ᠬᠡᠯᠡᠪᠡᠯ ᠤᠲᠤᠭ᠎ᠠ ᠰᠢᠦ
ᠮᠠᠨ ᠤ᠋ ᠡᠨᠳᠡᠬᠢ ᠮᠤᠤᠷ ᠢ᠋
ᠭᠣᠷᠯᠣᠰ ᠢ᠋ᠶ᠋ᠠᠷ ᠬᠡᠯᠡᠪᠡᠯ ᠬᠡᠰᠢᠭ ᠰᠢᠦ
ᠳᠠᠭᠠᠷᠢᠯᠴᠠᠭ᠎ᠠ ᠬᠣᠯᠪᠣᠭ᠎ᠠ ᠤᠷᠠᠯᠢᠭ ᠢ᠋ᠶ᠋ᠠᠨ
ᠳᠠᠶᠠᠭᠠᠷ ᠣᠯᠠᠨ ᠳ᠋ᠤ᠌ ᠪᠠᠨ ᠲᠠᠨᠢᠯᠴᠠᠭᠤᠯᠤᠶ᠎ᠠ
ᠲᠠᠪᠰᠢᠭᠰᠠᠨ ᠮᠣᠩᠭᠣᠯ ᠦᠨᠳᠦᠰᠦᠲᠡᠨ ᠦ᠌ ᠪᠡᠨ
ᠲᠡᠦᠬᠡ ᠰᠣᠶᠣᠯ ᠢ᠋ᠶ᠋ᠠᠨ ᠮᠠᠨᠳᠤᠭᠤᠯᠤᠶ᠎ᠠ
ᠳᠠᠩ ᠳᠠᠪᠬᠤᠷ ᠬᠣᠯᠪᠣᠭ᠎ᠠ ᠪᠠᠨ
ᠳᠠᠶᠠᠩ ᠳᠡᠯᠡᠬᠡᠢ ᠳ᠋ᠦ᠍ ᠳᠠᠭᠤᠷᠢᠰᠤᠭᠤᠯᠤᠶᠠ
ᠳᠠᠭᠤᠯᠠᠯᠲᠤ ᠤᠷᠠᠯᠢᠭ ᠬᠣᠯᠪᠣᠭ᠎ᠠ ᠪᠠᠨ
ᠳᠡᠯᠡᠬᠡᠢ ᠳ᠋ᠠᠬᠢᠨ ᠳ᠋ᠤ᠌ ᠬᠠᠩᠭᠢᠨᠠᠭᠤᠯᠤᠶ᠎ᠠ
ᠵᠠ᠁ ᠬᠦᠢ᠂ ᠦᠨᠡᠷᠡᠨ(ᠦᠨᠡᠬᠡᠷ ᠢ᠋ᠶ᠋ᠡᠨ) ᠲᠡᠢᠮᠦ ᠰᠢᠦ ᠳᠡ
ᠦᠰᠦᠭ ᠠᠮᠢᠯᠠᠭᠤᠯᠤᠭᠰᠠᠨ ᠨᠢ᠄ ᠲᠣᠳᠣᠭᠡᠷᠡᠯ
ᠬᠢᠨᠠᠭᠴᠢ᠄ ᠠᠯᠲᠠᠨᠱᠠ᠂ ᠣᠳᠬᠠᠨᠰᠣ᠎ᠡ᠃
