ᠮᠣᠩᠭᠣᠯᠴᠤᠳ ᠤᠨ ᠤᠳᠤᠮᠰᠢᠯᠳᠤ ᠭᠡᠷ ᠪᠦᠯᠢ ᠶᠢᠨ ᠬᠦᠮᠦᠵᠢᠯМонголчуудын удамшилт гэр булиийн хүмүүжил ᠲᠣᠷᠭᠠᠨ ᠵᠢᠯᠣᠭᠣ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯᠴᠤᠳ ᠤᠨ ᠤᠳᠤᠮᠰᠢᠯᠳᠤ ᠭᠡᠷ ᠪᠦᠯᠢ ᠶᠢᠨ ᠬᠦᠮᠦᠵᠢᠯМонголчуудын удамшилт гэр булиийн хүмүүжил

ᠮᠣᠩᠭᠣᠯᠴᠤᠳ ᠤᠨ ᠤᠳᠤᠮᠰᠢᠯᠳᠤ ᠭᠡᠷ ᠪᠦᠯᠢ ᠶᠢᠨ ᠬᠦᠮᠦᠵᠢᠯМонголчуудын удамшилт гэр булиийн хүмүүжил

2023-02-13

315

 ᠮᠣᠩᠭᠣᠯᠴᠤᠳ ᠤᠨ ᠤᠳᠤᠮᠰᠢᠯᠳᠤ ᠭᠡᠷ ᠪᠦᠯᠢ ᠶᠢᠨ ᠬᠦᠮᠦᠵᠢᠯ

 ᠭᠡᠷ ᠪᠦᠯᠢ ᠶᠢᠨ ᠬᠦᠮᠦᠵᠢᠯ᠂ ᠰᠤᠷᠭᠠᠭᠤᠯᠢ ᠶᠢᠨ ᠰᠤᠷᠭᠠᠨ ᠬᠦᠮᠦᠵᠢᠯ᠂ ᠨᠡᠢᠭᠡᠮ ᠤᠨ ᠤᠷᠴᠢᠨ ᠲᠤᠭᠤᠷᠢᠨ ᠤ ᠬᠦᠮᠦᠵᠢᠯ ᠨᠡᠢᠯᠡᠵᠦ ᠪᠠᠢᠮᠠᠨ ᠬᠡᠦᠬᠡᠳ ᠢ ᠬᠦᠮᠦᠨ ᠪᠤᠯᠭᠠᠳᠠᠭ᠃ ᠲᠡᠭᠡᠬᠦ ᠳᠤ ᠭᠡᠷ ᠪᠦᠯᠢ ᠶᠢᠨ ᠬᠦᠮᠦᠵᠢᠯ ᠤᠨ ᠨᠦᠯᠦᠭᠡᠯᠡᠬᠦ ᠬᠦᠴᠦᠨ ᠨᠢ ᠬᠡᠦᠬᠡᠳ ᠤᠨ ᠨᠢᠭᠡ ᠨᠠᠰᠤᠨ ᠳᠤ ᠵᠠᠭᠤᠨ ᠤ ᠨᠠᠶᠠᠨ ᠬᠤᠪᠢ ᠶᠢ ᠡᠵᠡᠯᠡᠨ ᠰᠤᠷᠭᠠᠭᠤᠯᠢ ᠪᠠ ᠨᠡᠢᠭᠡᠮ ᠤᠨ ᠬᠦᠮᠦᠵᠢᠯ ᠲᠡᠭᠦᠨ ᠢ ᠤᠷᠤᠯᠠᠵᠦ ᠳᠡᠢᠯᠬᠦ ᠦᠭᠡᠢ ᠪᠠᠢᠳᠠᠭ᠃ ᠮᠠᠨ ᠤ ᠮᠣᠩᠭᠣᠯᠴᠤᠳ ᠡᠷᠲᠡ ᠳᠡᠭᠡᠳᠦ ᠠᠴᠠ ᠪᠠᠨ ᠭᠡᠷ ᠤᠨ ᠬᠦᠮᠦᠵᠢᠯ ᠢ ᠶᠡᠭᠡ ᠴᠢᠬᠤᠯᠴᠢᠯᠠᠨ ᠬᠢᠳᠡᠭ ᠪᠠᠢᠭᠰᠠᠨ ᠪᠦᠭᠡᠳ ᠤᠯᠠᠮᠵᠢᠯᠠᠯᠲᠤ ᠭᠡᠷ ᠤᠨ ᠬᠦᠮᠦᠵᠢᠯ ᠤᠨ ᠵᠤᠷᠰᠢᠯ ᠨᠢ ᠨᠡᠯᠢᠶᠡᠳ ᠦᠪᠡᠷᠮᠢᠴᠡ ᠤᠨᠴᠠᠯᠢᠭ ᠲᠠᠢ ᠪᠠᠢᠵᠠᠢ᠃ ᠭᠠᠭᠴᠠ ᠬᠤᠶᠠᠷ ᠡᠷᠦᠬᠡ ᠪᠠᠷ ᠢᠶᠠᠨ ᠠᠯᠤᠰ ᠪᠤᠢᠳᠠ ᠭᠠᠵᠠᠷ ᠨᠡᠭᠦᠳᠡᠯᠯᠡᠨ ᠮᠠᠯᠵᠢᠵᠤ ᠪᠠᠢᠭᠰᠠᠨ ᠤ ᠤᠯᠠᠮ ᠢᠶᠠᠷ ᠦᠷ᠎ᠡ ᠬᠡᠦᠬᠡᠳ ᠢᠶᠠᠨ ᠰᠤᠷᠭᠠᠭᠤᠯᠢ ᠰᠤᠶᠤᠯ ᠤᠨ ᠮᠦᠷ ᠬᠦᠭᠡᠭᠡᠯᠭᠡᠬᠦ ᠳᠤ ᠤᠨᠴᠠ ᠬᠦᠴᠢᠷᠲᠡᠢ ᠪᠠᠢᠭᠰᠠᠨ ᠨᠢ ᠳᠠᠮᠵᠢᠭ ᠦᠭᠡᠢ᠃ ᠡᠢᠮᠦ ᠠᠴᠠ ᠭᠡᠷ ᠪᠦᠯᠢ ᠶᠢᠨ ᠪᠦᠷᠢᠯᠳᠦᠭᠦᠨ᠂ ᠢᠯᠠᠩᠭᠤᠶ᠎ᠠ ᠠᠪᠤ ᠡᠵᠢ ᠨᠢ ᠦᠷ᠎ᠡ ᠬᠡᠦᠬᠡᠳ ᠤᠨ ᠢᠶᠠᠨ ᠠᠩᠬᠠᠨ ᠤ ᠪᠠᠭᠰᠢ —   ᠬᠦᠮᠦᠵᠢᠭᠦᠯᠦᠭᠴᠢ ᠪᠤᠯᠵᠦ ᠪᠠᠢᠭᠰᠠᠨ ᠶᠤᠮ᠃ ᠮᠣᠩᠭᠣᠯᠴᠤᠳ ᠬᠡᠦᠬᠡᠳ ᠢ ᠰᠤᠷᠭᠠᠬᠤ ᠳᠤ ᠪᠠᠨ ᠤᠯᠠᠨ ᠵᠦᠢᠯ ᠤᠨ ᠠᠷᠭ᠎ᠠ ᠬᠡᠯᠪᠡᠷᠢ ᠦᠨᠦᠷ ᠠᠮᠲᠠ ᠲᠠᠢ ᠪᠠᠢᠳᠠᠭ᠃     

 1. ᠦᠵᠡᠭᠦᠯᠦᠨ ᠲᠠᠨᠢᠭᠤᠯᠬᠤ ᠠᠷᠭ᠎ᠠ ᠪᠠᠷ ᠦᠭᠡ ᠬᠡᠯᠡᠨ ᠤ ᠲᠠᠳᠤᠯᠭ᠎ᠠ ᠬᠢᠯᠭᠡᠳᠡᠭ ᠵᠠᠩᠰᠢᠯ ᠨᠢ ᠮᠣᠩᠭᠣᠯ ᠤᠷᠤᠨ ᠳᠤ ᠲᠦᠭᠡᠮᠡᠯ ᠪᠠᠢᠳᠠᠭ᠃ ᠠᠩᠬ᠎ᠠ ᠬᠡᠯᠡᠨ ᠳᠤ ᠤᠷᠤᠬᠤ ᠠᠴᠠ ᠨᠢ ᠡᠬᠢᠯᠡᠨ ᠠᠪᠤ ᠡᠵᠢ᠂ ᠠᠬᠠᠰ ᠵᠠᠬᠠᠰ ᠢ ᠨᠢ ᠲᠠᠨᠢᠭᠤᠯᠵᠤ ᠳᠠᠭᠤᠳᠠᠭᠤᠯᠵᠦ ᠰᠤᠷᠭᠠᠬᠤ ᠪᠠ ᠲᠡᠷᠡᠴᠢᠯᠡᠨ ᠠᠵᠤ ᠠᠮᠢᠳᠤᠷᠠᠯ ᠲᠠᠢ ᠨᠢ ᠬᠤᠯᠪᠤᠭ᠎ᠠ ᠪᠦᠬᠦᠢ ᠲᠠᠪᠤᠨ ᠬᠤᠰᠢᠭᠤ ᠮᠠᠯ ᠡᠳ᠋ᠯᠡᠵᠦ ᠬᠡᠷᠡᠭᠯᠡᠵᠦ ᠪᠦᠬᠦᠢ ᠡᠳ᠋ ᠪᠤᠳᠠᠰ ᠵᠡᠷᠭᠡ ᠶᠢ ᠦᠵᠡᠭᠦᠯᠵᠦ ᠢᠯᠭᠠᠭᠤᠯᠤᠨ ᠨᠡᠷᠡᠯᠡᠬᠦᠯᠵᠦ ᠰᠤᠷᠭᠠᠳᠠᠭ᠃ ᠦᠭᠡ ᠬᠡᠯᠡᠨ ᠳᠤ ᠨᠡᠯᠢᠶᠡᠳ ᠤᠷᠤᠭᠠᠳ ᠢᠷᠡᠬᠦ ᠪᠠᠷ ᠨᠢ ᠦᠵᠡᠭᠳᠡᠵᠦ ᠬᠠᠷᠠᠭᠳᠠᠬᠤᠢᠴᠠ ᠠᠮᠢᠳᠠᠨ᠂ ᠬᠡᠷᠡᠭ ᠪᠤᠳᠠᠰ ᠲᠠᠢ ᠬᠤᠯᠪᠤᠭᠳᠠᠬᠤ ᠬᠡᠯᠡ ᠪᠤᠯᠪᠠᠰᠤᠷᠠᠭᠤᠯᠬᠤ ᠦᠭᠡ ᠶᠢ ᠶᠠᠷᠢᠭᠤᠯᠵᠦ ᠬᠡᠯᠡᠨ ᠤ ᠴᠤᠯᠴᠢᠷᠠᠭ᠎ᠠ ᠶᠢ ᠨᠢ ᠲᠠᠢᠯᠠᠬᠤ ᠲᠠᠳᠤᠯᠭ᠎ᠠ ᠬᠢᠯᠭᠡᠳᠡᠭ ᠨᠢ ᠭᠡᠷ ᠤᠨ ᠬᠦᠮᠦᠵᠢᠯ ᠤᠨ ᠬᠢᠨᠢ ᠴᠢᠬᠤᠯᠠ ᠨᠢᠭᠡ ᠠᠭᠤᠯᠭ᠎ᠠ ᠪᠤᠯᠳᠠᠭ᠃     

 2. ᠮᠠᠯᠵᠢᠬᠤ ᠰᠤᠶᠤᠯ ᠤᠨ ᠤᠬᠢ ᠱᠦᠯᠲᠦ ᠪᠤᠯᠤᠭᠰᠠᠨ ᠮᠣᠩᠭᠣᠯ ᠠᠷᠠᠳ ᠤᠨ ᠶᠠᠪᠠᠭᠠᠨ ᠦᠯᠢᠭᠡᠷ᠂ ᠤᠨᠢᠰᠤᠭ᠎ᠠ ᠲᠠᠭᠠᠪᠤᠷᠢ᠂ ᠢᠷᠦᠭᠡᠯ ᠮᠠᠭᠲᠠᠭᠠᠯ ᠪᠤᠶᠤ ᠬᠡᠦᠬᠡᠳ ᠤᠨ ᠳᠤᠷ᠎ᠠ ᠲᠠᠭᠠᠰᠢᠶᠠᠯ ᠢ ᠪᠤᠯᠢᠶᠠᠬᠤᠢᠴᠠ ᠠᠷᠠᠳ ᠤᠨ ᠠᠮᠠᠨ ᠵᠤᠬᠢᠶᠠᠯ᠂ ᠠᠷᠠᠳ ᠤᠨ ᠳᠠᠭᠤᠤ ᠪᠠᠷ ᠬᠡᠦᠬᠡᠳ ᠤᠨ ᠬᠡᠯᠡᠨ ᠤ ᠮᠡᠳᠡᠷᠡᠮᠵᠢ ᠶᠢ ᠳᠡᠭᠡᠭᠰᠢᠯᠡᠭᠦᠯᠦᠨ ᠰᠡᠳᠬᠢᠴᠡ ᠶᠢ ᠨᠢ ᠳᠡᠯᠡᠵᠦ ᠦᠭᠡᠰ ᠤᠨ ᠰᠠᠩ ᠢ ᠨᠢ ᠪᠠᠶᠠᠯᠢᠭᠵᠢᠭᠤᠯᠤᠨ ᠤᠶᠤᠨ ᠤ ᠬᠦᠭᠵᠢᠯᠲᠡ ᠶᠢ ᠨᠢ ᠠᠬᠢᠭᠤᠯᠳᠠᠭ᠃ ᠡᠭᠦᠨ ᠳᠤ ᠠᠮᠢᠲᠠᠨ ᠤ ᠦᠯᠢᠭᠡᠷ ᠪᠠ ᠲᠡᠦᠬᠡᠲᠦ ᠦᠯᠢᠭᠡᠷ ᠤᠳ ᠨᠢ ᠬᠡᠦᠬᠡᠳ ᠢ ᠰᠠᠢᠨ ᠰᠠᠢᠬᠠᠨ ᠤ ᠵᠦᠭ ᠬᠦᠲᠦᠯᠦᠨ ᠤᠬᠠᠭᠠᠷᠠᠭᠤᠯᠵᠦ ᠪᠠᠢᠬᠤ ᠳᠤ ᠤᠨᠢᠰᠤᠭ᠎ᠠ ᠲᠠᠭᠠᠪᠤᠷᠢ ᠨᠢ ᠶᠢᠷᠲᠢᠨᠴᠦ ᠳᠡᠯᠡᠬᠡᠢ ᠶᠢ ᠲᠠᠯ᠎ᠠ ᠲᠠᠯ᠎ᠠ ᠠᠴᠠ ᠨᠢ ᠤᠬᠠᠪᠤᠷᠢᠯᠠᠵᠦ ᠲᠢᠨᠢᠬᠤ ᠳᠤ ᠰᠡᠩᠬᠡᠷᠡᠭᠦᠯᠦᠯ ᠪᠤᠯᠳᠠᠭ᠃ ᠠᠷᠠᠳ ᠤᠨ ᠳᠠᠭᠤᠤ ᠢᠷᠦᠭᠡᠯ ᠮᠠᠭᠲᠠᠭᠠᠯ ᠨᠢ ᠬᠡᠯᠡ ᠰᠡᠳᠬᠢᠬᠦᠢ ᠶᠢ ᠬᠦᠭᠵᠢᠭᠦᠯᠵᠦ᠂ ᠠᠪᠤᠨ ᠳᠤᠤᠷ᠎ᠠ ᠪᠠᠨ ᠰᠢᠯᠦᠭᠯᠡᠴᠢᠬᠡᠳᠡᠭ ᠠᠮᠢᠳᠤ ᠶᠠᠷᠢᠶᠠᠨ ᠤ ᠤᠷᠠᠨ ᠴᠢᠳᠠᠪᠤᠷᠢ ᠶᠢ ᠨᠢ ᠨᠡᠮᠡᠭᠳᠡᠭᠦᠯᠳᠡᠭ ᠪᠠᠢᠨ᠎ᠠ᠃

 3. ᠬᠦᠮᠦᠨ ᠪᠤᠯᠬᠤ ᠪᠠᠭ᠎ᠠ ᠠᠴᠠ ᠪᠠᠨ ᠬᠦᠯᠦᠭ ᠪᠤᠯᠬᠤ ᠤᠨᠠᠭᠠᠨ ᠠᠴᠠ ᠪᠠᠨ》 《ᠡᠷᠬᠡ ᠶᠢ ᠰᠤᠷᠬᠤ ᠪᠠᠷ ᠪᠡᠷᠬᠡ ᠶᠢ ᠰᠤᠷ ᠭᠡᠵᠦ ᠦᠷ᠎ᠡ ᠬᠡᠦᠬᠡᠳ ᠢᠶᠠᠨ ᠪᠠᠯᠴᠢᠷ ᠪᠠᠭ᠎ᠠ ᠠᠴᠠ ᠨᠢ ᠲᠡᠰᠪᠦᠷᠢ ᠬᠠᠲᠠᠭᠤᠵᠢᠯᠲᠠᠢ᠂ ᠳᠠᠷᠤᠤ ᠨᠤᠮᠤᠬᠠᠨ᠂ ᠶᠤᠰᠦ ᠨᠤᠮ ᠲᠠᠢ ᠪᠤᠯᠬᠤ ᠶᠢ ᠰᠤᠷᠭᠠᠮᠵᠢᠯᠠᠨ᠎ᠠ᠃ ᠶᠡᠷᠦ ᠨᠢ ᠡᠩᠬᠦᠷᠡᠢᠯᠡᠵᠦ ᠪᠦᠪᠠᠢᠯᠡᠵᠦ ᠡᠷᠬᠡ ᠲᠠᠩᠬᠢ ᠰᠤᠷᠭᠠᠬᠤ ᠠᠴᠠ ᠵᠠᠢᠯᠠᠰᠬᠢᠳᠠᠭ᠃ ᠡᠭᠦᠨ ᠳᠤ ᠬᠠᠷ᠎ᠠ ᠪᠠᠭ᠎ᠠ ᠠᠴᠠ ᠨᠢ ᠮᠠᠯ ᠤᠨᠤᠭ᠎ᠠ ᠲᠠᠢ ᠨᠤᠴᠤᠯᠳᠤᠭᠤᠯᠤᠨ᠂ ᠲᠠᠪᠤᠨ ᠬᠤᠰᠢᠭᠤ ᠮᠠᠯ ᠢᠶᠠᠨ ᠵᠢᠰᠦᠯᠡᠨ ᠲᠠᠨᠢᠬᠤ᠂ ᠵᠦᠭ ᠴᠢᠭ᠂ ᠠᠭᠤᠯᠠ ᠲᠤᠯᠤᠭᠠᠳ ᠤᠰᠤ ᠮᠦᠷᠡᠨ ᠤ ᠪᠠᠢᠷᠢᠰᠢᠯ ᠵᠢᠴᠢ ᠲᠡᠳᠡᠭᠡᠷ ᠢ ᠨᠡᠷᠡᠯᠡᠨ ᠠᠮᠢᠳᠤᠷᠠᠯ ᠳᠤᠮᠳᠠ ᠪᠠᠨ ᠦᠢᠯᠡᠴᠢᠯᠡᠭᠦᠯᠬᠦ ᠲᠠᠳᠤᠯᠭ᠎ᠠ ᠪᠤᠯᠪᠠᠰᠤᠷᠠᠯ ᠢ ᠦᠷᠭᠦᠯᠵᠢ ᠬᠢᠯᠭᠡᠳᠡᠭ᠃ ᠮᠦᠨ ᠴᠤ᠌ ᠠᠬᠠᠰ ᠵᠠᠬᠠᠰ ᠢᠶᠠᠨ ᠬᠦᠨᠳᠦᠯᠡᠬᠦ᠂ ᠮᠠᠯ ᠠᠳᠤᠭᠤᠰᠤ᠂ ᠨᠤᠲᠤᠭ ᠤᠰᠤ᠂ ᠪᠠᠢᠭᠠᠯᠢ ᠳᠡᠯᠡᠬᠡᠢ ᠳᠤ ᠬᠠᠢᠷᠠᠲᠠᠢ ᠪᠤᠯᠭᠠᠨ ᠬᠦᠮᠦᠵᠢᠭᠦᠯᠬᠦ ᠶᠢ ᠴᠤ᠌ ᠶᠡᠬᠡᠲᠡ ᠴᠢᠬᠤᠯᠠᠴᠢᠯᠠᠨ᠎ᠠ᠃ ᠵᠤᠴᠢᠨ ᠭᠡᠢᠴᠢᠨ ᠢᠷᠡᠬᠦ ᠳᠤ ᠤᠨᠤᠭ᠎ᠠ ᠶᠢ ᠲᠤᠰᠬᠤ᠂ ᠨᠤᠬᠠᠢ ᠬᠤᠷᠢᠬᠤ᠂ ᠠᠬᠠᠮᠠᠳ ᠨᠠᠰᠤᠲᠠᠨ ᠳᠤ ᠮᠦᠷᠭᠦᠵᠦ ᠰᠦᠬᠦᠷᠡᠬᠦ ᠮᠡᠲᠦ ᠶᠢᠨ ᠶᠤᠰᠤ ᠮᠤᠷᠠᠯ ᠢ ᠡᠷᠬᠢᠮᠯᠡᠬᠦ ᠶᠢ ᠴᠤ᠌ ᠲᠦᠪ ᠴᠢᠩᠭ᠎ᠠ ᠪᠠᠷ ᠰᠤᠷᠭᠠᠳᠠᠭ᠃        

 4. ᠮᠣᠩᠭᠣᠯᠴᠤᠳ ᠬᠡᠦᠬᠡᠳ ᠠᠴᠢᠨᠠᠷ ᠢᠶᠠᠨ ᠳᠠᠭᠠᠭᠤᠯᠤᠨ ᠬᠦᠳᠡᠯᠮᠦᠷᠢ ᠳᠤ ᠲᠠᠳᠤᠯᠭᠠᠵᠢᠭᠤᠯᠬᠤ ᠶᠢᠨ ᠳᠤᠮᠳᠠ ᠤᠯᠠᠨ ᠵᠦᠢᠯ ᠤᠨ ᠮᠡᠳᠡᠯᠭᠡ ᠴᠢᠳᠠᠪᠤᠷᠢ ᠬᠦᠷᠲᠡᠭᠡᠳᠡᠭ᠃ ᠮᠣᠩᠭᠣᠯ ᠠᠮᠢᠳᠤᠷᠠᠯ ᠤᠨ ᠤᠬᠢ ᠰᠢᠯᠢᠳᠡᠭ ᠤᠷᠠᠨ ᠨᠠᠷᠢᠨ ᠮᠡᠷᠭᠡᠵᠢᠯ — ᠮᠤᠷᠢ ᠲᠡᠮᠡᠭᠡ ᠤᠨᠤᠬᠤ᠂ ᠮᠤᠷᠢᠨ ᠤ ᠡᠳ᠋ᠯᠡᠯ ᠬᠡᠷᠡᠭᠰᠡᠯ ᠳᠤᠳᠤᠮᠳᠠᠬᠤ᠂ ᠮᠠᠯ ᠬᠠᠷᠢᠭᠤᠯᠬᠤ᠂ ᠬᠠᠨ᠎ᠠ ᠦᠳᠡᠬᠦ ᠴᠢᠳᠦᠷ ᠮᠤᠰᠬᠢᠵᠦ ᠵᠠᠩᠭᠢᠳᠬᠤ᠂ ᠲᠡᠷᠯᠢᠭ ᠴᠠᠮᠴᠠ ᠡᠰᠬᠡᠵᠦ ᠤᠶᠤᠬᠤ᠂ ᠴᠠᠭᠠᠨ ᠢᠳᠡᠭᠡ ᠪᠤᠯᠪᠠᠰᠤᠷᠠᠭᠤᠯᠬᠤ᠂ ᠢᠰᠡᠭᠡᠢ ᠬᠢᠬᠦ᠂ ᠮᠣᠩᠭᠣᠯ ᠭᠡᠷ ᠬᠢᠬᠦ ᠮᠡᠲᠦ ᠪᠠᠷ ᠤᠯᠠᠨ ᠤᠯᠠᠨ ᠲᠠᠯ᠎ᠠ ᠪᠠᠷ ᠴᠠᠭᠠᠷᠠᠭᠤᠯᠳᠠᠭ ᠪᠠᠢᠨ᠎ᠠ᠃ ᠭᠡᠭᠦ ᠳᠤ ᠬᠡᠦᠬᠡᠳ ᠤᠨ ᠨᠠᠰᠤᠨ ᠤ ᠬᠡᠮᠵᠢᠶ᠎ᠡ ᠶᠢ ᠠᠩᠬᠠᠷᠬᠤ ᠠᠴᠠ ᠭᠠᠳᠠᠨ᠎ᠠ ᠪᠦᠰᠡᠲᠡᠢ ᠪᠦᠰᠡᠬᠦᠢ ᠬᠡᠦᠬᠡᠳ ᠲᠤ ᠠᠳᠠᠯᠢ ᠪᠤᠰᠤ ᠵᠤᠷᠢᠯᠳᠠ ᠲᠠᠯᠪᠢᠨ ᠬᠦᠮᠦᠵᠢᠭᠦᠯᠳᠡᠭ ᠵᠤᠷᠰᠢᠯ ᠲᠠᠢ᠃ ᠲᠡᠭᠡᠬᠦ ᠳᠤ ᠬᠡᠦᠬᠡᠳ ᠤᠨ ᠤᠷᠤᠯᠳᠤᠵᠦ ᠬᠢᠭᠰᠡᠨ ᠪᠦᠲᠦᠭᠡᠯ ᠪᠦᠬᠦᠨ ᠳᠤ ᠨᠢ ᠪᠤᠯᠤᠨ᠎ᠠ ᠭᠢᠬᠦ ᠵᠤᠷᠢᠭᠵᠢᠭᠤᠯᠤᠯ ᠤᠨ ᠦᠭᠡ ᠱᠠᠩᠨᠠᠳᠠᠭ ᠨᠢ ᠬᠡᠦᠬᠡᠳ ᠤᠨ ᠦᠷᠭᠦᠯᠵᠢᠯᠡᠨ ᠴᠢᠷᠮᠠᠢᠬᠤ ᠤᠷᠮ᠎ᠠ ᠵᠤᠷᠢᠭ ᠵᠢᠴᠢ ᠦᠪᠡᠷ ᠢ ᠪᠠᠨ ᠢᠲᠡᠭᠡᠬᠦ ᠬᠠᠯᠠᠭᠤᠨ ᠰᠡᠳᠬᠢᠯ ᠢ ᠨᠢ ᠤᠷᠭᠢᠯᠤᠭᠤᠯᠵᠦ ᠰᠡᠳᠬᠢᠵᠦ ᠰᠦᠪᠡᠭᠴᠢᠯᠡᠬᠦ ᠢᠳᠡᠪᠬᠢᠵᠢᠯ ᠢ ᠨᠢ ᠳᠠᠢᠴᠢᠯᠠᠵᠦ ᠴᠢᠳᠠᠳᠠᠭ ᠪᠠᠢᠨ᠎ᠠ᠃      

5. ᠴᠡᠭᠡᠷ ᠶᠤᠰᠤ ᠪᠤᠯ ᠨᠢᠭᠡ ᠭᠠᠢᠬᠠᠮᠰᠢᠭᠲᠤ ᠰᠤᠶᠤᠯ᠂ ᠮᠣᠩᠭᠣᠯᠴᠤᠳ ᠬᠡᠦᠬᠡᠳ ᠪᠠᠭᠠᠴᠤᠳ ᠢ ᠲᠤᠳᠤᠮᠳᠠᠨ ᠰᠤᠷᠭᠠᠬᠤ ᠳᠤ ᠪᠠᠨ ᠴᠡᠭᠡᠷ ᠶᠤᠰᠤ ᠬᠠᠪᠤᠲᠠᠢ ᠠᠰᠢᠭᠯᠠᠨ ᠤᠯᠠᠨ ᠵᠦᠢᠯ ᠤᠨ ᠮᠡᠳᠡᠯᠭᠡ ᠬᠦᠷᠲᠡᠭᠡᠬᠦ ᠶᠢᠨ ᠬᠠᠮᠲᠤ ᠬᠦᠮᠦᠨ ᠪᠤᠯᠬᠤ ᠶᠢᠨ ᠶᠤᠰᠤ ᠤᠴᠢᠷ ᠢ ᠮᠡᠳᠡᠭᠦᠯᠳᠡᠭ᠃ ᠵᠢᠱᠢᠶᠡᠯᠡᠪᠡᠯ᠄ ᠠᠪᠤ ᠡᠵᠢ᠂ ᠠᠬᠠᠰ ᠵᠠᠬᠠᠰ ᠢᠶᠠᠨ ᠨᠡᠷᠡᠯᠡᠨ ᠳᠠᠭᠤᠳᠠᠬᠤ ᠶᠢ ᠴᠡᠭᠡᠷᠯᠡᠬᠦ᠂ ᠡᠷᠡᠮᠳᠡᠭ ᠵᠡᠷᠡᠮᠳᠡᠭ ᠬᠦᠮᠦᠨ ᠢ ᠡᠯᠡᠭᠯᠡᠨ ᠳᠤᠭᠤᠭᠢᠯᠠᠬᠤ ᠪᠠ ᠪᠤᠵᠠᠷ ᠮᠠᠭᠤᠬᠠᠢ ᠦᠭᠡ ᠶᠠᠷᠢᠬᠤ ᠶᠢ ᠴᠡᠭᠡᠷᠯᠡᠵᠦ ᠬᠦᠨᠳᠦᠯᠡᠵᠦ ᠬᠦᠨᠳᠦᠳᠬᠡᠬᠦ ᠪᠤᠯᠪᠠᠰᠤᠨ ᠰᠠᠢᠬᠠᠨ ᠰᠤᠷᠳᠠᠯ ᠲᠠᠢ ᠪᠤᠯᠬᠤ ᠳᠤ ᠬᠦᠲᠦᠯᠳᠡᠭ᠃ ᠭᠠᠯ ᠤᠰᠤ ᠵᠢᠴᠢ ᠬᠠᠢᠴᠢ ᠬᠢᠲᠤᠭ᠎ᠠ᠂ ᠰᠢᠪᠦᠭᠡ ᠮᠡᠲᠦ ᠪᠠᠷ ᠨᠠᠭᠠᠳᠬᠤ ᠶᠢ ᠴᠡᠭᠡᠷᠯᠡᠵᠦ᠂ ᠠᠮᠤᠷ ᠲᠦᠪᠰᠢᠨ ᠤ ᠲᠠᠯ᠎ᠠ ᠶᠢᠨ ᠬᠦᠮᠦᠵᠢᠯ ᠢ ᠴᠤ᠌ ᠤᠷᠠᠯᠢᠭ ᠢᠶᠠᠷ ᠬᠢᠳᠡᠭ ᠪᠠᠢᠵᠠᠢ᠃ ᠨᠡᠩ ᠴᠤ᠌ ᠮᠣᠩᠭᠣᠯ ᠭᠠᠵᠠᠷ ᠤᠨ ᠬᠡᠦᠬᠡᠳ ᠢ ᠠᠳᠡ ᠲᠡᠨᠳᠡ ᠭᠠᠵᠠᠷ ᠤᠬᠤᠬᠤ᠂ ᠰᠢᠪᠠᠭᠤ ᠱᠠᠭᠠᠵᠠᠭᠠᠢ ᠶᠢᠨ ᠡᠭᠦᠷ ᠠᠭᠤᠳᠠᠯᠯᠠᠵᠦ ᠠᠮᠢᠲᠠᠨ ᠠᠷᠢᠶᠠᠲᠠᠨ ᠢ ᠳᠤᠷ᠎ᠠ ᠪᠠᠷ ᠨᠢᠲᠤᠯᠬᠤ᠂ ᠡᠪᠡᠰᠦ ᠮᠤᠳᠤ ᠶᠢ ᠬᠤᠭᠤᠴᠢᠵᠦ ᠤᠷᠴᠢᠨ ᠠᠬᠤᠢ ᠶᠢ ᠰᠦᠢᠳᠬᠡᠬᠦ ᠶᠢ ᠤᠨᠴᠠ ᠴᠡᠭᠡᠷᠯᠡᠭᠦᠯᠵᠦ ᠪᠠᠢᠭᠠᠯᠢ ᠳᠡᠯᠡᠬᠡᠢ ᠶᠢ ᠬᠠᠢᠷᠠᠯᠠᠵᠦ ᠬᠠᠮᠠᠭᠠᠯᠠᠬᠤ ᠶᠤᠰᠤ ᠶᠢ ᠦᠶ᠎ᠡ ᠤᠯᠠᠮᠵᠢᠯᠠᠨ ᠰᠤᠷᠭᠠᠳᠠᠭ ᠪᠠᠢᠨ᠎ᠠ᠃ ᠮᠣᠩᠭᠣᠯᠴᠤᠳ ᠤᠨ ᠡᠳᠡᠭᠡᠷ ᠰᠠᠢᠬᠠᠨ ᠭᠡᠷ ᠤᠨ ᠬᠦᠮᠦᠵᠢᠯ ᠨᠢ ᠬᠡᠦᠬᠡᠳ ᠤᠨ ᠢᠷᠡᠭᠡᠳᠦᠢ ᠶᠢᠨ ᠰᠠᠢᠨ ᠰᠠᠢᠬᠠᠨ ᠳᠤ ᠰᠢᠭᠤᠳ ᠨᠦᠯᠦᠭᠡᠯᠡᠨ ᠦᠩᠭᠡᠲᠡᠢ ᠦᠭᠡᠳᠡᠲᠡᠢ ᠶᠠᠪᠤᠬᠤ ᠳᠤ ᠠᠬᠢᠭᠤᠯᠬᠤ ᠦᠢᠯᠡᠳᠦᠯ ᠦᠵᠡᠬᠦᠯᠵᠦ ᠪᠠᠢᠳᠠᠭ᠃ ᠭᠡᠷ ᠤᠨ ᠬᠦᠮᠦᠵᠢᠯ ᠢ ᠴᠢᠬᠤᠯᠴᠢᠯᠠᠨ ᠬᠢᠭᠰᠡᠨ ᠬᠡᠦᠬᠡᠳ ᠤᠨ ᠰᠤᠷᠤᠯᠭ᠎ᠠ ᠰᠤᠶᠤᠯ ᠤᠨ ᠬᠢᠷᠢ ᠬᠡᠮᠵᠢᠶ᠎ᠡ ᠬᠠᠷᠠᠬᠠᠨ ᠪᠠᠭ᠎ᠠ ᠠᠴᠠ ᠪᠠᠨ ᠤᠨᠴᠠᠭᠠᠢ ᠳᠠᠪᠠᠭᠤᠯᠢᠭ ᠪᠠᠢᠳᠠᠭ ᠪᠦᠭᠡᠳ ᠡᠷᠲᠡ ᠤᠬᠠᠭ᠎ᠠ ᠲᠦᠬᠦᠭᠡ ᠰᠠᠭᠤᠵᠦ ᠪᠡᠶ᠎ᠡ ᠪᠠᠨ ᠳᠠᠭᠠᠭᠠᠵᠦ ᠠᠮᠢᠳᠤᠷᠠᠵᠦ ᠰᠤᠷᠤᠯᠴᠠᠬᠤ ᠪᠠ ᠦᠪᠡᠷ ᠪᠤᠰᠤᠳ ᠢ ᠬᠠᠷᠠᠭᠠᠯᠵᠠᠬᠤ ᠤᠪᠤᠷ ᠰᠡᠳᠬᠢᠯᠭᠡ ᠤᠷ᠎ᠠ ᠴᠢᠳᠠᠪᠤᠷᠢ ᠶᠢ ᠪᠦᠷᠢᠯᠳᠦᠭᠦᠯᠦᠭᠰᠡᠨ ᠪᠠᠢᠳᠠᠭ᠃ ᠨᠡᠢᠭᠡᠮ ᠤᠨ ᠬᠦᠭᠵᠢᠯᠲᠡ ᠶᠢ ᠳᠠᠭᠠᠯᠳᠤᠨ ᠭᠡᠷ ᠤᠨ ᠬᠦᠮᠦᠵᠢᠯ ᠤᠨ ᠠᠭᠤᠯᠭ᠎ᠠ ᠨᠡᠩ ᠪᠠᠶᠠᠯᠢᠭᠵᠢᠵᠦ ᠪᠠᠢᠭ᠎ᠠ ᠤᠳᠤᠬᠠᠨ ᠳᠤ ᠬᠡᠦᠬᠡᠳ ᠪᠠ ᠭᠡᠷ ᠤᠨ ᠠᠬᠠᠮᠠᠳ ᠡᠷᠬᠡᠪᠰᠢ ᠴᠠᠭ ᠲᠤᠬᠢᠶᠠᠯ ᠢ ᠡᠵᠡᠮᠳᠡᠨ᠂ ᠡᠭᠦᠷᠭᠡ ᠬᠠᠷᠢᠭᠤᠴᠠᠯᠭ᠎ᠠ ᠪᠠᠨ ᠬᠦᠢᠴᠡᠳ ᠪᠡᠶᠡᠯᠡᠭᠦᠯᠵᠦ ᠪᠠᠢᠬᠤ ᠬᠡᠷᠡᠭᠲᠡᠢ᠃

ᠡᠬᠢ ᠰᠤᠷᠪᠤᠯᠵᠢ

ᠮᠣᠩᠭᠣᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ