ᠳᠦᠩᠵᠢᠨᠭᠠᠷᠪᠣ ᠶᠢᠨ ᠮᠠᠭᠲᠠᠭᠠᠯДүнжингаравын магтаал
ᠳᠦᠩᠵᠢᠨᠭᠠᠷᠪᠣ ᠶᠢᠨ ᠮᠠᠭᠲᠠᠭᠠᠯ
ᠣᠷᠣᠢ ᠳᠡᠭᠡᠷ᠎ᠡ ᠪᠡᠨ ᠣᠪᠣᠭ᠎ᠠ ᠲᠠᠢ
ᠣᠯᠠᠨ ᠭᠠᠵᠠᠷ ᠠᠴᠠ
ᠵᠠᠷᠯᠢᠭ ᠲᠠᠢ
ᠸᠴᠢᠷᠪᠠᠨᠢ ᠶᠢᠨ
ᠰᠢᠲᠦᠭᠡᠨ ᠲᠡᠢ
ᠬᠠᠩᠭᠠᠢ ᠶᠢᠨ ᠳᠦᠩᠵᠢᠨᠭᠠᠷᠪᠣ ᠶᠢ ᠪᠠᠨ
ᠬᠠᠭᠠᠨ ᠤ ᠮᠢᠨᠢ
ᠳᠦᠩᠵᠢᠨᠭᠠᠷᠪᠣ ᠯᠠ ᠭᠡᠨ᠎ᠡ᠃
ᠪᠣᠭᠳᠠ ᠳᠦᠩᠵᠢᠨᠭᠠᠷᠪᠣ ᠶᠢ ᠪᠠᠨ
ᠪᠣᠳᠠᠲᠠᠢ
ᠳᠦᠩᠵᠢᠨᠭᠠᠷᠪᠣ ᠯᠠ ᠭᠡᠨ᠎ᠡ᠃
ᠬᠠᠳᠠ ᠲᠠᠢ ᠳᠦᠩᠵᠢᠨᠭᠠᠷᠪᠣ ᠶᠢ ᠪᠠᠨ
ᠬᠠᠭᠠᠨ ᠤ ᠮᠢᠨᠢ
ᠳᠦᠩᠵᠢᠨᠭᠠᠷᠪᠣ ᠯᠠ ᠭᠡᠨ᠎ᠡ
ᠡᠨᠡ ᠯᠠ ᠳᠦᠩᠵᠢᠨᠭᠠᠷᠪᠣ ᠶᠢ ᠪᠠᠨ
ᠡᠷᠳᠡᠨᠢ ᠶᠢᠨ ᠮᠠᠨᠢᠲᠤ ᠳᠦᠩᠵᠢᠨᠭᠠᠷᠪᠣ ᠯᠠ ᠭᠡᠨ᠎ᠡ᠃
ᠴᠠᠯ ᠪᠤᠭᠤᠷᠤᠯ ᠳᠥᠷᠪᠡᠨ
ᠬᠠᠩᠭᠠᠢ
ᠬᠠᠲᠤᠨ ᠳᠤᠤᠯᠠ ᠲᠠᠢ ᠮᠠᠭᠲᠠᠶ᠎ᠠ᠃
ᠤᠷᠳᠤ ᠲᠠᠯ᠎ᠠ ᠠᠴᠠ ᠨᠢ
ᠬᠠᠷᠠᠬᠤ ᠶᠤᠮ ᠪᠣᠯ
ᠤᠷᠠᠨ ᠮᠠᠨᠽᠤᠰᠢᠷᠢ ᠶᠢᠨ
ᠬᠡᠢᠳ ᠲᠡᠢ
ᠱᠢᠷᠦ ᠰᠤᠪᠤᠳ ᠤᠨ ᠴᠢᠮᠡᠭ ᠲᠡᠢ
ᠶᠢᠰᠦᠨ ᠡᠷᠳᠡᠨᠢ ᠶᠢᠨ
ᠪᠠᠶᠠᠯᠢᠭ ᠲᠠᠢ
ᠰᠦᠷᠯᠢᠭ ᠰᠠᠢᠬᠠᠨ
ᠬᠠᠩᠭᠠᠢ ᠳ᠋ᠠ
ᠪᠠᠷᠠᠭᠤᠨ ᠲᠠᠯ᠎ᠠ ᠠᠴᠠ
ᠨᠢ ᠬᠠᠷᠠᠬᠤ ᠶᠤᠮ ᠪᠣᠯ
ᠪᠠᠳᠮᠠᠯᠬᠠᠮ ᠤᠨ
ᠣᠷᠣᠨ ᠲᠠᠢ
ᠪᠠᠳᠮ᠎ᠠ ᠳᠠᠪᠵᠢ ᠳᠤ
ᠬᠣᠷᠮᠣᠢ ᠲᠠᠢ
ᠪᠠᠶᠠᠯᠢᠭ ᠳᠦᠩᠵᠢᠨᠭᠠᠷᠪᠣ ᠶᠢ ᠪᠠᠨ
ᠪᠠᠭᠠᠲᠤᠷ
ᠳᠦᠩᠵᠢᠨᠭᠠᠷᠪᠣ ᠯᠠ ᠭᠡᠨ᠎ᠡ᠃
ᠬᠣᠢᠲᠤ ᠲᠠᠯ᠎ᠠ ᠠᠴᠠ ᠨᠢ
ᠬᠠᠷᠠᠬᠤ ᠶᠤᠮ ᠪᠣᠯ
ᠬᠥᠪᠴᠢᠨ ᠬᠠᠩᠭᠠᠢ ᠬᠦᠷᠡᠯᠡᠢᠭᠡᠳ
ᠪᠤᠭᠤ ᠰᠣᠭᠣ ᠨᠢ
ᠵᠥᠷᠢᠯᠳᠦᠭᠡᠳ
ᠪᠤᠯᠠᠭ ᠤᠨ ᠤᠰᠤ ᠨᠢ
ᠮᠡᠯᠲᠡᠯᠵᠡᠭᠡᠳ
ᠬᠠᠲᠤᠨ ᠲᠤᠤᠯᠠ ᠮᠠᠨᠢ
ᠴᠡᠩᠬᠡᠷᠲᠦᠨ᠎ᠡ᠃
ᠵᠡᠭᠦᠨ ᠲᠠᠯ᠎ᠠ ᠠᠴᠠ ᠨᠢ
ᠬᠠᠷᠠᠬᠤ ᠶᠤᠮ ᠪᠣᠯ
ᠵᠢᠷᠦᠬᠡᠨ ᠤᠯᠠᠭᠠᠨ ᠴᠣᠬᠢᠶ᠎ᠠ ᠲᠠᠢ
ᠵᠦᠢᠷ ᠭᠤᠷ᠎ᠠ ᠶᠢᠨ
ᠭᠦᠶᠦᠳᠡᠯ ᠲᠡᠢ
ᠵᠥᠩᠳᠡᠭᠡᠨ ᠰᠠᠢᠬᠠᠨ
ᠠᠮᠠ ᠲᠠᠢ
ᠠᠮᠠ ᠪᠣᠯᠭᠠᠨ
ᠷᠠᠰᠢᠶᠠᠨ ᠲᠠᠢ
ᠵᠠᠰᠠᠭ ᠲᠥᠷᠥ ᠳᠦ ᠪᠡᠨ
ᠪᠣᠯᠪᠠᠯ ᠳ᠋ᠠ
ᠽᠠᠨᠳᠠᠨ ᠰᠢᠷᠡᠭᠡ ᠶᠤᠮ
ᠳ᠋ᠠ᠃
ᠽᠠᠮᠪᠤᠲᠢᠪ ᠳ᠋ᠡ
ᠪᠣᠯᠪᠠᠯ ᠳ᠋ᠠ
ᠣᠩᠭᠣᠨ ᠳᠠᠷᠬᠠᠨ
ᠰᠢᠲᠦᠭᠡᠨ ᠳᠦ ᠪᠡᠨ
ᠮᠥᠩᠬᠡ ᠯᠠ ᠲᠩᠷᠢ ᠶᠢᠨ
ᠪᠣᠯᠪᠠᠯ ᠳ᠋ᠠ
ᠮᠥᠩᠭᠥᠨ ᠪᠠᠭᠠᠨ᠎ᠠ ᠶᠤᠮ
ᠳ᠋ᠠ
ᠮᠣᠩᠭᠣᠯ ᠣᠷᠣᠨ ᠤ ᠮᠢᠨᠢ
ᠪᠣᠯᠪᠠᠯ ᠳ᠋ᠠ
ᠠᠭᠤᠯᠠᠰ ᠤᠨ ᠲᠡᠷᠢᠭᠦᠨ
ᠬᠠᠩᠭᠠᠢ ᠳ᠋ᠠ
ᠵᠤᠨ ᠤ ᠲᠤᠩᠭᠠᠯᠠᠭ
ᠥᠷᠯᠥᠭᠡ ᠨᠢ ᠬᠥ
ᠬᠥᠬᠥᠭᠡᠨ ᠳᠠᠭᠤᠤ
ᠤᠶᠠᠩᠭᠠᠯᠠᠭᠠᠳ
ᠬᠥᠪᠴᠢ ᠶᠢᠨ ᠥᠨᠳᠥᠷ
ᠮᠣᠳᠣᠨ ᠳᠤ ᠨᠢ
ᠵᠢᠭᠦᠷᠲᠡᠨ ᠪᠦᠷᠢᠳᠦᠨ
ᠴᠤᠭᠯᠠᠭᠰᠠᠨ
ᠡᠨᠡ ᠯᠠ ᠽᠠᠮᠪᠤᠲᠢᠪ ᠲᠦ ᠪᠡᠨ
ᠪᠣᠯᠪᠠᠯ
ᠦᠵᠡᠰᠬᠦᠯᠡᠩ ᠴᠢᠮᠡᠭ ᠨᠢ
ᠶᠤᠮ ᠳ᠋ᠠ
ᠡᠩᠬᠡ ᠮᠥᠩᠬᠡ ᠶᠢᠨ
ᠪᠣᠯᠪᠠᠯ ᠳ᠋ᠠ
ᠮᠥᠩᠬᠡ ᠶᠢᠨ ᠴᠡᠩᠬᠡᠷ
ᠬᠠᠳᠠᠭ ᠨᠢ ᠶᠤᠮ
ᠡᠨᠡ ᠯᠠ ᠳᠦᠩᠵᠢᠨᠭᠠᠷᠪᠣ ᠶᠢ ᠪᠠᠨ
ᠡᠷᠬᠡᠲᠦ ᠳᠦᠩᠵᠢᠨᠭᠠᠷᠪᠣ ᠶᠢ ᠪᠠᠨ
ᠴᠠᠯ ᠪᠤᠭᠤᠷᠤᠯ ᠳᠥᠷᠪᠡᠨ
ᠬᠠᠩᠭᠠᠢ ᠶᠢ ᠪᠠᠨ
ᠬᠠᠲᠤᠨ ᠲᠤᠤᠯᠠ ᠲᠠᠢ ᠨᠢ ᠮᠠᠭᠲᠠᠯ᠎ᠠ᠃
Дүнжингаравын магтаал
Орой дээрээ овоотой
Олон газраас зарлигтай
Очирваанийн шүтээнтэй
Хангайн Дүнжингаравыгаа
Хааны минь Дүнжингарав л гэнэ.
Богд Дүнжингаравыгаа
Бодитой Дүнжингарав л гэнэ.
Хадтай Дүнжингаравыгаа
Хааны минь Дүнжингарав л гэнэ
Энэ л Дүнжингаравыгаа
Эрдэнийн маант Дүнжингаравыгаа л гэнэ.
Цал буурал дөрвөн хангай
Хатан Туултай магтья
Урд талаас нь харах юм бол
Уран Манзуширийн хийдтэй
Шүр сувдын чимэгтэй
Есөн эрдэнийн баялагтай
Сүрлэг сайхан хангай даа
Баруун талаас нь харах юм бол
Бадамлхамын оронтой
Бадам давжид хормойтой
Баялаг Дүнжингаравыгаа
Баатар Дүнжингарав л гэнэ.
Хойд талаас нь харах юм бол
Хөвчин хангай хүрлийгээд
Буга согоо нь зөрөлдөөд
Булгийн ус нь мэлтэлзээд
Хатан Туул маань цэнхэртэнэ.
Зүүхэн талаас нь харах юм бол
Зүрхэн улаан цохиотой
Зүр гурын гүйдэлтэй
Зөндөө сайхан амтай
Ам болгон рашаантай
Засаг төрдөө болбол даа
Зандан ширээ юм даа.
Замбуу тив дээ болбол доо
Онгон дархан шүтээндээ
Мөнх л тэнгэрийн болбол доо
Мөнгөн багана юм даа
Монгол орны минь болбол доо
Уулсын тэргүүн хангай даа
Зуны тунгалаг өглөө нь хө
Хөхөөн дуу уянгалаад
Хөвчийн өндөр модонд нь
Жигүүртэн бүрдэн чуулсан
Энэ л замбуу тивдээ болбол
Үзэсгэлэн чимэг нь юм даа
Энх мөнхийн болбол доо
Мөнхийн цэнхэр хадаг нь юм
Энэ л Дүнжингаравыгаа
Эрхт Дүнжингаравыгаа
Цал буурал дөрвөн хангайгаа
Хатан Туултай нь магтлаа.
