ᠶᠢᠷᠲᠢᠨᠴᠦ ᠶᠢᠨ ᠭᠤᠷᠪᠠᠨ ᠬᠥᠭᠡᠷᠦᠬᠦᠨЕртөнцийн гураван хөөрхөн ᠶᠢᠷᠲᠢᠨᠴᠦ ᠶ᠋ᠢᠨ ᠭᠤᠷᠪᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠢᠷᠲᠢᠨᠴᠦ ᠶᠢᠨ ᠭᠤᠷᠪᠠᠨ ᠬᠥᠭᠡᠷᠦᠬᠦᠨЕртөнцийн гураван хөөрхөн

ᠶᠢᠷᠲᠢᠨᠴᠦ ᠶᠢᠨ ᠭᠤᠷᠪᠠᠨ ᠬᠥᠭᠡᠷᠦᠬᠦᠨЕртөнцийн гураван хөөрхөн

2023-02-09

439

ᠶᠢᠷᠲᠢᠨᠴᠦ ᠶᠢᠨ ᠭᠤᠷᠪᠠᠨ ᠬᠥᠭᠡᠷᠦᠬᠦᠨ

ᠪᠣᠢ ᠨᠢ ᠠᠷᠢᠯᠤᠭᠰᠠᠨ ᠬᠡᠦᠬᠡᠳ ᠨᠢᠭᠡ ᠬᠥᠭᠡᠷᠦᠬᠦᠨ

ᠪᠣᠷᠪᠢ ᠨᠢ ᠨᠡᠭᠡᠭᠡᠭᠰᠡᠨ ᠭᠥᠯᠥᠭᠡ ᠨᠢᠭᠡ ᠬᠥᠭᠡᠷᠦᠬᠦᠨ

ᠪᠣᠰᠴᠤ ᠲᠡᠩᠵᠢᠬᠦ ᠤᠨᠠᠭ᠎ᠠ ᠨᠢᠭᠡ ᠬᠥᠭᠡᠷᠦᠬᠦᠨ

 

ᠶᠢᠷᠲᠢᠨᠴᠦ ᠶᠢᠨ ᠭᠤᠷᠪᠠᠨ ᠬᠡᠴᠡᠭᠦᠦ

ᠲᠣᠭᠠᠯᠠᠬᠤ ᠳᠤ ᠣᠳᠣ ᠨᠢᠭᠡ ᠬᠡᠴᠡᠭᠦᠦ

ᠲᠤᠭᠤᠯᠬᠤ ᠳᠤ ᠲᠠᠯ᠎ᠠ ᠨᠢᠭᠡ ᠬᠡᠴᠡᠭᠦᠦ

ᠲᠠᠭᠤᠬᠤ ᠳᠤ ᠭᠠᠬᠠᠢ ᠨᠢᠭᠡ ᠬᠡᠴᠡᠭᠦᠦ

 

ᠶᠢᠷᠲᠢᠨᠴᠦ ᠶᠢᠨ ᠭᠤᠷᠪᠠᠨ ᠰᠠᠢᠬᠠᠨ
ᠠᠷᠪᠠᠨ ᠲᠠᠪᠤᠨ ᠤ ᠰᠠᠷᠠ ᠨᠢᠭᠡ ᠰᠠᠢᠬᠠᠨ
ᠠᠲᠠᠷ ᠭᠠᠵᠠᠷ ᠤᠨ ᠴᠡᠴᠡᠭ ᠨᠢᠭᠡ ᠰᠠᠢᠬᠠᠨ
ᠠᠪᠤ ᠡᠵᠢ ᠶᠢᠨ ᠰᠤᠷᠭᠠᠯ ᠨᠢᠭᠡ ᠰᠠᠢᠬᠠᠨ

ᠶᠢᠷᠲᠢᠨᠴᠦ ᠶᠢᠨ ᠭᠤᠷᠪᠠᠨ ᠪᠠᠶᠠᠨ

ᠬᠥᠬᠡ ᠲᠡᠭᠷᠢ ᠡᠭᠦᠯᠡᠰ ᠢᠶᠡᠷ ᠪᠠᠶᠠᠨ
ᠬᠥᠷᠥᠰᠥ ᠭᠠᠵᠠᠷ ᠦᠨᠳᠦᠰᠦ ᠪᠡᠷ ᠪᠠᠶᠠᠨ
ᠬᠥᠯ ᠦᠭᠡᠢ ᠳᠠᠯᠠᠢ ᠵᠢᠭᠠᠰᠤ ᠪᠠᠷ ᠪᠠᠶᠠᠨ

 

ᠶᠢᠷᠲᠢᠨᠴᠦ ᠶᠢᠨ ᠭᠤᠷᠪᠠᠨ ᠨᠢᠭᠡ ᠨᠣᠭᠣᠭᠠᠨ
ᠲᠠᠭ ᠲᠤ ᠤᠷᠭᠤᠭᠰᠠᠨ ᠠᠷᠴᠠ ᠨᠢᠭᠡ ᠨᠣᠭᠣᠭᠠᠨ
ᠲᠠᠢᠭ᠎ᠠ ᠳᠤ ᠤᠷᠭᠤᠭᠰᠠᠨ ᠬᠤᠰᠢ ᠨᠢᠭᠡ ᠨᠣᠭᠣᠭᠠᠨ
ᠲᠠᠯ᠎ᠠ ᠳᠤ ᠤᠷᠭᠤᠭᠰᠠᠨ ᠵᠡᠭᠡᠷᠭᠡᠨ᠎ᠡ ᠨᠢᠭᠡ ᠨᠣᠭᠣᠭᠠᠨ

 

ᠶᠢᠷᠲᠢᠨᠴᠦ ᠶᠢᠨ ᠭᠤᠷᠪᠠᠨ ᠬᠤᠷᠳᠤᠨ
ᠰᠠᠯᠬᠢ ᠲᠠᠢ ᠲᠩᠷᠢ ᠶᠢᠨ ᠡᠭᠦᠯᠡ ᠨᠢᠭᠡ ᠬᠤᠷᠳᠤᠨ
ᠰᠠᠢᠨ ᠮᠣᠷᠢᠨ ᠤ ᠶᠠᠪᠤᠳᠠᠯ ᠨᠢᠭᠡ ᠬᠤᠷᠳᠤᠨ
ᠰᠠᠷᠠᠭᠤᠯ ᠤᠬᠠᠭᠠᠨᠲᠠᠨ ᠤ ᠰᠠᠨᠠᠭ᠎ᠠ ᠨᠢᠭᠡ ᠬᠤᠷᠳᠤᠨ

 

ᠶᠢᠷᠲᠢᠨᠴᠦ ᠶᠢᠨ ᠭᠤᠷᠪᠠᠨ ᠬᠥᠩᠭᠡᠨ
ᠤᠷᠤᠰᠬᠤ ᠳᠤ ᠤᠰᠤ ᠨᠢᠭᠡ ᠬᠥᠩᠭᠡᠨ
ᠬᠡᠢᠰᠬᠦ ᠳᠦ ᠪᠡᠨ ᠥᠳᠥ ᠨᠢᠭᠡ ᠬᠥᠩᠭᠡᠨ
ᠡᠷᠭᠦᠬᠦ ᠳᠦ ᠡᠪᠡᠰᠦ ᠨᠢᠭᠡ ᠬᠥᠩᠭᠡᠨ

ᠶᠢᠷᠲᠢᠨᠴᠦ ᠶᠢᠨ ᠭᠤᠷᠪᠠᠨ ᠴᠠᠭᠠᠨ
ᠲᠠᠷᠢᠶᠠᠨ ᠠᠴᠠ ᠭᠠᠷᠤᠭᠰᠠᠨ ᠭᠤᠯᠢᠷ ᠨᠢᠭᠡ ᠴᠠᠭᠠᠨ
ᠲᠠᠬᠢᠶᠠᠨ ᠠᠴᠠ ᠭᠠᠷᠤᠭᠰᠠᠨ ᠥᠨᠳᠡᠭᠡ ᠨᠢᠭᠡ ᠴᠠᠭᠠᠨ
ᠲᠡᠭᠷᠢ ᠠᠴᠠ  ᠪᠠᠭᠤᠭᠰᠠᠨ ᠴᠠᠰᠤ ᠨᠢᠭᠡ ᠴᠠᠭᠠᠨ