ᠬᠣᠲᠣᠭᠤᠷ ᠭᠦᠳᠦᠭᠦᠷ ᠬᠣᠩᠬᠣᠷ ᠬᠥᠩᠬᠥᠷ ᠭᠠᠵᠠᠷ-ᠬᠡᠯᠡ ᠵᠦᠭᠰᠢᠷᠡᠭᠦᠯᠬᠦ ᠦᠭᠡХотгор гүдгэр хонхор гүнгэр газар-хэл зүгшрүүлэх үг
ᠬᠣᠲᠣᠭᠣᠷ ᠭᠦᠳᠦᠭᠦᠷ ᠬᠣᠩᠬᠣᠷ ᠬᠥᠩᠬᠥᠷ ᠭᠠᠵᠠᠷ
ᠬᠡᠯᠡ ᠵᠦᠭᠰᠢᠷᠡᠭᠦᠯᠬᠦ ᠦᠭᠡ
ᠶᠡᠬᠡ ᠪᠣᠷᠣ ᠮᠣᠷᠢ ᠂
ᠪᠠᠭ᠎ᠠ ᠪᠣᠷᠣ ᠮᠣᠷᠢ ᠬᠦᠷᠡᠯ ᠢᠯᠡᠦᠷ ᠂ ᠪᠣᠯᠣᠷ ᠰᠣᠷᠣᠭᠤᠯ
ᠪᠠᠷᠠᠭᠤᠨ ᠤᠷᠤᠭᠤ
ᠪᠢᠷᠠᠭᠤ ᠣᠷᠣᠭᠠᠳ ᠪᠤᠷᠤᠭᠤ ᠡᠷᠢᠭᠡᠳ
ᠯᠠᠯᠠᠷ ᠢ ᠯᠣᠷᠤᠢ
ᠢᠷᠣᠭᠠᠷ ᠢᠶ᠋ᠠᠷ ᠢᠶ᠋ᠠᠨ ᠭᠤᠷᠪᠠ ᠡᠷᠭᠢᠨ᠎ᠡ
ᠯᠠᠯᠠᠷ ᠢ ᠯᠣᠷᠤᠢ
ᠢᠷᠣᠭᠠᠷ ᠢᠶ᠋ᠠᠷ ᠢᠶ᠋ᠠᠨ ᠭᠤᠷᠪᠠ ᠡᠷᠭᠢᠨ᠎ᠡ
ᠡᠷᠭᠢᠨ ᠳᠡᠭᠡᠷ᠎ᠡ
ᠡᠯᠢᠶ᠎ᠡ ᠬᠡᠷᠢᠶ᠎ᠡ ᠭᠠᠯᠠᠭᠤ ᠭᠤᠷᠪᠠ
ᠡᠷᠡᠦ ᠠᠮᠠ ᠪᠠᠨ
ᠳᠣᠯᠢᠶᠠᠯᠴᠠᠨ᠎ᠠ
ᠬᠡᠷᠡᠮ ᠳᠡᠭᠡᠷ᠎ᠡ
ᠬᠡᠷᠢᠶ᠎ᠡ ᠡᠯᠢᠶ᠎ᠡ ᠭᠠᠯᠠᠭᠤ ᠭᠤᠷᠪᠠ
ᠬᠡᠯᠡ ᠠᠮᠠ ᠪᠠᠨ
ᠳᠣᠯᠢᠶᠠᠯᠴᠠᠨ᠎ᠠ
ᠬᠣᠲᠣᠭᠣᠷ ᠳᠣᠲᠣᠷ᠎ᠠ
ᠬᠣᠶᠠᠷ ᠲᠡᠮᠦᠷ ᠬᠥᠬᠡ ᠮᠤᠬᠤᠷ ᠪᠤᠬ᠎ᠠ ᠪᠠᠶ᠋ᠢᠨ᠎ᠠ
ᠡᠨᠡ ᠬᠣᠶᠠᠷ ᠲᠡᠮᠦᠷ
ᠬᠥᠬᠡ ᠮᠤᠬᠤᠷ ᠪᠤᠬ᠎ᠠ ᠶ᠋ᠢ
ᠲᠡᠮᠦᠷ ᠬᠥᠬᠡ ᠮᠤᠬᠤᠷ
ᠪᠤᠬ᠎ᠠ ᠭᠡᠵᠦ ᠬᠡᠯᠡᠬᠦ ᠦᠭᠡᠢ
ᠥᠭᠡᠷ᠎ᠡ ᠶᠠᠮᠠᠷ ᠬᠣᠶᠠᠷ
ᠲᠡᠮᠦᠷ ᠬᠥᠬᠡ ᠮᠤᠬᠤᠷ ᠪᠤᠬ᠎ᠠ ᠶ᠋ᠢ
ᠲᠡᠮᠦᠷ ᠬᠥᠬᠡ ᠮᠤᠬᠤᠷ
ᠪᠤᠬ᠎ᠠ ᠭᠡᠵᠦ ᠬᠡᠯᠡᠬᠦ ᠶᠤᠮ ᠪᠤᠢ
ᠬᠠᠪᠤᠷ ᠰᠢᠪᠠᠷ
ᠫᠠᠭᠯᠠᠶ᠋ᠢᠨᠠ ᠂ ᠨᠠᠮᠤᠷ ᠰᠠᠮᠤᠷ ᠰᠠᠭᠯᠠᠶ᠋ᠢᠨᠠ
ᠵᠢᠯᠣᠭᠣ ᠳᠠᠷᠤᠳᠠᠭ
ᠬᠠᠯᠲᠠᠷ ᠂ ᠵᠢᠷᠣᠭ᠎ᠠ ᠶᠠᠪᠤᠳᠠᠭ ᠬᠠᠯᠲᠠᠷ
ᠬᠤᠷ ᠳᠡᠯ ᠲᠡᠢ ᠬᠣᠯᠠ
ᠮᠣᠷᠢ ᠂ ᠬᠤᠷᠳᠤ ᠰᠠᠶ᠋ᠢᠲᠠᠢ ᠪᠣᠷᠣ ᠮᠣᠷᠢ
ᠪᠠᠶ᠋ᠢᠰᠢᠩ ᠳᠣᠲᠣᠷ᠎ᠠ
ᠫᠢᠰᠢᠩ ᠪᠠᠷᠢᠬᠤ ᠤᠤ
ᠫᠢᠰᠢᠩ ᠳᠣᠲᠣᠷ᠎ᠠ
ᠪᠠᠶ᠋ᠢᠰᠢᠩ ᠪᠠᠷᠢᠬᠤ ᠤᠤ ᠭᠡᠵᠦ ᠪᠠᠰᠠᠩ ᠠ᠋ᠴᠠ ᠠᠰᠠᠭᠤᠬᠤ ᠳᠤ
ᠪᠠᠶ᠋ᠢᠰᠢᠩ ᠳᠣᠲᠣᠷ᠎ᠠ
ᠫᠢᠰᠢᠩ ᠪᠠᠷᠢᠬᠤ ᠠ᠋ᠴᠠ
ᠫᠢᠰᠢᠩ ᠳᠣᠲᠣᠷ᠎ᠠ
ᠪᠠᠶ᠋ᠢᠰᠢᠩ ᠪᠠᠷᠢᠬᠤ ᠦᠭᠡᠢ ᠭᠡᠵᠦ
ᠪᠠᠰᠠᠩ ᠪᠠᠬᠠᠷᠠᠯ ᠲᠠᠢ
ᠪᠠᠷ ᠬᠠᠷᠢᠭᠤᠯᠤᠯ᠎ᠠ
ᠠᠯᠴᠢᠭᠤᠷ ᠠᠷᠴᠢᠭᠤᠷ
ᠬᠣᠶᠠᠷ ᠤᠨ ᠠᠯᠴᠢᠭᠤᠷ ᠨᠢ ᠠᠯᠴᠢᠭᠤᠷ
ᠠᠷᠴᠢᠭᠤᠷ ᠨᠢ ᠠᠷᠴᠢᠭᠤᠷ
ᠠᠯᠢ ᠠᠯᠢᠨ ᠲᠠᠢ ᠪᠠᠨ ᠠᠳᠠᠯᠢ ᠦᠭᠡᠢ
ᠭᠠᠷ ᠢᠶ᠋ᠠᠷ ᠭᠠᠯ ᠢ
ᠪᠠᠷᠢᠬᠤ ᠳᠤ ᠂ ᠭᠠᠯ ᠭᠠᠷ ᠢ ᠬᠠᠯᠠᠭᠠᠨ᠎ᠠ
ᠭᠠᠯ ᠤᠨ ᠬᠠᠶ᠋ᠢᠴᠢ
ᠪᠠᠨ ᠭᠠᠷ ᠲᠤ ᠪᠠᠨ ᠪᠠᠷᠢᠭᠠᠳ ᠭᠠᠯ ᠢ ᠪᠠᠷᠢᠬᠤ ᠳᠤ
ᠭᠠᠯ ᠭᠠᠷ ᠢ
ᠬᠠᠯᠠᠭᠠᠬᠤ ᠦᠭᠡᠢ ᠭᠠᠯ ᠭᠠᠯ ᠤᠨ ᠬᠠᠶ᠋ᠢᠴᠢ ᠶ᠋ᠢ ᠬᠠᠯᠠᠭᠠᠨ᠎ᠠ
ᠠᠷᠪᠠᠨ ᠲᠠᠪᠤᠨ ᠤ ᠰᠠᠷ᠎ᠠ
ᠠᠯᠤᠰ ᠢᠶ᠋ᠠᠷ ᠬᠦᠷᠢᠶᠡᠯᠡᠪᠡ ᠤᠤ
ᠣᠶ᠋ᠢᠷ᠎ᠠ ᠪᠠᠷ
ᠬᠦᠷᠢᠶᠡᠯᠡᠪᠡ ᠤᠤ
ᠬᠣᠷᠢᠨ ᠲᠠᠪᠤᠨ ᠤ
ᠰᠠᠷ᠎ᠠ ᠬᠣᠯᠠᠭᠤᠷ ᠬᠦᠷᠢᠶᠡᠯᠡᠪᠡ ᠤᠤ
ᠣᠶ᠋ᠢᠷ᠎ᠠ ᠪᠠᠷ
ᠬᠦᠷᠢᠶᠡᠯᠡᠪᠡ ᠤᠤ
ᠡᠶ᠋ᠢᠮᠦ ᠰᠠᠶ᠋ᠢᠬᠠᠨ
ᠭᠥᠯᠢᠭᠡᠷ ᠭᠥᠯᠴᠢᠭᠡᠷ ᠭᠥᠯᠲᠥᠭᠡᠷ ᠪᠠᠯᠲᠠᠭᠠᠷ
ᠬᠣᠲᠣᠭᠣᠷ ᠭᠦᠳᠦᠭᠦᠷ
ᠬᠣᠩᠬᠣᠷ ᠬᠥᠩᠬᠥᠷ ᠭᠠᠵᠠᠷ ᠢ
ᠭᠥᠯᠢᠭᠡᠷ ᠭᠥᠯᠴᠢᠭᠡᠷ
ᠭᠥᠯᠲᠥᠭᠡᠷ ᠪᠠᠯᠲᠠᠭᠠᠷ ᠬᠣᠲᠣᠭᠣᠷ
ᠭᠦᠳᠦᠭᠦᠷ ᠬᠣᠩᠬᠣᠷ
ᠬᠥᠩᠬᠥᠷ ᠭᠠᠵᠠᠷ ᠭᠡᠵᠦ ᠬᠡᠯᠡᠬᠦ ᠦᠭᠡᠢ
ᠥᠭᠡᠷ᠎ᠡ ᠶᠠᠮᠠᠷ
ᠡᠶ᠋ᠢᠮᠦ ᠰᠠᠶ᠋ᠢᠬᠠᠨ ᠭᠥᠯᠢᠭᠡᠷ ᠭᠥᠯᠴᠢᠭᠡᠷ ᠭᠥᠯᠲᠥᠭᠡᠷ ᠪᠠᠯᠲᠠᠭᠠᠷ
ᠬᠣᠲᠣᠭᠣᠷ ᠭᠦᠳᠦᠭᠦᠷ
ᠬᠣᠩᠬᠣᠷ ᠬᠥᠩᠬᠥᠷ ᠭᠠᠵᠠᠷ ᠢ
ᠭᠥᠯᠢᠭᠡᠷ ᠭᠥᠯᠴᠢᠭᠡᠷ
ᠭᠦᠯᠲᠤᠭᠡᠷ ᠪᠠᠯᠲᠠᠭᠠᠷ ᠬᠣᠲᠣᠭᠣᠷ
ᠭᠦᠳᠦᠭᠦᠷ ᠬᠣᠩᠬᠣᠷ
ᠬᠥᠩᠬᠥᠷ ᠭᠠᠵᠠᠷ ᠭᠡᠵᠦ ᠬᠡᠯᠡᠬᠦ ᠶᠤᠮ ᠪᠤᠢ