ᠭᠣᠣᠳᠣᠢ ᠮᠣᠣᠳᠣᠢ ᠬᠣᠶᠠᠷ-ᠮᠣᠩᠭᠣᠯ ᠬᠡᠦᠬᠡᠯᠳᠡᠢ ᠶᠢᠨ ᠺᠢᠨᠣ᠋Гоодой, Моодой хоёр_Монгол хүүхэлдэйн кино_ (Mongolian cartoon _Goodoi & Moodoi_)
ᠭᠣᠣᠳᠣᠢ ᠮᠣᠣᠳᠣᠢ ᠬᠣᠶᠠᠷ-ᠮᠣᠩᠭᠣᠯ ᠬᠡᠦᠬᠡᠯᠳᠡᠢ ᠶᠢᠨ ᠺᠢᠨᠣ᠋
ᠵᠢᠵᠢ᠄ ᠬᠢ ᠬᠢ ᠶᠠᠮᠠᠷ ᠭᠣᠶᠣ ᠶᠤᠮ ᠪᠣᠢ!ᠬᠠᠢ ᠰᠠᠢᠨ ᠤᠤ?ᠪᠠᠶᠠᠷᠲᠠᠢ ᠶᠠᠮᠠᠷ ᠭᠣᠶᠣ ᠶᠤᠮ ᠪᠣᠢ!
ᠬᠠᠲᠤᠨ ᠵᠥᠭᠡᠢ᠄ᠥᠬᠢᠨ ᠮᠢᠨᠢ ᠪᠣᠯᠭᠣᠮᠵᠢ ᠲᠠᠢ᠃
ᠵᠢᠵᠢ᠄ᠡᠵᠢ ᠠ᠋ ᠲᠡᠷᠡ ᠶᠠᠭᠤ ᠪᠣᠢ? ᠡᠵᠢ ᠠ᠋ ᠶᠠᠮᠠᠷ ᠭᠣᠶᠣ ᠶᠤᠮ ᠪᠣᠢ!
ᠬᠠᠲᠤᠨ ᠵᠥᠭᠡᠢ᠄ᠪᠣᠯᠭᠣᠮᠵᠢ ᠲᠠᠢ ᠥᠬᠢᠨ ᠮᠢᠨᠢ ᠪᠣᠯᠭᠣᠮᠵᠢ ᠲᠠᠢ᠃
ᠪᠤᠤᠪᠠ᠄ᠡᠵᠢ ᠠ᠋ ᠡᠵᠢ ᠠ᠋ ᠨᠠᠭᠠᠰᠢ ᠪᠠᠨ᠂ᠡᠳᠦᠷ ᠦ᠋ᠨ ᠵᠠᠭᠤᠰᠢ ᠥᠪᠡᠷ ᠢ᠋ᠶ᠋ᠡᠨ ᠬᠦᠷᠦᠭᠡᠳ ᠢᠷᠡᠯ᠎ᠡ᠃
ᠠᠭᠠᠯᠵᠢ ᠡᠵᠢ᠄ ᠪᠣᠯᠭᠣᠮᠵᠢ ᠲᠠᠢ ᠮᠢᠨᠦ ᠬᠦᠦ ᠪᠣᠯᠭᠣᠮᠵᠢ ᠲᠠᠢ᠂ᠠᠩᠬᠠᠨ ᠤ᠋ ᠴᠢᠨᠢ ᠣᠯᠵᠠ ᠭᠡᠬᠦ ᠳ᠋ᠦ᠍ ᠮᠠᠭᠤ ᠦᠭᠡᠢ ᠰᠢᠦ᠂ ᠰᠠᠢᠨ ᠪᠡᠷᠢ ᠮᠢᠨᠦ ᠲᠡᠮᠲᠡᠷᠢᠭᠦᠯ ᠢ᠋ᠶ᠋ᠡᠨ᠃
ᠵᠢᠵᠢ᠄ ᠬᠥᠶᠢ᠂ᠡᠵᠢ ᠠ᠋ ᠡᠵᠢ ᠠ᠋᠁ ᠲᠠ ᠴᠢᠨᠢ ᠬᠠᠮᠢᠭ᠎ᠠ ᠣᠴᠢᠴᠢᠬᠠᠪᠠ? ᠡᠵᠢ ᠠ᠋᠃
ᠠ᠋!ᠡᠵᠢ ᠠ᠋ ᠲᠠ ᠴᠢᠨᠢ ᠶᠠᠭᠠᠬᠢᠴᠢᠬᠠᠪᠠ?
ᠬᠠᠲᠤᠨ ᠵᠥᠭᠡᠢ᠄ᠥᠬᠢᠨ ᠮᠢᠨᠢ ᠴᠠᠭᠠᠰᠢ ᠪᠠᠨ᠂ ᠠᠷᠠᠯᠵᠢᠶᠠᠨ ᠤ᠋ ᠲᠣᠣᠷ ᠲᠤ᠌ ᠣᠢᠷᠠᠳᠴᠤ ᠪᠣᠯᠬᠤ ᠦᠭᠡᠢ ᠭᠡᠵᠦ ᠠᠩᠬᠠᠷᠤᠭᠤᠯᠵᠤ ᠪᠠᠢᠭᠰᠠᠨ ᠢ᠋ ᠮᠠᠨᠢ ᠰᠠᠨᠠᠵᠤ ᠪᠠᠢᠭ᠎ᠠ ᠪᠢᠵᠡ ᠳᠡ᠃
ᠵᠢᠵᠢ᠄ᠡᠵᠢ ᠠ᠋᠂ ᠣᠳᠣ ᠶᠠᠭᠠᠬᠢᠬᠤ ᠪᠣᠢ?
ᠬᠠᠲᠤᠨ ᠵᠥᠭᠡᠢ᠄ᠥᠬᠢᠨ ᠮᠢᠨᠢ ᠡᠵᠢ ᠶ᠋ᠢᠨ ᠢ᠋ᠶ᠋ᠡᠨ ᠦᠭᠡᠨ ᠳ᠋ᠦ᠍ ᠣᠷᠣ ᠯᠠ ᠂ᠡᠰᠡᠨ ᠮᠡᠨᠳᠦ ᠪᠡᠷ ᠢ᠋ᠶ᠋ᠡᠨ ᠡᠨᠳᠡ ᠡᠴᠡ ᠶᠠᠪᠤ᠂ᠶᠠᠪᠤ ᠥᠬᠢᠨ ᠮᠢᠨᠢ ᠬᠤᠷᠳᠤᠬᠠᠨ ᠰᠢᠭ᠋ ᠶᠠᠪᠤ᠃
ᠪᠤᠤᠪᠠ᠄ ᠴᠢᠳᠠᠳᠠᠭ ᠶᠤᠮ ᠪᠣᠯ ᠢᠷᠡᠭᠡᠳ ᠡᠵᠢ ᠶ᠋ᠢ ᠪᠡᠨ ᠠᠪᠤᠷᠠ ᠯᠠ ᠳᠠ᠃
ᠬᠠᠲᠤᠨ ᠵᠥᠭᠡᠢ᠄ᠥᠬᠢᠨ ᠮᠢᠨᠢ ᠴᠠᠭᠠᠰᠢ ᠪᠠᠨ᠃
ᠵᠢᠵᠢ᠄ ᠡᠵᠢ ᠠ᠋᠂ ᠡᠵᠢ ᠠ᠋᠁
ᠬᠠᠲᠤᠨ ᠵᠥᠭᠡᠢ᠄ᠶᠠᠪᠤ᠂ ᠥᠬᠢᠨ ᠮᠢᠨᠢ ᠬᠤᠷᠳᠤᠬᠠᠨ ᠰᠢᠭ᠋ ᠶᠠᠪᠤ᠃
ᠳᠤᠤᠯᠢᠭᠡᠷ᠄ᠤᠳᠠᠭᠠᠨ ᠪᠠᠢᠨ᠎ᠠ ᠤᠳᠠᠭᠠᠨ ᠪᠠᠢᠨ᠎ᠠ᠂ ᠤᠳᠠᠭᠠᠨ ᠪᠠᠢᠨ᠎ᠠ ᠠ᠋᠂ᠤᠳᠠᠭᠠᠨ ᠪᠠᠢᠨ᠎ᠠ᠃ᠡᠪᠡᠰᠦᠨ ᠦ᠌ ᠲᠣᠯᠣᠭᠠᠢ ᠳ᠋ᠤ᠌ ᠲᠦᠷᠦᠭᠦᠯᠡᠵᠦ ᠭᠠᠷᠤᠭᠰᠠᠨ ᠨᠢ ᠬᠣᠵᠢᠨ᠎ᠠ ᠰᠢᠦ᠃
ᠭᠤᠤᠳᠤᠢ᠄ᠶᠠᠭᠠᠬᠢᠨ᠎ᠠ ᠳᠠ ᠶᠠᠭᠠᠬᠢᠨ᠎ᠠ᠃ᠬᠥᠶᠢ᠃
ᠳᠤᠤᠯᠢᠭᠡᠷ᠄ᠬᠥᠶᠢ ᠳᠡᠭᠡᠭᠰᠢ ᠪᠡᠨ ᠠᠪᠠᠷᠢᠨ᠎ᠠ ᠭᠡᠰᠡᠨ ᠪᠠᠢᠬᠤ ᠳ᠋ᠤ᠌᠃
ᠵᠢᠵᠢ᠄ ᠡᠵᠢ ᠠ᠋
ᠮᠤᠤᠳᠤᠢ᠄ᠥᠪᠡᠷ ᠢ᠋ᠶ᠋ᠡᠨ ᠨᠠᠮ᠎ᠠ ᠶ᠋ᠢ ᠮᠥᠷᠭᠥᠵᠦ ᠤᠨᠠᠴᠢᠬᠠᠭᠠᠳ᠂ᠶᠠᠭᠤᠨ ᠳ᠋ᠤ᠌ ᠪᠠᠨ ᠤᠬᠢᠯᠠᠭᠠᠳ ᠪᠠᠢᠭ᠎ᠠ ᠶᠤᠮ ᠪᠣᠢ?ᠶᠣ ᠶᠣ
ᠵᠢᠵᠢ᠄ ᠡᠵᠢ ᠠ᠋᠁
ᠳᠤᠤᠯᠢᠭᠡᠷ᠄ᠬᠤᠷᠤᠢ! ᠭᠤᠳᠤᠢ ᠢᠯᠠᠭᠰᠠᠨ ᠰᠢᠦ ᠭᠣᠣᠨᠣᠢ ᠢᠯᠠᠯ᠎ᠠ ᠬᠤᠷᠤᠢ᠃
ᠭᠤᠤᠳᠤᠢ᠄ᠬᠥᠶᠢ᠂ ᠲᠠ ᠬᠣᠶᠠᠷ ᠴᠢᠨᠢ ᠵᠦᠭᠡᠷ ᠤᠤ?
ᠵᠢᠵᠢᠴᠢ ᠶᠠᠭᠠᠬᠢᠭᠠᠳ ᠤᠬᠢᠯᠠᠭᠠᠳ ᠪᠠᠢᠭ᠎ᠠ ᠶᠤᠮ ᠪᠣᠢ?
ᠮᠤᠤᠳᠤᠢ᠄ᠠᠮᠢᠳᠤ ᠮᠡᠨᠳᠦ ᠪᠠᠢᠬᠤ ᠳ᠋ᠤ᠌ ᠪᠠᠨ ᠲᠡᠷᠡ ᠲᠡᠭᠦᠨ ᠲᠡᠢ ᠶᠠᠮᠠᠷ ᠬᠠᠮᠢᠶ᠎ᠠ ᠲᠠᠢ ᠶᠤᠮ ᠪᠣᠢ?
ᠵᠢᠵᠢ᠄ ᠡᠵᠢ ᠠ᠋
ᠮᠤᠤᠳᠤᠢ᠄ᠣᠳᠣ ᠤᠬᠢᠯᠠᠬᠤ ᠪᠠᠨ ᠪᠣᠯᠢ ᠯᠠ ᠳᠠ᠂ᠪᠢ ᠴᠦ᠍ ᠭᠡᠰᠡᠨ ᠡᠪᠡᠳᠴᠦ ᠯᠡ ᠪᠠᠢᠨ᠎ᠠ᠂ᠲᠡᠭᠡᠯ᠎ᠡ ᠭᠡᠳ ᠤᠬᠢᠯᠠᠭᠠᠳ ᠪᠠᠢᠬᠤ ᠨᠢ ᠢᠴᠢᠮᠡᠷ ᠰᠢᠦ ᠳᠡ᠃
ᠵᠢᠵᠢ᠄ᠮᠢᠨᠦ ᠡᠪᠡᠳᠦᠭᠰᠡᠨ ᠳ᠋ᠦ᠍ ᠪᠡᠨ ᠤᠬᠢᠯᠠᠭᠰᠠᠨ ᠪᠢᠰᠢ᠂ᠰᠡᠳᠬᠢᠯ ᠮᠢᠨᠢ ᠡᠪᠡᠳᠦᠭᠡᠳ ᠯᠡ ᠤᠬᠢᠯᠠᠵᠤ ᠪᠠᠢᠨ᠎ᠠ ᠡᠵᠢ ᠠ᠋᠃
ᠳᠤᠤᠯᠢᠭᠡᠷ᠄ ᠠ᠂ᠳᠡᠭᠡᠷ᠎ᠡ ᠡᠴᠡ ᠤᠨᠠᠬᠤ ᠳ᠋ᠤ᠌ ᠰᠡᠳᠬᠢᠯ ᠲᠡᠢᠮᠦ ᠶᠡᠬᠡ ᠡᠪᠡᠳᠳᠡᠭ ᠶᠦ᠍ᠮ ᠪᠠᠢᠬᠤ ᠳᠠ᠂ ᠠᠯᠢᠪ᠂ ᠭᠠᠢᠭᠤᠢ ᠯᠠ ᠪᠠᠢᠨ᠎ᠠ ᠰᠢᠲᠠ᠃
ᠵᠢᠵᠢ᠄ᠬᠥᠭᠡᠷᠦᠬᠦᠢ ᠡᠵᠢ ᠶ᠋ᠢ ᠪᠡᠨ ᠪᠣᠳᠣᠬᠤ ᠪᠠᠷ ᠨᠢᠯᠪᠤᠰᠤ ᠮᠢᠨᠢ ᠤᠷᠤᠰᠤᠭᠠᠳ ᠯᠠ ᠪᠠᠢᠬᠤ ᠶᠤᠮ᠃ᠡᠵᠢ ᠮᠢᠨᠢ ᠠᠭᠠᠯᠵᠢᠨ ᠤ᠋ ᠲᠣᠣᠷ ᠲᠤ᠌ ᠣᠷᠣᠴᠢᠬᠠᠭᠰᠠᠨ᠂ᠡᠵᠢ ᠠ᠋᠂ ᠨᠠᠮ᠎ᠠ ᠶ᠋ᠢ ᠠᠪᠤᠷᠠᠬᠤ ᠭᠡᠵᠦ ᠪᠠᠢᠭᠠᠳ ᠠᠭᠠᠯᠵᠢᠨ ᠤ᠋ ᠲᠣᠣᠷ ᠲᠤ᠌ ᠣᠷᠣᠴᠢᠬᠠᠯ᠎ᠠ ᠰᠢᠲᠠ᠃
ᠭᠤᠳᠤᠢ᠄ ᠭᠦᠦᠭ᠂ᠠᠭᠠᠯᠵᠢᠨ ᠤ᠋ ᠲᠣᠣᠷ ᠲᠤ᠌ ᠣᠷᠣᠴᠢᠬᠠᠭᠰᠠᠨ ᠪᠣᠯ ᠠᠮᠢ ᠪᠠᠨ ᠠᠯᠳᠠᠵᠤ ᠮᠡᠳᠡᠬᠦ ᠨᠢ ᠳᠡ᠃
ᠮᠤᠤᠳᠤᠢ᠄ ᠵᠢᠵᠢ ᠪᠢᠲᠡᠭᠡᠢ ᠤᠬᠢᠯᠠ᠂ ᠪᠦᠭᠦᠳᠡᠭᠡᠷ ᠢ᠋ᠶ᠋ᠡᠨ ᠶᠠᠮᠠᠷ ᠨᠢᠭᠡᠨ ᠠᠷᠭ᠎ᠠ ᠪᠣᠳᠣᠵᠤ ᠣᠯᠬᠤ ᠬᠡᠷᠡᠭᠲᠡᠢ᠃
ᠵᠢᠵᠢ᠄ ᠶᠠᠮᠠᠷ ᠠᠷᠭ᠎ᠠ?
ᠪᠦᠭᠦᠳᠡᠭᠡᠷ᠄ ᠶᠠᠮᠠᠷ ᠠᠷᠭ᠎ᠠ?
ᠮᠤᠤᠳᠤᠢ᠄ᠵᠠ ᠪᠠᠢᠵᠠ᠂ᠶᠠᠭᠤ?ᠶᠠᠮᠠᠷ ᠨᠢᠭᠡᠨ ᠠᠷᠭ᠎ᠠ ᠯᠠ᠁ ᠣᠯᠬᠤ ᠬᠡᠷᠡᠭᠲᠡᠢ᠃
ᠭᠤᠤᠳᠤᠢ᠄ᠬᠥᠶᠢ ᠂ᠴᠢ ᠲᠡᠭᠡᠭᠡᠳ ᠶᠠᠮᠠᠷ ᠨᠢᠭᠡᠨ ᠠᠷᠭ᠎ᠠ ᠪᠠᠨ ᠪᠣᠳᠣᠵᠤ ᠣᠯᠪᠠ ᠤᠤ?
ᠮᠤᠤᠳᠤᠢ᠄ ᠦ᠂ ᠨᠠᠢᠵᠠ ᠨᠤᠭᠤᠳ ᠠ᠋᠂ ᠪᠢ ᠣᠯᠤᠭᠰᠠᠨ᠂᠂ ᠣᠯᠤᠭᠰᠠᠨ ᠰᠢᠦ᠃
ᠪᠦᠭᠦᠳᠡᠭᠡᠷ᠄ᠶᠠᠮᠠᠷ ᠠᠷᠭ᠎ᠠ ᠶᠤᠮ ᠪᠣᠢ?
ᠮᠤᠤᠳᠤᠢ᠄ᠵᠢᠷᠤᠭ ᠲᠥᠯᠥᠪᠯᠡᠭᠡ ᠵᠣᠬᠢᠶᠠᠬᠤ ᠠᠷᠭ᠎ᠠ᠃
ᠳᠤᠤᠯᠢᠭᠡᠷ᠄ᠡᠨᠡ ᠶᠠᠮᠠᠷ ᠠᠷᠭ᠎ᠠ ᠪᠠᠢᠳᠠᠭ ᠶᠤᠮ?
ᠭᠤᠤᠳᠤᠢ᠄ ᠦ ᠮᠤᠤᠳᠤᠢ
ᠮᠤᠤᠳᠤᠢ᠄ ᠨᠠᠢᠵᠠ ᠨᠤᠭᠤᠳ ᠠ᠋᠂ᠶᠠᠮᠠᠷ ᠴᠤ᠌ ᠳ᠋ᠦᠩ ᠢ᠋ ᠪᠣᠳᠣᠵᠤ ᠲᠥᠯᠥᠪᠯᠡᠵᠦ ᠪᠠᠢᠬᠤ ᠬᠡᠷᠡᠭᠲᠡᠢ᠃
ᠭᠤᠳᠤᠢ᠄ ᠭᠦᠦᠭ᠂ᠢᠩᠭᠢᠭᠰᠡᠭᠡᠷ ᠪᠠᠢᠲᠠᠯ᠎ᠠ ᠠᠷᠪᠠᠯᠵᠢ ᠬᠠᠲᠤᠨ ᠵᠥᠭᠡᠢ ᠶ᠋ᠢ ᠢᠳᠡᠴᠢᠬᠡᠨ᠎ᠡ ᠳᠡ᠃ᠶᠡᠷᠦ ᠨᠢ ᠴᠢᠨᠦ ᠲᠥᠯᠥᠪᠯᠡᠯᠭᠡ ᠲᠡᠢ ᠲᠥᠯᠥᠪᠯᠡᠯᠭᠡ ᠦᠭᠡᠢ᠂ᠪᠢ ᠬᠠᠲᠤᠨ ᠵᠥᠭᠡᠢ ᠶ᠋ᠢ ᠶᠠᠪᠤᠵᠤ ᠠᠪᠤᠷᠠᠨ᠎ᠠ᠃
ᠳᠤᠤᠯᠢᠭᠡᠷ᠄ᠪᠢ ᠴᠦ᠍ ᠭᠡᠰᠡᠨ ᠭᠤᠤᠳᠤᠢ ᠲᠠᠢ ᠴᠣᠭ ᠶᠠᠪᠤᠨ᠎ᠠ᠃
ᠭᠤᠤᠳᠤᠢ᠄ ᠳᠤᠤᠯᠢᠭᠡᠷ ᠠ᠋᠂ ᠨᠠᠭᠠᠰᠢ ᠢᠷ᠎ᠡ᠂ᠨᠠᠳᠠ ᠨᠢᠭᠡ ᠰᠠᠨᠠᠭ᠎ᠠ ᠪᠠᠢᠨ᠎ᠠ᠃
ᠳᠤᠤᠯᠢᠭᠡᠷ᠄ᠴᠢ ᠲᠥᠯᠥᠪᠯᠡᠯᠭᠡ ᠲᠡᠢ ᠲᠥᠯᠥᠪᠯᠡᠯᠭᠡ ᠦᠭᠡᠢ ᠪᠣᠯᠤᠨ᠎ᠠ ᠠ᠋ ᠯᠠ ᠭᠡᠳ ᠪᠠᠢᠭᠰᠠᠨ ᠴᠢᠨᠢ ᠬᠠᠮᠢᠭ᠎ᠠ ᠪᠠᠢᠨ᠎ᠠ?
ᠭᠤᠤᠳᠤᠢ᠄ ᠵᠠ ᠢᠷ᠎ᠡ᠂ᠪᠢ ᠪᠣᠯ ᠮᠤᠤᠳᠤᠢ ᠠ᠋ᠴᠠ ᠴᠤ᠌ ᠢᠯᠡᠭᠦᠦ ᠲᠥᠯᠥᠪᠯᠡᠭᠡ ᠭᠠᠷᠭᠠᠭᠴᠢ᠂ ᠨᠠᠳᠠ ᠨᠢᠭᠡ ᠰᠠᠨᠠᠭ᠎ᠠ ᠪᠠᠢᠨ᠎ᠠ᠃
ᠳᠤᠤᠯᠢᠭᠡᠷ᠄ ᠬᠥᠶᠢ!
ᠳᠡᠭᠳᠡᠯᠡᠢ᠄ ᠵᠠ᠂ ᠶᠠᠭᠤ ᠪᠣᠢ?
ᠳᠤᠤᠯᠢᠭᠡᠷ᠄ᠡᠨᠡ ᠪᠠᠰᠠ ᠬᠠᠮᠢᠭ᠎ᠠ ᠠ᠋ᠴᠠ ᠭᠠᠷᠤᠭᠠᠳ ᠢᠷᠡᠪᠡ?
ᠳᠡᠭᠳᠡᠯᠡᠢ᠄ᠵᠠ᠂ᠨᠠᠪᠲᠠᠭᠠᠷ ᠭᠣᠵᠣᠭᠣᠷ ᠬᠣᠶᠠᠷ ᠨᠡᠢᠯᠡᠴᠢᠬᠡᠭᠡᠳ᠂ᠶᠠᠮᠠᠷ ᠬᠡᠷᠡᠭ ᠲᠠᠷᠢᠬᠤ ᠭᠡᠵᠦ ᠪᠠᠢᠨ᠎ᠠ ᠳᠠ ᠂ ᠠ?
ᠭᠤᠤᠳᠤᠢ᠄ᠴᠢᠮ᠎ᠠ ᠳ᠋ᠤ᠌ ᠬᠠᠮᠢᠶ᠎ᠠ ᠦᠭᠡᠢ ᠮᠡᠳᠡᠪᠡ ᠤᠤ?
ᠳᠤᠤᠯᠢᠭᠡᠷ᠄ᠴᠢ ᠯᠡ ᠬᠡᠷᠡᠭ ᠲᠠᠷᠢᠵᠤ ᠶᠠᠪᠤᠳᠠᠭ ᠪᠠᠢᠬ᠎ᠠ᠂ᠬᠠᠷᠢᠨ ᠪᠢᠳᠡ ᠬᠣᠶᠠᠷ ᠪᠣᠯ᠂ᠬᠠᠲᠤᠨ ᠵᠥᠭᠡᠢ ᠶ᠋ᠢ ᠠᠭᠠᠯᠵᠢᠨ ᠤ᠋ ᠰᠠᠪᠠᠷ ᠠ᠋ᠴᠠ ᠠᠪᠤᠷᠠᠬᠤ ᠭᠡᠵᠦ ᠪᠠᠢᠭ᠎ᠠ ᠶᠤᠮ᠃
ᠭᠤᠤᠳᠤᠢ᠄ᠪᠠᠢᠵᠤ ᠪᠠᠢ᠂ ᠴᠢᠮᠡᠭᠡ ᠦᠭᠡᠢ ᠲᠡᠭᠦᠨ ᠳ᠋ᠦ᠍ ᠪᠢᠲᠡᠭᠡᠢ ᠬᠡᠯᠡ᠃
ᠳᠡᠭᠳᠡᠯᠡᠢ᠄ ᠠ ᠬᠠ᠂ ᠢᠩᠭᠢᠵᠦ ᠪᠠᠢᠭ᠎ᠠ ᠶᠤᠮ ᠪᠣᠢ᠂ᠨᠠᠳᠠ ᠳ᠋ᠤ᠌ ᠬᠠᠮᠢᠶ᠎ᠠ ᠦᠭᠡᠢ ᠴᠦ᠍ ᠠᠷᠪᠠᠯᠵᠢ ᠳᠡᠭᠳᠡᠯᠡᠢ ᠬᠣᠶᠠᠭᠤᠯᠠᠬᠠᠨ ᠢ᠋ᠶ᠋ᠠᠨ ᠬᠠᠮᠢᠶ᠎ᠠ ᠲᠠᠢ ᠯᠠ ᠵᠢᠷᠤᠭ ᠪᠠᠢᠨ᠎ᠠ ᠳᠠ᠃
ᠭᠤᠤᠳᠤᠢ᠄ ᠵᠠ ᠳᠤᠤᠯᠢᠭᠡᠷ ᠠ᠋᠂ ᠪᠣᠯᠵᠤ ᠪᠠᠢᠨ᠎ᠠ ᠰᠢᠦ᠂ ᠠᠬᠢᠭᠠᠳ ᠵᠢᠭᠠᠬᠠᠨ ᠳᠣᠷᠣᠭᠰᠢᠯᠠ᠂ ᠬᠥᠶᠢ ᠠᠭᠠᠵᠢᠭᠤᠬᠠᠨ ᠯᠠ ᠳᠠ᠃ ᠬᠠᠲᠤᠨ ᠵᠥᠭᠡᠢ᠄ ᠪᠣᠯᠭᠣᠮᠵᠢ ᠲᠠᠢ᠂᠃
ᠭᠤᠤᠳᠤᠢ᠄ ᠠᠭᠠᠵᠢᠭᠤᠬᠠᠨ ᠭᠡᠳ ᠪᠠᠢᠬᠤ ᠳ᠋ᠤ᠌᠃
ᠳᠤᠤᠯᠢᠭᠡᠷ᠄ᠪᠢᠲᠡᠭᠡᠢ ᠬᠠᠰᠬᠢᠷᠤᠭᠠᠳ ᠪᠠᠢ ᠯᠠ ᠳᠠ᠃
ᠭᠤᠤᠳᠤᠢ᠄ ᠵᠠ ᠵᠠ᠂ ᠳᠠᠬᠢᠭᠠᠳ ᠨᠢᠭᠡ ᠵᠢᠭᠠᠬᠠᠨ ᠳᠣᠭᠣᠭᠰᠢᠯᠠᠴᠢᠬᠠ᠃
ᠠᠬᠢᠭᠠᠳ ᠵᠢᠭᠠᠬᠠᠨ ᠳᠣᠭᠣᠭᠰᠢ ᠪᠠᠨ᠃
ᠳᠡᠭᠳᠡᠯᠡᠢ᠄ᠨᠠᠳᠠ ᠳ᠋ᠤ᠌ ᠬᠠᠮᠢᠶ᠎ᠠ ᠦᠭᠡᠢ ᠭᠡᠳ ᠪᠠᠢᠯ᠎ᠠ ᠤᠤ? ᠠ ᠮᠠᠢ᠃
ᠬᠠᠲᠤᠨ ᠵᠥᠭᠡᠢ᠄ᠪᠣᠯᠭᠣᠮᠵᠢᠯᠠ ᠪᠣᠯᠭᠣᠮᠵᠢᠯᠠ᠂ᠬᠡᠦᠬᠡᠳ ᠦ᠋ᠳ ᠠ᠋ ᠪᠣᠯᠭᠣᠮᠵᠢ ᠲᠠᠢ᠃
ᠳᠡᠭᠳᠡᠯᠡᠢ᠄ ᠬᠡ ᠬᠠ ᠬᠠ᠂᠁ ᠤᠷ᠎ᠠ᠂ ᠤᠨᠠᠴᠢᠬᠠᠯ᠎ᠠ᠃
ᠭᠤᠤᠳᠤᠢ ᠳᠤᠤᠯᠢᠭᠡᠷ ᠬᠣᠶᠠᠷ ᠢ᠋ ᠰᠠᠢᠬᠠᠨ ᠴᠢᠳᠠᠯ᠎ᠠ ᠳᠠ᠃
ᠪᠤᠤᠪᠠ᠄ᠥᠨᠥᠳᠥᠷ ᠴᠦ᠍ ᠪᠢᠳᠡ ᠶᠡᠬᠡ ᠣᠯᠵᠠ ᠲᠠᠢ ᠪᠠᠢᠨ᠎ᠠ ᠰᠢᠦ ᠠ!
ᠳᠤᠤᠯᠢᠭᠡᠷ᠄ ᠳᠡᠭᠳᠡᠯᠡᠢ ᠶ᠋ᠢᠨ ᠬᠣᠭᠣᠯᠠ ᠨᠢ ᠪᠣᠯᠤᠮᠠᠷ ᠦᠭᠡᠢ ᠪᠠᠢᠨ᠎ᠠ ᠠ᠋᠂ᠪᠢ ᠭᠣᠶᠣ ᠡᠷᠪᠡᠬᠡᠢ ᠪᠣᠯᠬᠤ ᠶᠣᠰᠣᠲᠠᠢ᠂ᠪᠢ ᠭᠣᠶᠣ ᠡᠷᠪᠡᠬᠡᠢ ᠪᠣᠯᠬᠤ ᠶᠣᠰᠣᠲᠠᠢ᠃
ᠭᠦᠷᠡᠯᠵᠡᠭᠡᠨ᠎ᠡ᠄ ᠨᠠᠢᠵᠠ ᠨᠤᠭᠤᠳ ᠴᠢᠨᠢ ᠪᠦᠷ ᠯᠡ ᠲᠣᠣᠷ ᠲᠤ᠌ ᠣᠷᠣᠴᠢᠬᠠᠭᠠᠳ ᠪᠠᠢᠬᠤ ᠳ᠋ᠤ᠌ ᠲᠠ ᠬᠣᠶᠠᠷ ᠨᠠᠭᠠᠳᠴᠤ ᠲᠦᠢᠳᠴᠦ ᠲᠣᠭᠯᠠᠵᠤ ᠪᠠᠢᠬᠤ ᠭᠡᠵᠢ᠃
ᠵᠢᠵᠢ᠄ ᠨᠠᠢᠵᠠ ᠨᠤᠭᠤᠳ ᠠ᠋?
ᠮᠤᠤᠳᠤᠢ᠄ ᠦ᠂ ᠲᠡᠭᠡᠵᠦ ᠯᠡ ᠲᠠᠭᠠᠷᠠᠨ᠎ᠠ.᠂ᠲᠡᠷᠡ ᠬᠣᠶᠠᠷ ᠲᠥᠯᠥᠪᠯᠡᠭᠡ ᠦᠭᠡᠢ ᠣᠴᠢᠭᠠᠳ ᠯᠠ ᠤᠷᠠᠬ᠎ᠠ ᠲᠣᠣᠷ ᠲᠤ᠌ ᠨᠢ ᠣᠷᠣᠴᠢᠬᠠᠵᠠᠢ᠃
ᠵᠢᠵᠢ᠄ ᠶᠠᠭᠤ ᠭᠡᠨ᠎ᠡ? ᠬᠠ ᠬᠥᠭᠡᠷᠦᠬᠦᠢ ᠭᠤᠤᠳᠤᠢ ᠳᠤᠤᠯᠢᠭᠡᠷ ᠬᠣᠶᠠᠷ ᠣᠳᠣ ᠶᠠᠭᠠᠬᠢᠨ᠎ᠠ?
ᠮᠤᠤᠳᠤᠢ᠄ ᠨᠠᠳᠠ ᠬᠣᠪᠣᠷᠳᠠᠬᠤ ᠦᠭᠡᠢ᠂ ᠠᠭᠤᠷ ᠢ᠋ᠶ᠋ᠠᠨ ᠪᠤᠴᠠᠭ᠎ᠠ᠂ ᠠᠭᠠᠯᠵᠢᠨ ᠤ᠋ ᠰᠢᠯᠦᠰᠦᠨ ᠳᠡᠭᠡᠷ᠎ᠡ ᠠᠪᠠᠷᠢᠭᠠᠳ ᠯᠠ᠂ ᠳᠡᠭᠡᠷ᠎ᠡ ᠨᠢ ᠳᠠᠮᠵᠢᠭᠠᠳ ᠯᠠ ᠲᠡᠳᠡᠨ ᠢ᠋ ᠰᠤᠯᠠᠯᠠᠴᠢᠬᠠᠨᠠ᠃
ᠭᠦᠷᠡᠯᠵᠡᠭᠡᠨ᠎ᠡ᠄ᠲᠠ ᠬᠣᠶᠠᠷ ᠠᠴᠢᠶ᠎ᠠ ᠵᠥᠭᠡᠭᠡᠵᠦ ᠲᠡᠪᠡᠳᠡᠵᠦ ᠪᠠᠢᠭᠠᠳ᠂ ᠠᠭᠠᠯᠵᠢᠨ ᠳ᠋ᠤ᠌ ᠪᠠᠷᠢᠭᠳᠠᠨ᠎ᠠ ᠰᠢᠦ ᠳᠡ᠃ᠡᠭᠦᠨ ᠦ᠌ ᠣᠷᠣᠨ ᠳ᠋ᠤ᠌ ᠠᠷᠠᠢ ᠥᠭᠡᠷ᠎ᠡ ᠠᠷᠭ᠎ᠠ ᠬᠡᠷᠡᠭᠯᠡᠭᠰᠡᠨ ᠨᠢ ᠳᠡᠭᠡᠷ᠎ᠡ ᠦᠭᠡᠢ ᠤᠤ? ᠠᠭᠠᠯᠵᠢ ᠲᠣᠣᠷ ᠦᠭᠡᠢ ᠪᠣᠯ ᠶᠠᠭᠤ ᠴᠤ᠌ ᠬᠢᠵᠦ ᠴᠢᠳᠠᠬᠤ ᠦᠭᠡᠢ᠃ ᠲᠡᠭᠦᠨ ᠡᠴᠡ ᠰᠠᠢᠨ ᠪᠠᠢᠬᠤ ᠠ᠋᠃
ᠮᠤᠤᠳᠤᠢ᠄ᠶᠠᠭᠤᠮ᠎ᠠ ᠶ᠋ᠢ ᠭᠠᠭᠴᠠ ᠨᠢᠭᠡ ᠨᠢᠭᠡ ᠪᠡᠷ ᠨᠢ ᠵᠥᠭᠡᠭᠡᠵᠦ ᠪᠠᠢᠲᠠᠯ᠎ᠠ ᠠᠷᠪᠠᠯᠵᠢ ᠢᠷᠡᠭᠡᠳ ᠪᠠᠷᠢᠭᠠᠳ ᠠᠪᠴᠤ ᠮᠡᠳᠡᠬᠦ ᠯᠡ ᠶᠦ᠍ᠮ᠃ᠲᠡᠭᠡᠬᠦ ᠪᠡᠷ ᠶᠠᠭᠠᠬᠢᠭᠰᠠᠨ ᠨᠢ ᠳᠡᠭᠡᠷ᠎ᠡ ᠤᠤ? ᠵᠠ ᠪᠠᠢᠵᠠ᠂ ᠵᠢᠵᠢ ᠶᠠᠪᠤᠵᠠᠭᠠᠶ᠎ᠠ᠂ ᠨᠠᠳᠠ ᠭᠣᠶᠣ ᠨᠢᠭᠡ ᠲᠥᠯᠥᠪᠯᠡᠭᠡ ᠣᠷᠣᠭᠠᠳ ᠢᠷᠡᠯ᠎ᠡ᠂ ᠶᠠᠪᠤᠶ᠎ᠠ᠃
ᠵᠢᠵᠢ᠄ ᠬᠠ ᠶᠠᠮᠠᠷ ᠭᠣᠶᠣ ᠪᠣᠢ! ᠵᠠ ᠲᠡᠭᠡᠶ᠎ᠡ ᠲᠡᠭᠡᠶ᠎ᠡ ᠶᠠᠪᠤᠶ᠎ᠠ ᠶᠠᠪᠤᠶ᠎ᠠ᠃
ᠳᠤᠤᠯᠢᠭᠡᠷ᠄ ᠳᠡᠭᠳᠡᠯᠡᠢ ᠶ᠋ᠢᠨ ᠬᠣᠭᠣᠯᠠ ᠪᠣᠯᠤᠮᠠᠷ ᠦᠭᠡᠢ ᠪᠠᠢᠨ᠎ᠠ᠂ᠪᠢ ᠭᠣᠶᠣ ᠡᠷᠪᠡᠬᠡᠢ ᠪᠣᠯᠬᠤ ᠶᠣᠰᠣᠲᠠᠢ᠃ᠪᠢ ᠮᠡᠳᠡᠭᠡᠳ ᠪᠠᠢᠭᠰᠠᠨ ᠶᠤᠮ ᠠ᠋᠃
ᠭᠤᠤᠳᠤᠢ᠄ ᠳᠤᠤᠯᠢᠭᠡᠷ ᠠ᠋᠂ᠴᠢ ᠤᠬᠢᠯᠠ᠂ ᠰᠠᠢᠨ ᠤᠬᠢᠯᠠ᠃ ᠴᠢᠩᠭᠠᠬᠠᠨ ᠰᠢᠭ᠋ ᠤᠬᠢᠯᠠᠭᠠᠳ ᠪᠠᠢ ᠂ ᠵᠠ ᠤᠤ? ᠤᠬᠢᠯᠠᠭᠠᠴᠢ ᠠ᠋᠃
ᠳᠤᠤᠯᠢᠭᠡᠷ᠄ ᠠ᠂ ᠤᠬᠢᠯᠠᠵᠤ ᠶᠠᠭᠠᠬᠢᠬᠤ ᠶᠤᠮ?
ᠭᠤᠳᠤᠢ᠄ᠲᠡᠭᠡᠬᠦ ᠦᠭᠡᠢ ᠪᠣᠯ ᠳᠡᠭᠳᠡᠯᠡᠢ ᠠᠷᠪᠠᠯᠵᠢ ᠬᠣᠶᠠᠷ ᠮᠡᠳᠡᠴᠢᠬᠡᠨ᠎ᠡ ᠰᠢᠳᠡ᠃
ᠳᠤᠤᠯᠢᠭᠡᠷ᠄ ᠠ᠂ ᠵᠠ ᠵᠠ᠁ ᠠ᠋᠁ ᠪᠢ ᠲᠣᠮᠣ ᠭᠠᠩᠭᠠᠩ ᠰᠠᠢᠬᠠᠨ ᠡᠷᠪᠡᠬᠡᠢ ᠪᠣᠯᠤᠮᠠᠷ ᠪᠠᠢᠨ᠎ᠠ᠃
ᠭᠤᠤᠳᠤᠢ᠄ ᠪᠤᠰᠢᠭᠤ ᠰᠠᠢᠨ ᠤᠬᠢᠯᠠ! ᠲᠡᠭᠡᠬᠦ ᠤᠤ?
ᠮᠤᠤᠳᠤᠢ᠄ ᠵᠠ᠂ ᠨᠢᠭᠡ ᠬᠣᠶᠠᠷ ᠤ᠋ᠨ ᠭᠤᠷᠪᠠ᠂ ᠪᠤᠤᠪᠠ ᠪᠤᠤᠪᠠ᠃
ᠮᠤᠤᠳᠤᠢ᠄ ᠪᠤᠤᠪᠠ!
ᠪᠤᠤᠪᠠ᠄ ᠡᠵᠢ ᠠ᠋᠂ ᠶᠠᠭᠤ ᠪᠣᠢ?
ᠮᠤᠤᠳᠤᠢ᠄ ᠳᠠᠬᠢᠭᠠᠳ ᠪᠠᠷᠢᠭᠠᠴᠢ ᠪᠤᠤᠪᠠ᠃
ᠪᠤᠤᠪᠠ᠄ ᠶᠠ ᠶᠠ᠂ ᠡᠵᠢ ᠠ᠋
ᠬᠠᠲᠤᠨ ᠵᠥᠭᠡᠢ᠄ᠬᠡᠦᠬᠡᠳ ᠦ᠋ᠳ ᠮᠢᠨᠢ᠂ᠲᠠ ᠨᠠᠷ ᠤ᠋ᠨ ᠢ᠋ᠶ᠋ᠠᠨ ᠠᠴᠢ ᠪᠠᠷ ᠠᠶᠤᠯ ᠠ᠋ᠴᠠ ᠠᠪᠤᠷᠠᠭᠳᠠᠯᠠ᠃
ᠳᠤᠤᠯᠢᠭᠡᠷ᠄ᠠᠩᠬᠠᠨ ᠠ᠋ᠴᠠ ᠮᠤᠤᠳᠤᠢ ᠶ᠋ᠢᠨ ᠦᠭᠡᠨ ᠳ᠋ᠦ᠍ ᠯᠡ ᠣᠷᠣᠳᠠᠭ ᠪᠠᠢᠵᠠᠢ ᠳᠠ᠃ ᠭᠤᠤᠳᠤᠢ ᠶ᠋ᠢ ᠳᠠᠭᠠᠵᠤ ᠪᠠᠢᠵᠤ ᠪᠠᠯᠠᠷᠠᠬᠤ ᠳᠥᠭᠥᠯ᠎ᠡ᠃
ᠮᠤᠤᠳᠤᠢ᠄ᠨᠠᠢᠵᠠ ᠨᠤᠭᠤᠳ ᠠ᠋᠂ᠦᠨᠡᠨ ᠳ᠋ᠦ᠍ ᠪᠡᠨ ᠡᠨᠡ ᠮᠢᠨᠦ ᠲᠥᠯᠥᠪᠯᠡᠭᠡ ᠪᠠᠢᠭ᠎ᠠ ᠦᠭᠡᠢ ᠶᠦ᠍ᠮ ᠠ᠋᠂ᠤᠬᠠᠭᠠᠨᠲᠤ ᠭᠦᠷᠡᠯᠵᠡᠭᠡᠨ᠎ᠡ ᠯᠡ ᠲᠤᠰᠠᠯᠠᠭᠰᠠᠨ ᠶᠤᠮ᠃
ᠭᠤᠤᠳᠤᠢ᠄ ᠮᠤᠤᠳᠤᠢ ᠴᠢᠨᠦ ᠦᠭᠡᠨ ᠡᠴᠡ ᠵᠥᠷᠢᠭᠰᠡᠨ ᠳ᠋ᠦ᠍ ᠠᠭᠤᠴᠢᠯᠠᠭᠠᠷᠠᠢ ᠨᠠᠮ᠎ᠠ ᠶ᠋ᠢ᠃
ᠮᠤᠤᠳᠤᠢ᠄ ᠨᠠᠮ᠎ᠠ ᠶ᠋ᠢ ᠴᠦ᠍ ᠭᠡᠰᠡᠨ ᠠᠭᠤᠴᠢᠯᠠᠭᠠᠷᠠᠢ᠃
ᠪᠤᠤᠪᠠ᠄ ᠡᠵᠢ ᠠ᠋! ᠠ᠋
ᠠᠭᠠᠯᠵᠢ᠄ᠪᠢ ᠴᠢᠮ᠎ᠠ ᠶ᠋ᠢ ᠲᠣᠣᠷ ᠢ᠋ᠶ᠋ᠠᠨ ᠨᠤᠮᠤ ᠪᠠᠷ ᠨᠢ ᠲᠡᠳᠡ ᠭᠡᠵᠦ ᠵᠥᠩᠳᠡᠭᠡᠨ ᠬᠡᠯᠡᠭᠰᠡᠨ ᠰᠢᠦ ᠳᠡ᠃
ᠳᠠᠭᠤᠤ ᠶ᠋ᠢᠨ ᠦᠭᠡ
ᠠᠯᠲᠠᠨ ᠨᠠᠮᠤᠷ ᠤ᠋ᠨ ᠭᠡᠭᠡᠨ ᠥᠷᠯᠥᠭᠡ
ᠠᠮᠢᠲᠠᠨ ᠪᠦᠬᠦᠨ ᠡᠷᠲᠡᠯᠡᠨ ᠰᠡᠷᠡᠯ᠎ᠡ
ᠮᠥᠩᠬᠡ ᠨᠣᠭᠣᠭᠠᠨ ᠭᠠᠴᠤᠷ᠎ᠠ ᠪᠥᠵᠢᠭᠯᠡᠭᠡᠳ
ᠮᠥᠷᠡᠨ ᠭᠣᠣᠯ ᠨᠢ ᠬᠥᠭᠵᠢᠮ ᠢ᠋ᠶ᠋ᠡᠨ ᠲᠣᠭᠯᠠᠭᠠᠳ
ᠨᠠᠢᠵᠠ ᠨᠤᠭᠤᠳ ᠠ᠋ ᠬᠦᠷᠦᠭᠡᠳ ᠢᠷᠡᠭᠡᠷᠡᠢ
ᠨᠠᠳᠠ ᠲᠠᠢ ᠬᠠᠮᠲᠤ ᠳ᠋ᠤ᠌ ᠪᠠᠨ ᠳᠠᠭᠤᠯᠠᠭᠠᠷᠠᠢ
ᠪᠠᠢᠭᠠᠯᠢ ᠳᠡᠯᠡᠬᠡᠢ ᠶ᠋ᠢᠨ ᠨᠠᠢᠵᠠ ᠨᠢ ᠪᠣᠯᠤᠭᠰᠠᠨ
ᠪᠠᠭᠠᠴᠤᠳ ᠪᠢᠳᠡ ᠨᠠᠷ ᠦᠨᠡᠬᠡᠷ ᠠᠵᠠ ᠲᠠᠢ
ᠬᠠᠲᠠᠵᠤ ᠭᠤᠨᠳᠠᠭᠰᠠᠨ ᠬᠥᠭᠡᠷᠦᠬᠦᠨ ᠴᠡᠴᠡᠭ ᠢ᠋
ᠪᠢᠴᠢᠬᠠᠨ ᠭᠠᠷ ᠢ᠋ᠶ᠋ᠠᠷ ᠡᠪᠡᠢᠯᠡᠵᠦ ᠬᠠᠢᠷᠠᠯᠠᠭᠠᠷᠠᠢ
ᠣᠳᠣᠳ ᠭᠢᠯᠠᠯᠵᠠᠵᠤ ᠴᠡᠯᠡᠭᠡᠷ ᠲᠡᠭᠷᠢ ᠶ᠋ᠢ
ᠣᠯᠠᠨ ᠨᠠᠢᠵᠠ ᠨᠤᠭᠤᠳ ᠦᠵᠡᠭᠡᠳ ᠰᠢᠷᠳᠡᠭᠡᠳ
ᠨᠠᠢᠵᠠ ᠨᠤᠭᠤᠳ ᠠ᠋ ᠬᠦᠷᠦᠭᠡᠳ ᠢᠷᠡᠭᠡᠷᠡᠢ
ᠨᠠᠳᠠ ᠲᠠᠢ ᠬᠠᠮᠲᠤ ᠳ᠋ᠤ᠌ ᠪᠠᠨ ᠳᠠᠭᠤᠯᠠᠭᠠᠷᠠᠢ
ᠪᠠᠢᠭᠠᠯᠢ ᠳᠡᠯᠡᠬᠡᠢ ᠶ᠋ᠢᠨ ᠨᠠᠢᠵᠠ ᠨᠢ ᠪᠣᠯᠤᠭᠰᠠᠨ
ᠪᠠᠭᠠᠴᠤᠳ ᠪᠢᠳᠡ ᠨᠠᠷ ᠦᠨᠡᠬᠡᠷ ᠠᠵᠠ ᠲᠠᠢ᠃
ᠦᠰᠦᠭ ᠢ᠋ ᠨᠢ ᠾᠦᠩ ᠸᠧᠢ ᠠᠮᠢᠯᠠᠭᠤᠯᠵᠤ᠂ ᠬᠥᠳᠡᠯᠭᠡᠭᠡᠨᠲᠦ ᠵᠢᠷᠤᠭ ᠲᠤ᠌ ᠨᠢ ᠬᠠᠳᠠᠪᠠ᠂ ᠱᠤᠳᠤᠷᠭᠤ᠂ ᠮᠥᠴᠢᠷ ᠬᠢᠨᠠᠪᠠ ᠃
