ᠬᠣᠷᠴᠢᠨ ᠤᠷᠠᠯᠢᠭ ᠬᠣᠯᠪᠣᠭ᠎ᠠ ᠶᠢᠨ ᠳᠠᠭᠠᠷᠢᠯᠴᠠᠭ᠎ᠠ Хорчин урлаг холбоогийн дайралцаа ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠴᠢᠨ ᠤᠷᠠᠯᠢᠭ ᠬᠣᠯᠪᠣᠭ᠎ᠠ ᠶᠢᠨ ᠳᠠᠭᠠᠷᠢᠯᠴᠠᠭ᠎ᠠ Хорчин урлаг холбоогийн дайралцаа

ᠬᠣᠷᠴᠢᠨ ᠤᠷᠠᠯᠢᠭ ᠬᠣᠯᠪᠣᠭ᠎ᠠ ᠶᠢᠨ ᠳᠠᠭᠠᠷᠢᠯᠴᠠᠭ᠎ᠠ Хорчин урлаг холбоогийн дайралцаа

2023-02-07

569

ᠬᠣᠷᠴᠢᠨ ᠤᠷᠠᠯᠢᠭ ᠬᠣᠯᠪᠣᠭ᠎ᠠ ᠶᠢᠨ ᠳᠠᠭᠠᠷᠢᠯᠴᠠᠭ᠎ᠠ

ᠰᠥᠬᠡᠭ ᠊ᠤᠨ ᠲᠠᠤᠯᠠᠢ ᠴᠢᠨᠢ ᠡᠯᠳᠡᠩ ᠭᠡᠵᠦ ᠰᠦᠬᠡ  ᠪᠡᠨ ᠰᠤᠶ᠋ᠢᠷᠠᠭᠠᠳ ᠢᠷᠡᠯ᠎ᠡ ᠬᠦ᠋

ᠰᠤᠷᠤᠭᠰᠠᠨ ᠬᠣᠯᠪᠣᠭ᠎ᠠ ᠴᠢᠨᠢ ᠣᠯᠠᠨ ᠭᠡᠵᠦ ᠬᠣᠯᠪᠣᠭ᠎ᠠ ᠪᠤᠯᠢᠶᠠᠯᠲᠤᠬᠤ ᠪᠠᠷ ᠢᠷᠡᠵᠡᠢ ᠪᠢ
ᠵᠣ᠋ ᠵᠢᠨ ᠲᠠᠤᠯᠠᠢ ᠴᠢᠨᠢ ᠣᠯᠠᠨ ᠭᠡᠵᠦ ᠪᠢᠯᠠᠭᠤ  ᠪᠠᠨ ᠰᠤᠶ᠋ᠢᠷᠠᠭᠠᠳ ᠢᠷᠡᠯ᠎ᠡ ᠪᠢ
ᠪᠡᠯᠡᠳᠬᠡᠭᠰᠡᠨ ᠬᠣᠯᠪᠣᠭ᠎ᠠ ᠴᠢᠨᠢ ᠣᠯᠠᠨ ᠭᠡᠵᠦ ᠬᠣᠯᠪᠣᠭ᠎ᠠ ᠪᠤᠯᠢᠶᠠᠯᠲᠤᠬᠤ ᠪᠠᠷ ᠢᠷᠡᠯ᠎ᠡ ᠪᠢ
ᠵᠸ ᠬᠦᠢ  ᠦᠨᠡᠬᠡᠷ ᠵᠢᠠᠨ ᠲᠡᠶ᠋ᠢᠮᠦ ᠊ᠦᠦ ᠳ᠋ᠠ
ᠰᠦᠮ᠎ᠡ ᠵᠢᠨ ᠬᠡᠷᠡᠮ ᠵᠢᠠᠨ ᠴᠣᠬᠢᠨ᠎ᠠ ᠭᠡᠵᠦ ᠰᠦᠬᠡ ᠪᠡᠨ ᠬᠡᠳᠦᠢ ᠪᠡᠯᠡᠳᠪᠡ
ᠰᠥᠨᠢ ᠳᠤᠮᠳᠠ ᠪᠣᠯᠲᠠᠯ᠎ᠠ ᠪᠤᠯᠢᠶᠠᠯᠴᠠᠨ᠎ᠠ ᠭᠡᠵᠦ ᠬᠣᠯᠪᠣᠭ᠎ᠠ ᠬᠡᠳᠦᠢ ᠪᠡᠯᠡᠳᠪᠡ᠃
ᠯᠠᠮᠠ ᠵᠢᠨ ᠬᠡᠷᠡᠮ ᠵᠢᠡᠨ ᠴᠣᠬᠢᠨ᠎ᠠ ᠭᠡᠵᠦ ᠯᠠᠨᠲᠤᠤ ᠬᠡᠳᠦᠢ ᠪᠡᠯᠡᠳᠪᠡ᠂
ᠨᠠᠷᠠ ᠭᠠᠷᠲᠠᠯ᠎ᠠ ᠪᠤᠯᠢᠶᠠᠯᠴᠠᠨ᠎ᠠ ᠭᠡᠵᠦ ᠬᠣᠯᠪᠣᠭ᠎ᠠ ᠬᠡᠳᠦᠢ ᠪᠡᠯᠡᠳᠪᠡ᠃
ᠴᠣᠬᠣᠷ ᠮᠣᠷᠢ ᠴᠢᠨᠢ ᠴᠢᠳᠥᠷ  ᠲᠡᠢ ᠴᠢᠨᠣ᠎ᠠ ᠶ᠋ᠢ ᠬᠥᠭᠡᠭᠡᠳ ᠭᠦᠢᠴᠡᠨ᠎ᠡ ᠊ᠦᠦ
ᠴᠣᠯᠮᠣᠨ ᠭᠠᠷᠲᠠᠯ᠎ᠠ  ᠬᠡᠯᠡᠯᠴᠡᠪᠡᠴᠦ ᠴᠢᠮ᠎ᠠ  ᠴᠢᠩ ᠬᠠᠢ ᠳ᠋ᠤ᠌ ᠳᠡᠶ᠋ᠢᠯᠦᠭᠳᠡᠨ᠎ᠡ ᠊ᠦᠦ
ᠦᠷᠢᠶ᠎ᠡ ᠮᠣᠷᠢ ᠴᠢᠨᠢ ᠥᠷᠥᠭᠡᠯ  ᠲᠡᠢ ᠦᠨᠡᠭᠡ  ᠶ᠋ᠢ ᠬᠥᠭᠡᠭᠡᠳ ᠭᠦᠢᠴᠡᠨ᠎ᠡ ᠊ᠦᠦ
ᠦᠷ ᠴᠠᠶ᠋ᠢᠲᠠᠯ᠎ᠠ ᠬᠡᠯᠡᠯᠴᠡᠪᠡᠴᠦ ᠴᠢᠮ᠎ᠠ ᠴᠢᠩ ᠬᠠᠢ ᠳ᠋ᠤ᠌ ᠳᠡᠶ᠋ᠢᠯᠦᠭᠳᠡᠨ᠎ᠡ ᠊ᠦᠦ
ᠵᠸ ᠬᠦᠢ ᠦᠨᠡᠬᠡᠷ ᠵᠢᠠᠨ ᠲᠡᠶ᠋ᠢᠮᠦ ᠊ᠦᠦ ᠳ᠋ᠠ
ᠰᠡᠭᠦᠯ ᠦᠭᠡᠢ ᠪᠦᠲᠦᠨ᠎ᠡ ᠴᠢᠨᠢ ᠰᠦᠮ᠎ᠡ ᠵᠢᠨ ᠵᠢᠠᠨ ᠤᠷᠢᠲᠠᠢ ᠵᠢᠷ ᠵᠢᠷ ᠡ
ᠰᠡᠭᠦᠵᠢ  ᠪᠡᠨ ᠴᠢᠷᠦᠭᠰᠡᠨ ᠴᠢᠬᠢᠶᠠᠲᠤᠷᠤᠤ ᠴᠢ ᠳᠡᠭᠦᠦ ᠵᠢᠨ ᠵᠢᠡᠨ ᠤᠷᠢᠲᠠᠢ ᠵᠢᠷ ᠵᠢᠷ ᠡ
ᠦᠮᠡᠬᠡᠢ ᠰᠢᠪᠠᠷ ᠊ᠤᠨ ᠮᠡᠯᠡᠬᠡᠢ ᠴᠢᠨᠢ ᠰᠢᠩᠭᠡᠨ ᠰᠢᠪᠠᠷ  ᠲᠤ᠌  ᠪᠠᠨ ᠭᠤᠸᠠᠷ ᠭᠤᠸᠠᠷ ᠡ
ᠴᠢᠮ᠎ᠠ ᠳ᠋ᠤ᠌ ᠠᠳᠠᠯᠢ ᠴᠢᠬᠢᠶᠡᠲᠦᠷᠦᠦ ᠴᠢ ᠮᠢᠨᠦᠬᠢ ᠪᠡᠨ ᠤᠷᠢᠲᠠᠢ ᠭᠤᠸᠠᠷ ᠭᠤᠸᠠᠷ ᠡ
ᠪᠢᠷᠠᠭᠤᠨ ᠪᠤᠬ᠎ᠠ ᠪᠠᠨ ᠬᠥᠯᠦᠭᠡᠳ ᠬᠦ᠋ ᠪᠤᠷᠴᠠᠭ ᠵᠢᠠᠨ ᠬᠡᠳᠦᠢ ᠲᠠᠷᠢᠪᠠ ᠳ᠋ᠠ
ᠪᠣᠷᠪᠢ ᠰᠢᠯᠪᠢ  ᠪᠡᠨ ᠴᠢᠷᠦᠭᠡᠳ ᠬᠣᠯᠪᠣᠭ᠎ᠠ ᠬᠡᠳᠦᠢ ᠰᠤᠷᠪᠠ ᠡ᠃
ᠰᠢᠳᠦᠯᠡᠩ ᠦᠬᠡᠷ ᠵᠢᠡᠨ ᠬᠥᠯᠦᠭᠡᠳ ᠬᠦ᠋ ᠰᠢᠰᠢ ᠬᠡᠳᠦᠢ ᠲᠠᠷᠢᠪᠠ ᠳ᠋ᠠ
ᠰᠢᠯᠦᠰᠦ ᠨᠢᠰᠦ  ᠪᠡᠨ ᠭᠣᠭᠣᠵᠢᠭᠤᠯᠤᠭᠠᠳ ᠬᠣᠯᠪᠣᠭ᠎ᠠ ᠬᠡᠳᠦᠢ ᠰᠤᠷᠪᠠ ᠡ᠃
ᠵᠸ ᠬᠦᠢ ᠦᠨᠡᠬᠡᠷ ᠵᠢᠠᠨ ᠲᠡᠶ᠋ᠢᠮᠦ ᠊ᠦᠦ ᠳ᠋ᠠ
ᠢᠰᠡᠭᠡᠢ ᠶᠤᠭᠡᠨ ᠬᠠᠶᠠᠵᠤ ᠥᠭᠭᠦᠶ᠎ᠡ᠂ ᠡᠲᠯᠡᠬᠦ  ᠶ᠋ᠢ ᠴᠢᠨᠢ ᠦᠵᠡᠶ᠎ᠡ
ᠡᠷᠡᠦ ᠲᠠᠢ ᠴᠢᠨᠢ ᠴᠢᠩᠭᠠᠭᠠᠶ᠎ᠡ
ᠲᠤᠤᠭᠠᠷᠬᠤ ᠵᠢ ᠴᠢᠨᠢ ᠦᠵᠡᠶ᠎ᠡ
ᠵᠠᠩᠭᠤᠤ᠎ᠶᠤᠭᠠᠨ ᠬᠠᠶᠠᠵᠤ ᠥᠭᠭᠦᠶ᠎ᠡ᠂ ᠵᠠᠵᠢᠯᠬᠤ ᠶ᠋ᠢ ᠴᠢᠨᠢ ᠦᠵᠡᠶ᠎ᠡ
ᠵᠠᠪᠠᠵᠢ ᠵᠢᠨ ᠠᠷᠠᠰᠤ  ᠶ᠋ᠢ ᠨᠢ ᠴᠢᠩᠭᠠᠭᠠᠶ᠎ᠡ ᠳᠤᠤᠭᠠᠷᠬᠤ  ᠶ᠋ᠢ ᠴᠢᠨᠢ ᠦᠵᠡᠶ᠎ᠡ᠃
ᠲᠤᠬᠤᠢ ᠴᠢᠨᠡᠭᠡ ᠤᠰᠤᠨ ᠎ᠳᠤ ᠬᠦ᠋
ᠲᠣᠬᠣᠮ ᠨᠣᠷᠭᠠᠵᠤ ᠦᠵᠡᠭᠡᠳᠦᠢ᠂
ᠲᠣᠭᠯᠠᠭᠠᠳ ᠢᠷᠡᠭᠰᠡᠨ ᠳᠠᠭᠤᠴᠢᠨ ᠳ᠋ᠤ᠌ ᠬᠦᠢ ᠬᠣᠯᠪᠣᠭ᠎ᠠ ᠠᠪᠲᠠᠵᠤ ᠦᠵᠡᠭᠡᠳᠦᠢ᠃
ᠡᠪᠦᠳᠦᠭ ᠴᠢᠨᠡᠭᠡ ᠤᠰᠤᠨ  ᠳ᠋ᠤ᠌ ᠬᠦᠢ ᠡᠮᠡᠭᠡᠯ  ᠢᠶᠠᠨ ᠨᠣᠷᠭᠠᠵᠤ ᠦᠵᠡᠭᠡᠳᠦᠢ᠃
ᠡᠷᠢᠭᠡᠳ ᠢᠷᠡᠭᠰᠡᠨ ᠳᠠᠭᠤᠴᠢᠨ ᠳ᠋ᠤ᠌ ᠬᠦᠢ ᠳᠠᠭᠤᠤ ᠠᠪᠲᠠᠵᠤ ᠦᠵᠡᠭᠡᠳᠦᠢ᠃ 

ᠵᠸ ᠬᠦᠢ ᠦᠨᠡᠬᠡᠷ ᠵᠢᠠᠨ ᠲᠡᠶ᠋ᠢᠮᠦ ᠊ᠦᠦ ᠳ᠋ᠠ
ᠪᠢᠯᠵᠤᠤᠬᠠᠢ ᠶ᠋ᠢᠨ ᠮᠢᠬᠠᠨ ᠳ᠋ᠤ᠌ ᠪᠠᠨ ᠪᠤᠳᠤᠤ ᠬᠠᠮᠢᠭ᠎ᠠ ᠨᠢ ᠬᠡᠷᠡᠭᠯᠡᠶ᠎ᠡ
ᠴᠢᠮ᠎ᠠ ᠳ᠋ᠤ᠌ ᠥᠭᠡᠷ᠎ᠡ ᠦᠭᠡᠢ ᠬᠣᠯᠪᠣᠭᠠᠴᠢᠨ ᠳ᠋ᠤ᠌ ᠰᠢᠯᠦᠭ ᠬᠠᠮᠢᠭ᠎ᠠ ᠨᠢ ᠬᠡᠷᠡᠭᠯᠡᠶ᠎ᠡ
ᠴᠠᠷᠴᠠᠬᠠᠢ ᠵᠢᠨ ᠮᠢᠬᠠᠨ ᠳ᠋ᠤ᠌ ᠰᠢᠨᠳᠤᠤ ᠬᠠᠮᠢᠭ᠎ᠠ ᠨᠢ ᠬᠡᠷᠡᠭᠯᠡᠶ᠎ᠡ
ᠴᠢᠮ᠎ᠠ ᠳ᠋ᠤ᠌ ᠥᠭᠡᠷ᠎ᠡ ᠦᠭᠡᠢ ᠬᠣᠯᠪᠣᠭᠠᠴᠢᠨ ᠳ᠋ᠤ᠌ ᠰᠢᠯᠦᠭ ᠶ᠋ᠢᠡᠨ ᠬᠠᠮᠢᠭ᠎ᠠ ᠨᠢ ᠬᠡᠷᠡᠭᠯᠡᠶ᠎ᠡ
ᠠᠯᠠᠭᠳᠠᠭ᠎ᠠ ᠵᠢᠨ ᠨᠦᠬᠡ ᠴᠢᠨᠢ ᠬᠦᠢ ᠠᠷᠪᠠᠨ ᠰᠠᠯᠠᠭ᠎ᠠ ᠪᠠᠶ᠋ᠢᠨ᠎ᠠ ᠊ᠦᠦ ᠳ᠋ᠠ
ᠠᠩᠭ᠎ᠠ ᠴᠢᠨᠦ ᠴᠡᠭᠡᠵᠢᠨ ᠳ᠋ᠦ᠍ ᠠᠷᠪᠠᠨ ᠬᠣᠯᠪᠣᠭ᠎ᠠ ᠪᠠᠶ᠋ᠢᠨ᠎ᠠ ᠊ᠦᠦ ᠳ᠋ᠠ
ᠵᠤᠷᠠᠮ᠎ᠠ ᠵᠠᠷᠠᠭ᠎ᠠ ᠵᠢᠨ ᠨᠦᠬᠡ ᠴᠢᠨᠢ ᠬᠦᠢ ᠵᠢᠷᠭᠤᠭᠠᠨ ᠰᠠᠯᠠᠭ᠎ᠠ ᠪᠠᠶ᠋ᠢᠨ᠎ᠠ ᠊ᠦᠦ ᠳ᠋ᠠ
ᠵᠤᠯᠵᠠᠭᠠᠨ ᠴᠢᠨᠦ ᠴᠡᠭᠡᠵᠢᠨ ᠳ᠋ᠦ᠍ ᠬᠦᠢ ᠵᠢᠷᠭᠤᠭᠠᠨ ᠬᠣᠯᠪᠣᠭ᠎ᠠ ᠪᠠᠶ᠋ᠢᠨ᠎ᠠ ᠊ᠦᠦ ᠳ᠋ᠠ
ᠵᠸ ᠬᠦᠢ ᠦᠨᠡᠬᠡᠷ ᠵᠢᠠᠨ ᠲᠡᠶ᠋ᠢᠮᠦ ᠊ᠦᠦ ᠳ᠋ᠠ
ᠪᠠᠷᠠᠭᠤᠨ ᠭᠣᠣᠯ ᠊ᠤᠨ ᠬᠥᠪᠡᠭᠡᠨ ᠳᠡᠭᠡᠷ᠎ᠡ ᠪᠠᠷᠰ ᠊ᠢ ᠰᠢᠭᠠᠵᠤ ᠠᠯᠠᠭᠰᠠᠨ ᠨᠢ ᠮᠢᠨᠦ ᠪᠡᠶ᠎ᠡ
ᠪᠠᠲᠠᠭᠠᠨ᠎ᠠ ᠪᠣᠯᠤᠨ ᠢᠯᠠᠭᠠᠨ ᠳ᠋ᠤ᠌ ᠪᠡᠨ ᠪᠠᠩᠭᠤᠤ ᠣᠷᠣᠭᠤᠯᠤᠭᠰᠠᠨ ᠨᠢ ᠴᠢᠨᠦ ᠪᠡᠶ᠎ᠡ
ᠵᠡᠭᠦᠨ ᠭᠣᠣᠯ ᠊ᠤᠨ ᠬᠥᠪᠡᠭᠦᠨ ᠳᠡᠭᠡᠷ᠎ᠡ ᠵᠡᠭᠡᠲᠦᠦ ᠣᠷᠣᠭᠤᠯᠤᠭᠰᠠᠨ ᠨᠢ ᠴᠢᠨᠦ ᠪᠡᠶ᠎ᠡ
ᠵᠥᠭᠡᠢ ᠪᠣᠯᠤᠨ ᠢᠯᠠᠭᠠᠨ ᠳ᠋ᠤ᠌ ᠪᠠᠨ ᠵᠡᠭᠡᠲᠦᠦ ᠣᠷᠣᠭᠤᠯᠤᠭᠰᠠᠨ ᠨᠢ ᠴᠢᠨᠦ ᠪᠡᠶ᠎ᠡ᠃