ᠳᠠᠭᠠᠷᠢᠯᠴᠠᠭ᠎ᠠ-ᠵᠠ ᠣᠳᠣ ᠬᠥᠭᠡᠷᠬᠦ ᠨᠢ ᠳᠡ ! ᠡ ᠬᠡ ᠬᠡ-ᠵᠢᠷᠭᠠᠯ ᠤᠨ ᠡᠷᠳᠡᠨᠢᠳᠠᠯᠠᠢ᠂ ᠪᠢᠮᠪᠠᠰᠦ᠋ᠬᠡ ᠶᠢᠨ ᠣᠳᠣᠨᠭᠡᠷᠡᠯЖаа од хөөрөх нь да ! өө гэ гэ-Дайралцаа-Жаргалын Эрдэнэдалай, Бямбасүхийн Одонгэрэл ᠦᠯᠢᠭᠡᠷ ᠬᠣᠯᠪᠣᠭ᠎ᠠ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠠᠷᠢᠯᠴᠠᠭ᠎ᠠ-ᠵᠠ ᠣᠳᠣ ᠬᠥᠭᠡᠷᠬᠦ ᠨᠢ ᠳᠡ ! ᠡ ᠬᠡ ᠬᠡ-ᠵᠢᠷᠭᠠᠯ ᠤᠨ ᠡᠷᠳᠡᠨᠢᠳᠠᠯᠠᠢ᠂ ᠪᠢᠮᠪᠠᠰᠦ᠋ᠬᠡ ᠶᠢᠨ ᠣᠳᠣᠨᠭᠡᠷᠡᠯЖаа од хөөрөх нь да ! өө гэ гэ-Дайралцаа-Жаргалын Эрдэнэдалай, Бямбасүхийн Одонгэрэл

ᠳᠠᠭᠠᠷᠢᠯᠴᠠᠭ᠎ᠠ-ᠵᠠ ᠣᠳᠣ ᠬᠥᠭᠡᠷᠬᠦ ᠨᠢ ᠳᠡ ! ᠡ ᠬᠡ ᠬᠡ-ᠵᠢᠷᠭᠠᠯ ᠤᠨ ᠡᠷᠳᠡᠨᠢᠳᠠᠯᠠᠢ᠂ ᠪᠢᠮᠪᠠᠰᠦ᠋ᠬᠡ ᠶᠢᠨ ᠣᠳᠣᠨᠭᠡᠷᠡᠯЖаа од хөөрөх нь да ! өө гэ гэ-Дайралцаа-Жаргалын Эрдэнэдалай, Бямбасүхийн Одонгэрэл

2023-02-06

1047

ᠳᠠᠭᠠᠷᠢᠯᠴᠠᠭ᠎ᠠ-ᠵᠠ ᠣᠳᠣ ᠬᠥᠭᠡᠷᠬᠦ ᠨᠢ ᠳᠡ ! ᠡ ᠬᠡ ᠬᠡ

ᠵᠠ —
ᠨᠢᠳᠦᠨ ᠳ᠋ᠦ᠍ ᠪᠡᠨ ᠭᠠᠯ ᠲᠠᠢ
ᠨᠢᠭᠤᠷ ᠲᠤ᠌ ᠪᠠᠨ ᠴᠣᠭ ᠲᠠᠢ
ᠬᠡᠨ ᠭᠡᠭᠴᠢ ᠬᠡᠨ ᠦ᠌ ᠬᠦᠦ ᠪᠣᠢ ?
ᠬᠡᠳᠦ ᠨᠤᠲᠤᠭ ᠬᠠᠮᠢᠭ᠎ᠠ ?
ᠬᠡᠷᠡᠭ ᠵᠣᠷᠢᠭ ᠶᠠᠭᠤᠨ ᠳ᠋ᠤ᠌ ᠪᠣᠢ ?
ᠵᠠ —
ᠳᠣᠷᠣᠭᠣ ᠪᠠᠨᠳᠢ   ᠶ᠋ᠢᠨ ᠤᠳᠤᠮ ᠂
ᠲᠣᠭᠣᠰ ᠱᠦᠯᠲᠦᠮ   ᠦ᠋ᠨ ᠵᠢᠭᠡ
ᠰᠡᠴᠡᠨ ᠬᠠᠨ ᠠᠶ᠋ᠢᠮᠠᠭ ᠤ᠋ᠨ ᠵᠦᠮᠪᠦᠷ ᠠᠭᠤᠯᠠ ᠶ᠋ᠢᠨ
ᠰᠦᠮᠪᠦᠷᠠᠠᠭᠤᠯᠠ ᠭᠡᠭᠴᠢ ᠪᠢ ᠪᠠᠶ᠋ᠢᠨ᠎ᠠ ᠃
ᠠᠨᠳᠠ ᠶ᠋ᠢᠨ ᠠᠯᠳᠠᠷ ᠊ᠢ ᠰᠣᠨᠣᠰᠤᠶ᠎ᠠ !
ᠵᠠ —
ᠴᠠᠰᠤᠲᠤ ᠠᠯᠲᠠᠢ ᠪᠠᠷ ᠨᠤᠲᠤᠭ ᠲᠠᠢ
ᠴᠠᠬᠢᠭᠤᠷ ᠲᠡᠮᠦᠷ ᠦ᠋ᠨ ᠤᠳᠤᠮ ᠲᠠᠢ
ᠵᠠᠰᠠᠭᠲᠤ ᠬᠠᠨ ᠠᠶ᠋ᠢᠮᠠᠭ ᠤ᠋ᠨ ᠴᠠᠰᠤᠲᠤ ᠠᠭᠤᠯᠠ ᠶ᠋ᠢᠨ
ᠴᠠᠭᠠᠨᠪᠠᠷᠰ ᠭᠡᠭᠴᠢ ᠪᠢ ᠪᠠᠶ᠋ᠢᠨ᠎ᠠ ᠃

ᠰᠠᠨᠠᠭ᠎ᠠ ᠪᠣᠳᠣᠯ ᠊ᠢ ᠴᠢᠨᠢ ᠰᠣᠨᠣᠰᠬᠤ ‍ᠤᠤ ?
ᠰᠠᠢᠨ ᠡᠷ᠎ᠡ   ᠶ᠋ᠢᠨ ᠰᠢᠨᠵᠢ ᠲᠡᠢ ᠪᠢᠰᠢ ᠭᠡᠮᠡᠷ ᠬᠦ᠌ !
ᠳᠠᠭᠠᠷᠢᠯᠴᠠᠬᠤ ‍ᠤᠤ ? ᠳᠠᠭᠠᠷᠢᠯᠴᠠᠶ᠎ᠠ !
ᠬᠡᠯᠡᠯᠴᠡᠬᠦ ‍ᠦᠦ ? ᠬᠡᠯᠡᠯᠴᠡᠶ᠎ᠡ !

ᠵᠠ — ᠬᠦᠦ ᠮᠢᠨᠢ ᠲᠡᠶ᠋ᠢᠮᠦ ‍ᠦᠦ ᠳᠡ !
ᠬᠥᠶᠢ ᠂ ᠴᠢ ᠬᠦᠯᠢᠶᠡᠵᠦ ᠪᠠᠢ !
ᠬᠥᠮᠦᠨ ᠦ᠌ ᠬᠡᠯᠡᠬᠦ ᠶ᠋ᠢ ᠰᠣᠨᠣᠰᠴᠤ ᠪᠠᠢ !
ᠠᠢ ᠂ ᠴᠢ ᠠᠶᠠᠳᠠᠵᠤ ᠪᠠᠢ !
ᠠᠬ᠎ᠠ ᠶ᠋ᠢᠨ ᠢ᠋ᠶ᠋ᠡᠨ ᠬᠡᠯᠡᠬᠦ ᠶ᠋ᠢ ᠰᠣᠨᠣᠰᠴᠤ ᠪᠠᠢ !
ᠳᠠᠭᠠᠷᠢᠯᠴᠠᠪᠠᠯ ᠳᠠᠭᠠᠷᠢᠯᠴᠠᠶ᠎ᠠ !
ᠳᠠᠯᠢᠩ ᠬᠥᠭᠡᠷᠭᠡ ᠪᠡᠨ ᠲᠠᠯᠪᠢᠯᠴᠠᠶ᠎ᠠ !
ᠬᠡᠯᠡᠯᠴᠡᠪᠡᠯ ᠬᠡᠯᠡᠯᠴᠡᠶ᠎ᠡ !
ᠬᠡᠲᠡ ᠬᠢᠲᠤᠭ᠎ᠠ ᠪᠠᠨ ᠬᠠᠪᠢᠷᠤᠯᠴᠠᠶ᠎ᠠ !

ᠵᠠ — ᠬᠦᠦ ᠮᠢᠨᠢ ᠲᠡᠶ᠋ᠢᠮᠦ ‍ᠦᠦ ᠳᠡ !
ᠪᠠᠷᠠᠭᠤᠨ ᠭᠣᠣᠯ ᠨᠢ ᠦᠶᠡᠷᠯᠡᠵᠡᠢ
ᠪᠠᠨᠰᠠ ᠪᠠᠷ ᠬᠥᠭᠥᠷᠭᠡ ᠲᠠᠯᠪᠢᠶ᠎ᠠ !
ᠪᠠᠭ᠎ᠠ ᠳᠡᠭᠦᠦ ᠮᠢᠨᠢ ᠢᠷᠡᠭᠰᠡᠨ ᠲᠤᠯᠠ
ᠰᠢᠯᠦᠭ ᠢ᠋ᠶ᠋ᠡᠷ ᠬᠥᠭᠥᠷᠭᠡ ᠲᠠᠯᠪᠢᠶ᠎ᠠ !
ᠵᠡᠭᠦᠨ ᠭᠣᠣᠯ ᠨᠢ ᠦᠶᠡᠷᠯᠡᠵᠡᠢ
ᠵᠦᠩ ᠢ᠋ᠶ᠋ᠡᠷ ᠬᠥᠭᠥᠷᠭᠡ ᠲᠠᠯᠪᠢᠶ᠎ᠠ !
ᠵᠦᠢᠲᠡᠢ ᠳᠡᠭᠦᠦ ᠮᠢᠨᠢ ᠢᠷᠡᠭᠰᠡᠨ ᠲᠤᠯᠠ
ᠰᠢᠯᠦᠭ ᠦ᠋ᠨ ᠬᠥᠭᠥᠷᠭᠡ ᠲᠠᠯᠪᠢᠶ᠎ᠠ !

ᠵᠤᠷᠠᠮ᠎ᠠ ᠶ᠋ᠢᠨ ᠲᠠᠨᠢ ᠨᠦᠬᠡᠨ ᠳ᠋ᠦ᠍ ᠨᠢ
ᠵᠢᠷᠭᠤᠭᠠᠨ ᠰᠠᠯᠠᠭ᠎ᠠ ᠪᠠᠶ᠋ᠢᠨ᠎ᠠ ‍ᠤᠤ ᠳᠠ ?
ᠵᠤᠯᠵᠠᠭᠠᠨ ᠴᠢᠨᠡᠭᠡ ᠴᠡᠭᠡᠵᠢᠨ ᠳ᠋ᠦ᠍ ᠨᠢ
ᠵᠢᠷᠭᠤᠭᠠᠨ ᠰᠢᠯᠦᠭ ᠪᠠᠶ᠋ᠢᠨ᠎ᠠ ‍ᠤᠤ ᠳᠠ ?
ᠠᠯᠠᠭᠳᠠᠭ᠎ᠠ ᠶ᠋ᠢᠨ ᠨᠦᠬᠡᠨ ᠳ᠋ᠦ᠍ ᠨᠢ
ᠠᠷᠪᠠᠨ ᠰᠠᠯᠠᠭ᠎ᠠ ᠪᠠᠶ᠋ᠢᠨ᠎ᠠ ‍ᠤᠤ ᠳᠠ ?
ᠠᠲᠤᠭᠠᠷ ᠴᠢᠨᠦ ᠴᠡᠭᠡᠵᠢᠨ ᠳ᠋ᠦ᠍ ᠨᠢ
ᠠᠷᠪᠠᠨ ᠰᠢᠯᠦᠭ ᠪᠠᠶ᠋ᠢᠨ᠎ᠠ ‍ᠤᠤ ᠳᠠ ?

ᠵᠠ — ᠬᠦᠦ ᠮᠢᠨᠢ ᠲᠡᠶ᠋ᠢᠮᠦ ‍ᠦᠦ ᠳᠡ !
ᠰᠠᠷᠠ ᠶ᠋ᠢ ᠬᠠᠷᠪᠤᠭᠠᠳ ᠠᠯᠳᠠᠪᠠᠯ
ᠰᠠᠭᠠᠳᠠᠭ ᠪᠠᠷᠢᠭᠠᠳ ᠶᠠᠭᠤ ᠬᠢᠨ᠎ᠡ ?
ᠴᠢᠮ᠎ᠠ ᠲᠠᠢ ᠬᠡᠯᠡᠯᠴᠡᠭᠡᠳ ᠭᠠᠷᠲᠠᠬᠤ ᠶᠤᠮ ᠪᠣᠯ
ᠰᠢᠯᠦᠭ ᠬᠣᠯᠪᠣᠭᠠᠳ ᠶᠠᠭᠤ ᠬᠢᠨ᠎ᠡ ?
ᠮᠡᠯᠡᠬᠡᠢ ᠬᠠᠷᠪᠤᠭᠠᠳ ᠠᠯᠳᠠᠪᠠᠯ ᠳᠠ
ᠮᠡᠷᠭᠡᠨ ᠳ᠋ᠦ᠍ ᠣᠷᠣᠭᠠᠳ ᠶᠠᠭᠤ ᠬᠢᠨ᠎ᠡ ?
ᠮᠥᠨᠥᠬᠡᠨ ᠴᠢᠮ᠎ᠠ ᠳ᠋ᠤ᠌ ᠭᠠᠷᠲᠠᠪᠠᠯ ᠬᠥ᠋ 
ᠰᠢᠯᠦᠭ ᠬᠣᠯᠪᠣᠭᠠᠳ ᠶᠠᠭᠤ ᠬᠢᠨ᠎ᠡ ?
ᠠᠷᠪᠠᠨ ᠲᠠᠪᠤᠨ ᠤ᠋ ᠰᠠᠷᠠ ᠶ᠋ᠢ ᠨᠢ
ᠠᠷᠤ ᠳᠡᠭᠡᠷ᠎ᠡ ᠭᠠᠷᠲᠠᠯ᠎ᠠ ᠬᠡᠯᠡᠯᠴᠡᠶ᠎ᠡ !
ᠠᠳᠤᠭᠤ ᠦᠬᠡᠷ ᠬᠣᠶᠠᠷ ᠊ᠢ ᠨᠢ
ᠪᠡᠯᠴᠢᠭᠡᠷ ᠲᠦ᠍ ᠭᠠᠷᠲᠠᠯ᠎ᠠ ᠬᠡᠯᠡᠯᠴᠡᠶ᠎ᠡ !
ᠬᠣᠷᠢᠨ ᠲᠠᠪᠤᠨ ᠤ᠋ ᠰᠠᠷᠠ ᠶ᠋ᠢ ᠨᠢ
ᠬᠣᠶ᠋ᠢᠲᠤ ᠳᠡᠭᠡᠷ᠎ᠡ ᠭᠠᠷᠲᠠᠯ᠎ᠠ ᠬᠡᠯᠡᠯᠴᠡᠶ᠎ᠡ !
ᠬᠣᠨᠢ ᠢᠮᠠᠭ᠎ᠠ ᠬᠣᠶᠠᠷ ᠊ᠢ ᠪᠡᠨ
ᠪᠡᠯᠴᠢᠭᠡᠷ ᠲᠦ᠍ ᠭᠠᠷᠲᠠᠯ᠎ᠠ ᠬᠡᠯᠡᠯᠴᠡᠶ᠎ᠡ !

ᠵᠠ — ᠬᠦᠦ ᠮᠢᠨᠢ ᠲᠡᠶ᠋ᠢᠮᠦ ‍ᠦᠦ ᠳᠡ !
ᠭᠦᠨ ᠨᠠᠭᠤᠷ ᠤ᠋ᠨ ᠤᠰᠤᠨ ᠳ᠋ᠤ᠌ ᠨᠢ
ᠭᠥᠯᠢᠮ ᠦ᠋ᠨ ᠦᠵᠦᠭᠦᠷ ᠠᠪᠲᠠᠭ᠎ᠠ ᠦᠭᠡᠢ
ᠭᠦᠶᠦᠭᠡᠳ ᠢᠷᠡᠭᠰᠡᠨ ᠴᠢᠮ᠎ᠠ ᠮᠠᠭᠤ ᠳ᠋ᠤ᠌
ᠰᠢᠯᠦᠭ ᠦ᠋ᠨ ᠦᠵᠦᠭᠦᠷ ᠠᠪᠲᠠᠭ᠎ᠠ ᠦᠭᠡᠢ
ᠲᠣᠬᠣᠢ ᠭᠣᠣᠯ  ᠤ᠋ᠨ ᠤᠰᠤᠨ ᠳ᠋ᠤ᠌ ᠪᠠᠨ
ᠲᠣᠬᠣᠮ ᠤ᠋ᠨ ᠦᠵᠦᠭᠦᠷ ᠠᠪᠲᠠᠭ᠎ᠠ ᠦᠭᠡᠢ
ᠲᠣᠭᠯᠠᠭᠠᠳ ᠢᠷᠡᠭᠰᠡᠨ ᠴᠢᠮ᠎ᠠ ᠮᠠᠭᠤ ᠳ᠋ᠤ᠌
ᠰᠢᠯᠦᠭ ᠦ᠋ᠨ ᠦᠵᠦᠭᠦᠷ ᠠᠪᠲᠠᠭ᠎ᠠ ᠦᠭᠡᠢ

ᠭᠡᠭᠦᠦ ᠮᠣᠷᠢ ᠶ᠋ᠢ ᠤᠨᠤᠭᠠᠳ
ᠬᠥᠪᠡᠭᠡ ᠳᠠᠪᠠᠭᠤᠯᠵᠤ ᠴᠢᠳᠠᠨ᠎ᠠ ‍ᠤᠤ ᠳᠠ ?
ᠭᠦᠵᠡᠭᠡᠨ ᠲᠣᠯᠣᠭᠠᠶ᠋ᠢᠯᠠᠵᠤ ᠢᠷᠡᠴᠢᠬᠡᠭᠡᠳ
ᠨᠠᠳᠠ ᠲᠠᠢ ᠬᠡᠯᠡᠯᠴᠡᠵᠦ ᠴᠢᠳᠠᠨ᠎ᠠ ‍ᠤᠤ ᠳᠠ ?
ᠳᠠᠭᠠᠨ ᠮᠣᠷᠢ ᠶ᠋ᠢ ᠤᠨᠤᠭᠠᠳ ᠴᠢ
ᠳᠠᠪᠠᠭ᠎ᠠ ᠳᠠᠪᠠᠭᠤᠯᠵᠤ ᠴᠢᠳᠠᠨ᠎ᠠ ‍ᠤᠤ ᠳᠠ ?
ᠳᠠᠪᠤᠰᠠᠩ ᠤ᠋ᠨ ᠲᠣᠯᠣᠭᠠᠶ᠋ᠢᠯᠠᠵᠤ ᠢᠷᠡᠴᠢᠬᠡᠭᠡᠳ
ᠨᠠᠳᠠ ᠲᠠᠢ ᠬᠡᠯᠡᠯᠴᠡᠵᠦ ᠴᠢᠳᠠᠨ᠎ᠠ ‍ᠤᠤ ᠳᠠ ?

ᠵᠠ — ᠬᠦᠦ ᠮᠢᠨᠢ ᠲᠡᠶ᠋ᠢᠮᠦ ‍ᠦᠦ ᠳᠡ !
ᠣᠭᠣᠨᠣ ᠭᠦᠶᠦᠭᠡᠳ ᠢᠷᠡᠪᠡᠯ ᠳᠠ
ᠣᠷᠣᠨ ᠊ᠢ ᠨᠢ ᠵᠢᠭᠠᠭᠠᠳ ᠥᠭᠭᠦᠶ᠎ᠡ ᠳᠡ !
ᠣᠷᠣᠣᠯᠠᠩ ᠭᠦᠶᠦᠭᠡᠳ ᠢᠷᠡᠪᠡᠯ ᠳᠠ
ᠴᠢᠮ᠎ᠠ ᠳ᠋ᠤ᠌ ᠵᠢᠭᠠᠭᠠᠳ ᠥᠭᠭᠦᠶ᠎ᠡ ᠳᠡ !
ᠵᠡᠭᠡᠷ᠎ᠡ ᠭᠦᠶᠦᠭᠡᠳ ᠢᠷᠡᠪᠡᠯ ᠳᠠ
ᠵᠢᠮ ᠊ᠢ ᠨᠢ ᠵᠢᠭᠠᠭᠠᠳ ᠥᠭᠭᠦᠶ᠎ᠡ ᠳᠡ !
ᠴᠢᠳᠬᠥᠷ ᠭᠦᠶᠦᠭᠡᠳ ᠢᠷᠡᠪᠡᠯ ᠳᠠ
ᠴᠢᠮ᠎ᠠ ᠳ᠋ᠤ᠌ ᠵᠢᠭᠠᠭᠠᠳ ᠥᠭᠭᠦᠶ᠎ᠡ ᠳᠡ !
ᠳᠡᠭᠡᠭᠦᠷ ᠭᠠᠷᠳᠠᠭ ᠭᠠᠯᠠᠭᠤᠨ ᠳ᠋ᠤ᠌ ᠨᠢ
ᠳᠡᠭᠡᠰᠦ ᠬᠠᠶᠠᠭᠠᠳ ᠬᠦᠷᠦᠨ᠎ᠡ ‍ᠦᠦ ᠳᠡ !
ᠳᠡᠪᠡᠯ ᠢ᠋ᠶ᠋ᠡᠨ ᠳᠠᠭᠠᠭᠠᠬᠤ ᠦᠭᠡᠢ ᠴᠢ ᠮᠠᠭᠤ ᠳ᠋ᠤ᠌
ᠰᠢᠯᠦᠭ ᠬᠠᠶᠠᠭᠠᠳ ᠬᠦᠷᠦᠨ᠎ᠡ ‍ᠦᠦ ᠳᠡ !
ᠤᠷᠳᠤᠭᠤᠷ ᠭᠠᠷᠳᠠᠭ ᠭᠠᠯᠠᠭᠤᠨ ᠳ᠋ᠤ᠌ ᠨᠢ
ᠤᠷᠭ᠎ᠠ ᠬᠠᠶᠠᠭᠠᠳ ᠬᠦᠷᠦᠨ᠎ᠡ ‍ᠦᠦ ᠳᠡ !
ᠤᠭᠤᠴᠠ ᠪᠠᠨ ᠳᠠᠭᠠᠭᠠᠬᠤ ᠦᠭᠡᠢ ᠴᠢᠮ᠎ᠠ ᠮᠠᠭᠤ
ᠨᠠᠳᠠ ᠲᠠᠢ ᠬᠡᠯᠡᠯᠴᠡᠭᠡᠳ ᠭᠠᠷᠤᠨ᠎ᠠ ‍ᠦᠦ ᠳᠡ !

ᠵᠠ — ᠬᠦᠦ ᠮᠢᠨᠢ ᠲᠡᠶ᠋ᠢᠮᠦ ‍ᠦᠦ ᠳᠡ !
ᠡᠷᠢᠶᠡᠨ ᠡᠷᠢᠶᠡᠨ ᠡᠯᠵᠢᠭᠡ ᠴᠢᠨᠢ
ᠡᠮᠡᠭᠡᠯ ᠲᠡᠢ ᠪᠡᠨ ᠮᠡᠨᠳᠦ ‍ᠦᠦ ᠳᠡ ︖
ᠡᠯᠵᠢᠭᠡ ᠰᠠᠭᠠᠳᠠᠭ ᠰᠠᠭᠤᠯᠠᠭ᠎ᠠ ᠴᠢᠨᠢ
ᠢᠷᠣᠭᠠᠷ ᠲᠠᠢ ᠪᠠᠨ ᠮᠡᠨᠳᠦ ‍ᠦᠦ ᠳᠡ ?
ᠨᠣᠭᠣᠭᠠᠨ ᠨᠣᠭᠣᠭᠠᠨ ᠡᠯᠵᠢᠭᠡ ᠴᠢᠨᠢ
ᠨᠣᠭᠲᠣ ᠲᠠᠢ ᠪᠠᠨ ᠮᠡᠨᠳᠦ ‍ᠦᠦ ᠳᠡ ︖
ᠨᠣᠬᠠᠢ ᠰᠠᠭᠠᠳᠠᠭ ᠰᠠᠭᠤᠯᠠᠭ᠎ᠠ ᠴᠢᠨᠢ
ᠢᠷᠣᠭᠠᠷ ᠲᠠᠢ ᠪᠠᠨ ᠮᠡᠨᠳᠦ ‍ᠦᠦ ᠳᠡ ?

ᠵᠠ — ᠬᠦᠦ ᠮᠢᠨᠢ ᠲᠡᠶ᠋ᠢᠮᠦ ‍ᠦᠦ ᠳᠡ !
ᠠᠭᠤᠯᠠᠨ ᠳᠡᠭᠡᠭᠦᠷ ᠶᠠᠪᠤᠳᠠᠭ
ᠤᠯᠠᠭᠠᠨ ᠬᠠᠯᠲᠠᠷ ᠬᠡᠨ ᠦ᠌ ᠬᠢ ᠠ᠋ ?
ᠠᠭᠤᠯᠠᠨ ᠳᠡᠭᠡᠭᠦᠷ ᠶᠠᠪᠤᠳᠠᠭ
ᠤᠯᠠᠭᠠᠨ ᠬᠠᠯᠲᠠᠷ ᠮᠠᠨ ᠤ᠋ ᠬᠢ ᠠ᠋ !
ᠤᠯᠤᠰ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠢᠭ ᠨᠢ ᠬᠡᠨ ᠦ᠌ ᠬᠢ ᠠ᠋ ?
ᠤᠯᠤᠰ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠢᠭ ᠨᠢ ᠲᠠᠨ ᠤ᠋ ᠬᠢ ᠠ᠋ !
ᠬᠠᠳᠠᠨ ᠳᠡᠭᠡᠭᠦᠷ ᠶᠠᠪᠤᠳᠠᠭ
ᠬᠠᠷ᠎ᠠ ᠬᠠᠯᠲᠠᠷ ᠬᠡᠨ ᠦ᠌ ᠬᠢ ᠠ᠋ ?
ᠬᠠᠳᠠᠨ ᠳᠡᠭᠡᠭᠦᠷ ᠶᠠᠪᠤᠳᠠᠭ
ᠬᠠᠷ᠎ᠠ ᠬᠠᠯᠲᠠᠷ ᠮᠠᠨ ᠤ᠋ ᠬᠢ ᠠ᠋ !
ᠬᠠᠮᠤᠭ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠢᠭ ᠨᠢ ᠬᠡᠨ ᠦ᠌ ᠬᠢ ᠠ᠋ ?
ᠬᠠᠮᠤᠭ ᠠ᠋ᠴᠠ ᠲᠦᠷᠦᠭᠦᠦ ᠳᠤᠤᠭᠠᠷᠳᠠᠭ
ᠲᠡᠷᠡ ᠵᠣᠯᠢᠭ ᠨᠢ ᠲᠠᠨ ᠤ᠋ ᠬᠢ ᠠ᠋ !

ᠠᠭᠤᠯᠠᠨ ᠳᠡᠭᠡᠭᠦᠷ ᠶᠠᠪᠤᠳᠠᠭ
ᠤᠯᠠᠭᠠᠨ ᠬᠠᠯᠲᠠᠷ ᠮᠠᠨ ᠤ᠋ ᠬᠢ ᠠ᠋ !

ᠤᠯᠤᠰ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠢᠭ ᠨᠢ ᠲᠠᠨ ᠤ᠋ ᠬᠢ ᠠ᠋ !

ᠬᠠᠳᠠᠨ ᠳᠡᠭᠡᠭᠦᠷ ᠶᠠᠪᠤᠳᠠᠭ
ᠬᠠᠷ᠎ᠠ ᠬᠠᠯᠲᠠᠷ ᠮᠠᠨ ᠤ᠋ ᠬᠢ ᠠ᠋ !

ᠬᠠᠮᠤᠭ ᠠ᠋ᠴᠠ ᠲᠦᠷᠦᠭᠦᠯᠡᠵᠦ ᠳᠤᠤᠭᠠᠷᠳᠠᠭ
ᠲᠡᠷᠡ ᠵᠣᠯᠢᠭ ᠨᠢ ᠲᠠᠨ ᠤ᠋ ᠬᠢ ᠠ᠋ !
ᠲᠠᠨ ᠤ᠋ ᠬᠢ ᠠ᠋
ᠲᠠᠨ ᠤ᠋ ᠬᠢ ᠠ᠋
ᠲᠠᠨ ᠤ᠋ ᠬᠢ ᠠ᠋ —
ᠲᠠᠨ ᠤ᠋ ᠬᠢ !

  ᠦᠰᠦᠭ ᠬᠠᠲᠠᠭᠰᠠᠨ ᠨᠢ ᠄ ᠮᠥᠩᠭᠦᠨᠴᠡᠴᠡᠭ
  ᠦᠰᠦᠭ ᠠᠮᠢᠯᠠᠭᠤᠯᠤᠭᠰᠠᠨ ᠨᠢ ᠄ ᠮᠥᠩᠭᠦᠨᠴᠡᠴᠡᠭ
  ᠬᠢᠨᠠᠭᠴᠢ ᠪᠠᠭᠰᠢ ᠄ ᠬᠠᠪᠤᠷᠵᠢᠶ᠎ᠠ ᠂ ᠮᠥᠴᠢᠷ᠂ ᠢᠷᠡᠭᠡᠳᠦᠢ